ᠡᠷᠳᠡᠨ ᠤ ᠮᠤᠩᠭᠤᠯᠴᠤᠳ ᠤᠨ ᠴᠡᠷᠢᠭ ᠲᠠᠶᠢᠨ ᠤ ᠭᠡᠯᠡᠨ ᠤ ᠲᠠᠮᠵᠢᠭᠤᠯᠭ᠎ᠠ ᠶᠢᠨ ᠲᠤᠬᠠᠢ
ᠨᠡᠶᠢᠲᠡᠯᠡᠭᠰᠡᠨ ᠴᠠᠭ᠄
2018/1/30
     ᠡᠮᠤᠨᠡᠬᠢ ᠦᠬᠡ᠄ ᠣᠷᠳᠤ ᠣᠳᠠᠭᠠᠨ ᠲᠡᠤᠬᠡᠨ ᠶᠠᠪᠤᠴᠠ ᠳᠤ ᠶᠠᠮᠠᠷᠪᠠ ᠨᠢᠬᠡᠨ ᠣᠯᠤᠰ ᠬᠦᠷᠦᠨ ᠪᠤᠯᠤᠬᠰᠠᠨ  ᠴᠤ ᠪᠦᠷ ᠦᠪᠡᠷ ᠤᠨ ᠲᠦᠷᠦ ᠨᠤᠶᠠᠷᠬᠠᠯ ᠢᠶᠠᠨ ᠪᠠᠳᠤ ᠪᠠᠬᠢ᠂ ᠨᠤᠳᠤᠬ ᠲᠡᠪᠢᠰᠬᠡᠷ ᠢᠶᠠᠨ ᠪᠦᠷᠢᠨ ᠪᠦᠳᠦᠨ  ᠪᠠᠶᠢᠯᠭᠠᠬᠤ ᠶᠢᠨ ᠲᠦᠯᠤᠬᠡ ᠶᠠᠩᠵᠤ ᠪᠦᠷᠢ ᠶᠢᠨ ᠨᠤᠶᠠᠷᠬᠠᠯ ᠤᠨ ᠪᠠᠭᠠᠵᠢ ᠬᠡᠷᠡᠭᠰᠡᠯ ᠪᠤᠶᠤ ᠠᠷᠭ᠎ᠠ ᠬᠡᠷᠡᠭᠯᠡᠬᠦᠷ ᠢ  ᠠᠰᠢᠬᠯᠠᠨ ᠬᠡᠷᠡᠭᠯᠡᠳᠡᠭ᠃ ᠡᠬᠦᠨ ᠳᠤ ᠮᠡᠳᠡᠭᠡ ᠵᠠᠩᠬᠢ ᠶᠢᠨ ᠲᠠᠮᠵᠢᠭᠤᠯᠭ᠎ᠠ ᠶᠢᠨ ᠰᠢᠰᠲ᠋ᠧᠮ ᠨᠢ ᠠᠯᠢᠪᠠ ᠲᠦᠷᠦ  ᠬᠦᠷᠦᠨ ᠤ ᠴᠢᠬᠤᠯᠠ ᠨᠢᠬᠡ ᠣᠷᠭᠠᠨᠢᠬ ᠴᠤᠬᠴᠠ ᠨᠢ ᠪᠠᠶᠢᠵᠤ᠂ ᠣᠯᠤᠰ ᠲᠦᠷᠦ᠂ ᠴᠡᠷᠢᠭ ᠲᠠᠶᠢᠨ᠂ ᠠᠵᠤ ᠠᠬᠤᠢ᠂  ᠰᠤᠶᠤᠯ ᠪᠤᠯᠪᠠᠰᠤᠨ ᠵᠡᠷᠬᠡ ᠣᠯᠠᠨ ᠬᠦᠷᠢᠶ᠎ᠡ ᠬᠡᠪᠴᠢᠶᠡᠨ ᠳᠤ ᠴᠦᠮ ᠲᠦᠢᠯ ᠤᠨ ᠴᠢᠬᠤᠯᠠ ᠦᠢᠯᠡᠳᠤᠯ  ᠪᠠᠳᠠᠷᠠᠭᠤᠯᠳᠠᠬ ᠪᠤᠯᠬᠤᠷ ᠶᠠᠮᠠᠷᠪᠠ ᠨᠡᠶᠢᠬᠡᠮ ᠤᠨ ᠪᠠᠶᠢᠭᠤᠯᠤᠯ ᠬᠡᠰᠡᠨ ᠦᠬᠡᠢ᠂ ᠠᠯᠢ ᠨᠢᠬᠡᠨ ᠲᠦᠷᠦ ᠶᠢᠨ  ᠨᠤᠶᠠᠷᠬᠠᠯ ᠳᠤ ᠴᠤ ᠬᠡᠰᠡᠨ ᠦᠬᠡᠢ ᠪᠦᠷ ᠬᠦᠨᠳᠤ ᠴᠢᠬᠤᠯᠠ ᠪᠠᠶᠢᠷᠢ ᠰᠠᠭᠤᠷᠢ ᠲᠠᠢ ᠪᠦᠬᠡᠳ ᠠᠰᠤᠷᠤ ᠶᠡᠭᠡ ᠨᠦᠯᠤᠬᠡ  ᠲᠤᠰᠬᠠᠯ ᠭᠠᠷᠭᠠᠵᠤ ᠪᠠᠶᠢᠬᠰᠠᠨ ᠨᠢ ᠲᠠᠮᠵᠢᠬ ᠦᠬᠡᠢ ᠶᠤᠮ᠃ ᠲᠤᠤᠷ᠎ᠠ ᠡᠷᠳᠡᠨ ᠤ ᠮᠤᠩᠭᠤᠯᠴᠤᠳ ᠤᠨ ᠴᠡᠷᠢᠭ  ᠲᠠᠶᠢᠨ ᠤ ᠰᠤᠷᠠᠬ ᠵᠠᠩᠬᠢ ᠶᠢᠨ ᠲᠠᠮᠵᠢᠭᠤᠯᠭ᠎ᠠ ᠶᠢᠨ ᠨᠢᠬᠡ ᠪᠤᠯᠬᠤ ᠬᠡᠯᠡᠨ ᠤ ᠲᠠᠮᠵᠢᠭᠤᠯᠭ᠎ᠠ ᠶᠢ ᠲᠠᠨᠢᠯᠴᠠᠭᠤᠯᠤᠶ᠎ᠠ᠃        ᠴᠡᠷᠢᠭ ᠲᠠᠶᠢᠨ ᠤ ᠬᠡᠯᠡᠨ ᠤ ᠲᠠᠮᠵᠢᠭᠤᠯᠭ᠎ᠠ ᠬᠡᠪᠡᠯ ᠲᠠᠷᠤᠢ ᠦᠬᠡ ᠬᠡᠯᠡ ᠪᠠᠷ ᠠᠴᠢᠶᠠᠯᠠᠬᠴᠢ ᠪᠤᠯᠭᠠᠬᠰᠠᠨ  ᠴᠡᠷᠢᠭ ᠲᠠᠶᠢᠨ ᠤ ᠰᠤᠷᠠᠬ ᠵᠠᠩᠬᠢ ᠶᠢᠨ ᠲᠠᠮᠵᠢᠭᠤᠯᠭ᠎ᠠ ᠶᠢ ᠬᠡᠯᠡᠨ᠎ᠡ᠃ ᠲᠤᠬᠠᠢ ᠶᠢᠨ ᠦᠶ᠎ᠡ ᠳᠤ ᠦᠷᠳᠡᠬᠡᠨ  ᠲᠠᠮᠵᠢᠭᠤᠯᠭ᠎ᠠ ᠨᠢ ᠬᠠᠮᠤᠬ ᠤᠨ ᠭᠤᠤᠯ ᠪᠤᠯᠬᠤ ᠬᠡᠯᠡᠨ ᠤ ᠲᠠᠮᠵᠢᠭᠤᠯᠭ᠎ᠠ ᠶᠢᠨ ᠠᠷᠭ᠎ᠠ ᠬᠡᠯᠪᠡᠷᠢ ᠪᠠᠶᠢᠵᠠᠢ᠃  ᠦᠷᠳᠡᠬᠡᠨ ᠵᠠᠮ ᠨᠢ ᠴᠢᠬᠤᠯᠠ ᠨᠢᠬᠡ ᠵᠦᠢᠯ ᠤᠨ ᠮᠡᠳᠡᠭᠡ ᠵᠠᠩᠬᠢ ᠶᠢᠨ ᠲᠠᠮᠵᠢᠭᠤᠯᠭ᠎ᠠ ᠶᠢᠨ ᠠᠷᠭ᠎ᠠ ᠪᠠᠷᠢᠯ  ᠪᠤᠯᠤᠬᠰᠠᠨ ᠤ ᠬᠤᠪᠢ ᠳᠤ᠂ ᠠᠯᠢ ᠡᠷᠳᠡ ᠴᠦᠨ ᠴᠢᠤ ᠶᠢᠨ ᠦᠶ᠎ᠡ ᠳᠤ ᠦᠷᠳᠡᠭᠡ ᠪᠠᠶᠢᠭᠤᠯᠤᠬᠰᠠᠨ ᠲᠡᠮᠳᠡᠭᠯᠡᠯ ᠲᠠᠢ  ᠶᠤᠮ᠃       ᠴᠢᠩᠬᠢᠰ ᠬᠠᠭᠠᠨ ᠮᠤᠩᠭᠤᠯ ᠠᠶᠢᠮᠠᠬ ᠤᠳ ᠢᠶᠠᠨ ᠨᠢᠬᠡᠳᠬᠡᠨ ᠮᠤᠩᠭᠤᠯ ᠬᠠᠭᠠᠨᠳᠤ ᠣᠯᠤᠰ ᠢ  ᠪᠠᠶᠢᠭᠤᠯᠤᠬᠰᠠᠨ ᠤ ᠲᠠᠷᠠᠭ᠎ᠠ᠂ ᠨᠤᠳᠤᠬ ᠲᠡᠪᠢᠰᠬᠡᠷ ᠢᠶᠠᠨ ᠦᠷᠬᠡᠳᠬᠡᠬᠦ ᠶᠢᠨ ᠲᠦᠯᠤᠬᠡ᠂ ᠣᠷᠳᠤ ᠬᠤᠭᠤᠴᠠᠭ᠎ᠠ ᠪᠠᠷ  ᠭᠠᠳᠠᠬᠰᠢ ᠲᠠᠶᠢᠯᠠᠬᠰᠠᠨ ᠪᠠᠶᠢᠨ᠎ᠠ᠃ ᠨᠤᠳᠤᠬ ᠪᠡᠯᠴᠢᠬᠡᠷ ᠤᠨ ᠦᠷᠬᠡᠵᠢᠨ ᠲᠡᠯᠡᠭᠳᠡᠬᠦ ᠶᠢ ᠲᠠᠭᠠᠯᠳᠤᠨ ᠦᠷᠬᠡᠨ  ᠠᠭᠤᠳᠠᠮ ᠨᠤᠳᠤᠬ ᠲᠡᠪᠢᠰᠬᠡᠷ ᠲᠠᠬᠢ ᠨᠤᠶᠠᠷᠬᠠᠯ ᠢᠶᠠᠨ ᠰᠠᠶᠢᠳᠤᠷ ᠪᠠᠳᠤᠳᠬᠠᠬᠤ ᠬᠢᠬᠡᠳ ᠦᠷᠬᠦᠯᠵᠢᠯᠡᠨ ᠣᠷᠤᠬᠰᠢᠳᠠᠢ  ᠲᠠᠶᠢᠳᠤᠬᠤ ᠳᠤ ᠵᠠᠷᠯᠢᠬ ᠵᠠᠬᠢᠶ᠎ᠠ ᠲᠠᠮᠵᠢᠭᠤᠯᠬᠤ᠂ ᠮᠡᠳᠡᠭᠡ ᠵᠠᠩᠬᠢ ᠨᠡᠪᠳᠡᠷᠡᠯᠴᠡᠬᠦ ᠪᠤᠯᠤᠨ ᠡᠳ᠋ ᠪᠤᠳᠡᠰ  ᠵᠦᠬᠡᠬᠡᠪᠤᠷᠢᠯᠡᠬᠦ ᠦᠷᠳᠡᠭᠡ ᠶᠢ ᠪᠠᠴᠢᠮ ᠱᠠᠭᠠᠷᠳᠠᠬᠤ ᠪᠤᠯᠵᠠᠢ᠃ ᠡᠶᠢᠮᠤ ᠠᠴᠠ ᠴᠢᠩᠬᠢᠰ ᠬᠠᠭᠠᠨ ᠤ ᠦᠷᠳᠡᠭᠡ  ᠪᠠᠶᠢᠭᠤᠯᠤᠬᠰᠠᠨ ᠴᠢᠬᠤᠯᠠ ᠨᠢᠬᠡ ᠵᠤᠷᠢᠯᠭ᠎ᠠ ᠨᠢ ᠪᠤᠯ ᠲᠠᠷᠤᠢ ᠬᠢᠵᠠᠭᠠᠷ ᠣᠷᠤᠨ ᠪᠤᠶᠤ ᠴᠡᠷᠢᠭ ᠲᠠᠶᠢᠨ ᠤ ᠮᠡᠳᠡᠭᠡ  ᠵᠠᠩᠬᠢ ᠶᠢ ᠴᠠᠬ ᠲᠤᠬᠠᠢ ᠳᠤ ᠨᠢ ᠲᠠᠮᠵᠢᠭᠤᠯᠵᠤ ᠬᠦᠷᠬᠡᠬᠦ ᠬᠡᠰᠡᠨ ᠨᠢ ᠢᠯᠡᠷᠬᠡᠢ᠃ ᠮᠤᠩᠭᠤᠯ ᠦᠨᠳᠤᠰᠤᠳᠠᠨ ᠤ  ᠣᠯᠠᠭ᠎ᠠ ᠦᠷᠳᠡᠬᠡᠨ ᠤ ᠲᠠᠮᠵᠢᠭᠤᠯᠭ᠎ᠠ ᠲᠤᠬᠠᠢ ᠶᠢᠨ ᠴᠠᠬ ᠦᠶ᠎ᠡ ᠶᠢᠨ ᠨᠡᠶᠢᠬᠡᠮ ᠠᠬᠤᠢ ᠰᠤᠶᠤᠯ ᠲᠠᠳᠬᠠᠯ ᠠᠴᠠ  ᠪᠤᠯᠵᠤ ᠲᠠᠮᠵᠢᠭᠤᠯᠬᠤ ᠠᠷᠭ᠎ᠠ ᠬᠡᠯᠪᠡᠷᠢ ᠨᠢ ᠴᠤ ᠠᠳᠠᠯᠢ ᠦᠬᠡᠢ ᠪᠠᠶᠢᠬᠰᠠᠨ ᠶᠤᠮ᠃ ᠮᠤᠩᠭᠤᠯ ᠠᠶᠢᠮᠠᠬ ᠠᠩᠬ᠎ᠠ  ᠡᠬᠢᠯᠡᠬᠦ ᠳᠤ ᠪᠠᠨ ᠨᠢᠬᠡᠳᠦᠭᠰᠡᠨ ᠦᠰᠦᠭ ᠪᠢᠴᠢᠭ ᠬᠠᠷᠠᠬᠠᠨ ᠲᠡᠬᠦᠯᠳᠡᠷᠵᠢᠬᠡᠳᠦᠢ ᠪᠠᠶᠢᠬᠰᠠᠨ ᠠᠴᠠ ᠡᠬᠢᠨ ᠳᠤ ᠪᠠᠨ  ᠮᠡᠳᠡᠭᠡ ᠵᠠᠩᠬᠢ ᠶᠢ ᠲᠠᠮᠵᠢᠭᠤᠯᠬᠤ ᠳᠤ ᠣᠯᠠᠩᠬᠢ ᠳᠤ ᠪᠠᠨ ᠲᠠᠮᠵᠢᠭᠤᠯᠬᠤ ᠠᠭᠤᠯᠭ᠎ᠠ ᠪᠠᠨ ᠡᠯᠴᠢ ᠳᠤ ᠲᠠᠭᠤᠤ ᠪᠤᠯᠭᠠᠨ  ᠴᠡᠬᠡᠵᠢᠯᠡᠬᠦᠯᠦᠨ ᠢᠯᠡᠬᠡᠳᠡᠭ ᠪᠠᠶᠢᠵᠠᠢ᠃ ᠵᠢᠱᠢᠶᠡᠯᠡᠪᠡᠯ᠄ ᠴᠢᠩᠬᠢᠰ ᠬᠠᠭᠠᠨ ᠲᠠᠩᠭᠤᠤᠨ ᠢᠷᠬᠡᠨ ᠲᠠᠢ ᠪᠠᠶᠢᠯᠳᠤᠬᠤ ᠳᠤ  ᠡᠯᠴᠢ ᠶᠢ ᠲᠤᠮᠢᠯᠠᠨ ᠲᠠᠭᠤᠤ ᠪᠠᠷᠢᠭᠤᠯᠵᠤ ᠬᠡᠯᠡᠬᠦᠯᠦᠭᠰᠡᠨ᠃ ᠬᠤᠵᠢᠮ ᠨᠢ ᠶᠤᠸᠠᠨ ᠣᠯᠤᠰ ᠤᠨ ᠦᠬᠡᠳᠡᠢ ᠬᠠᠭᠠᠨ ᠤ  ᠨᠤᠶᠠᠷᠬᠠᠯ ᠤᠨ ᠦᠶ᠎ᠡ ᠳᠤ ᠬᠦᠷᠴᠤ ᠢᠷᠡᠬᠦ ᠳᠤ᠂ ᠦᠬᠡᠳᠡᠢ ᠬᠠᠭᠠᠨ ᠦᠷᠳᠡᠭᠡ ᠪᠠᠶᠢᠭᠤᠯᠬᠤ ᠶᠢ ᠲᠦᠢᠯ ᠢᠶᠠᠷ  ᠴᠢᠬᠤᠯᠠᠴᠢᠯᠠᠨ᠂ ᠴᠡᠷᠢᠭ ᠲᠠᠶᠢᠨ ᠤ ᠰᠤᠷᠠᠬ ᠵᠠᠩᠬᠢ ᠶᠢ ᠲᠦᠷᠬᠡᠨ ᠪᠦᠳᠦᠮᠵᠢᠳᠡᠢ ᠲᠠᠮᠵᠢᠭᠤᠯᠵᠤ᠂ ᠣᠯᠤᠰ ᠢᠷᠬᠡᠨ ᠢ  ᠠᠮᠤᠷ ᠪᠤᠯᠭᠠᠵᠤ᠂ ᠡᠯᠴᠢ ᠨᠠᠷ ᠲᠤ ᠲᠦᠬᠦᠮ ᠦᠵᠡᠬᠦᠯᠬᠦ ᠶᠢᠨ ᠲᠦᠯᠤᠬᠡ ᠲᠤᠬᠠᠢ ᠶᠢᠨ ᠦᠶ᠎ᠡ ᠶᠢᠨ ᠮᠤᠩᠭᠤᠯ  ᠲᠦᠷᠪᠡᠨ ᠬᠠᠨᠳᠤ ᠣᠯᠤᠰ ᠤᠨ ᠬᠤᠭᠤᠷᠤᠨᠳᠤ᠂ ᠦᠢᠷᠡᠳ ᠭᠤᠤᠯ ᠤᠨ ᠣᠷᠤᠰᠬᠠᠯ ᠲᠠᠭᠠᠤ ᠬᠠᠷᠠᠬᠤᠷᠠᠮ  ᠬᠤᠳᠠᠨ ᠠᠴᠠ ᠶᠤᠸᠠᠨ ᠣᠯᠤᠰ ᠤᠨ ᠲᠠᠶᠢᠳᠤ ᠬᠤᠳᠠ ᠬᠦᠷᠬᠦ᠂ ᠪᠠᠬᠢᠵᠢᠩ ᠠᠴᠠ ᠴᠠᠭᠠᠳᠠᠢ ᠬᠠᠨᠳᠤ ᠣᠯᠤᠰ ᠢ  ᠲᠠᠭᠠᠷᠢᠨ ᠬᠢᠪᠴᠠᠬ ᠬᠠᠨᠳᠤ ᠣᠯᠤᠰ ᠪᠤᠯᠤᠨ ᠢᠯ ᠬᠠᠨᠳᠤ ᠣᠯᠤᠰ ᠲᠤ ᠬᠦᠷᠬᠦ᠂ ᠠᠽᠢᠶ᠎ᠠ ᠡᠸᠦ᠋ᠷᠤᠫᠠ ᠬᠤᠶᠠᠷ  ᠲᠢᠪ ᠢ ᠬᠤᠯᠪᠤᠬᠰᠠᠨ ᠲᠡᠯᠡᠬᠡᠢ ᠶᠢᠨ ᠦᠷᠳᠡᠬᠡᠨ ᠵᠠᠮ ᠢ ᠵᠠᠰᠠᠬᠰᠠᠨ ᠪᠠᠶᠢᠨ᠎ᠠ᠃ ᠦᠬᠡᠳᠡᠢ ᠬᠠᠭᠠᠨ ᠨᠤᠶᠠᠷᠬᠠᠯ ᠢᠶᠠᠨ  ᠣᠯᠠᠮ ᠨᠢᠬᠡ ᠠᠯᠬᠤᠮ ᠪᠠᠳᠤᠳᠬᠠᠬᠤ ᠶᠢᠨ ᠲᠦᠯᠤᠬᠡ ᠦᠷᠳᠡᠬᠡᠨ ᠨᠤᠶᠠᠳ ᠲᠤ ᠱᠠᠩᠨᠠᠬᠤ ᠲᠡᠷᠬᠡ ᠣᠨᠤᠭ᠎ᠠ᠂ ᠠᠮᠤ  ᠪᠤᠳᠠᠭ᠎ᠠ᠂ ᠠᠳᠤᠭᠤᠰᠤ ᠮᠠᠯ ᠠᠴᠠ ᠶᠠᠯᠠᠯᠠᠬᠤ ᠰᠢᠳᠬᠡᠯ ᠲᠤᠷᠭᠠᠭᠤᠯᠢ ᠳᠤ ᠬᠦᠷᠳᠡᠯ᠎ᠡ ᠨᠠᠷᠢᠨ ᠨᠢᠬᠳᠠ ᠲᠦᠷᠢᠮ  ᠲᠤᠬᠳᠠᠭᠠᠯ ᠬᠠᠤᠯᠢ ᠴᠠᠭᠠᠵᠠ ᠲᠤᠬᠳᠠᠭᠠᠵᠤ᠂ ᠦᠷᠳᠡᠬᠡᠨ ᠠᠵᠢᠯᠯᠠᠭ᠎ᠠ ᠶᠢ ᠲᠦᠷᠢᠮᠵᠢᠬᠦᠯᠦᠨ  ᠰᠢᠰᠲ᠋ᠧᠮᠵᠢᠭᠦᠯᠦᠭᠰᠡᠨ  ᠪᠠᠶᠢᠨ᠎ᠠ᠃ ᠡᠨᠡ ᠦᠶ᠎ᠡ ᠳᠤ ᠦᠰᠦᠭ ᠪᠢᠴᠢᠭ ᠨᠡᠯᠢᠶᠡᠳ ᠲᠡᠬᠦᠯᠳᠡᠷᠵᠢᠨ᠂ ᠦᠷᠳᠡᠭᠡ ᠣᠯᠠᠭ᠎ᠠ ᠶᠢᠨ  ᠰᠢᠰᠲ᠋ᠧᠮ  ᠪᠦᠷᠢᠯᠳᠦᠭᠰᠡᠨ ᠤ ᠲᠠᠷᠠᠭ᠎ᠠ᠂ ᠦᠷᠳᠡᠭᠡ ᠪᠠᠷ ᠲᠠᠮᠵᠢᠨ ᠬᠡᠳᠤᠨ ᠬᠠᠨᠳᠤ ᠣᠯᠤᠰ ᠯᠤᠭ᠎ᠠ ᠮᠡᠳᠡᠭᠡ ᠵᠠᠩᠬᠢ ᠨᠡᠪᠳᠡᠷᠡᠵᠤ  ᠪᠠᠶᠢᠬᠰᠠᠨ ᠢᠶᠠᠷ ᠪᠠᠷᠠᠬᠤ ᠦᠬᠡᠢ᠂ ᠦᠷᠦᠨᠡᠳᠡᠬᠢᠨ ᠤ ᠡᠸᠦ᠋ᠷᠤᠫᠠ ᠲᠢᠪ ᠤᠨ ᠣᠯᠤᠰ ᠲᠠᠢ ᠪᠠᠰᠠ ᠵᠠᠬᠢᠳᠠᠯ ᠴᠢᠮᠡᠭᠡ  ᠨᠡᠪᠳᠡᠷᠡᠵᠤ ᠪᠠᠶᠢᠬᠰᠠᠨ ᠪᠠᠶᠢᠨ᠎ᠠ᠃ ᠬᠤᠪᠢᠯᠠᠢ ᠬᠠᠭᠠᠨ ᠤ ᠦᠶ᠎ᠡ ᠳᠤ ᠡᠯ᠎ᠡ ᠬᠠᠨ ᠣᠯᠤᠰ ᠯᠤᠭ᠎ᠠ ᠶᠢᠨ  ᠬᠤᠭᠤᠷᠤᠨᠳᠠᠬᠢ ᠬᠠᠷᠢᠴᠠᠭ᠎ᠠ ᠬᠤᠯᠪᠤᠭ᠎ᠠ ᠶᠢ ᠴᠢᠩᠭᠠᠳᠬᠠᠨ᠂ ᠶᠡᠭᠡ ᠬᠠᠭᠠᠨ ᠤ ᠵᠠᠰᠠᠬ ᠵᠠᠷᠯᠢᠬ ᠤᠨ ᠰᠠᠭᠠᠳ ᠦᠬᠡᠢ  ᠨᠡᠪᠳᠡᠷᠡᠬᠦ ᠶᠢ ᠪᠠᠳᠤᠯᠠᠬᠤ ᠶᠢᠨ ᠲᠤᠯᠠᠳᠠ ︽ᠨᠡᠶᠢᠳᠡ ᠨᠢᠬᠡ ᠮᠢᠩᠭ᠎ᠠ ᠭᠤᠷᠪᠠᠨ ᠵᠠᠭᠤ ᠶᠡᠷᠡᠨ ᠦᠷᠳᠡᠭᠡ ᠪᠤᠯᠭᠠᠵᠠᠢ᠃ ·  · · ·︾ ᠬᠡᠰᠡᠨ ᠲᠡᠤᠬᠡᠨ ᠲᠡᠮᠳᠡᠭᠯᠡᠯ ᠲᠠᠢ ᠪᠠᠶᠢᠳᠠᠬ᠃       ᠬᠤᠷᠢᠶᠠᠩᠭᠤᠢᠢᠯᠠᠪᠠᠯ᠂ ᠲᠤᠬᠠᠢ ᠶᠢᠨ ᠦᠶ᠎ᠡ ᠶᠢᠨ ᠦᠷᠳᠡᠬᠡᠨ ᠲᠠᠮᠵᠢᠭᠤᠯᠭ᠎ᠠ ᠨᠢ ᠨᠤᠶᠠᠷᠬᠠᠬᠴᠢ ᠠᠩᠬᠢ ᠶᠢᠨ  ᠵᠠᠷᠯᠢᠬ ᠵᠢᠭᠠᠪᠤᠷᠢ ᠲᠠᠮᠵᠢᠭᠤᠯᠵᠤ᠂ ᠦᠷᠤᠨᠡᠳᠠᠬᠢᠨ ᠲᠤᠷᠤᠨᠠᠳᠠᠬᠢᠨ ᠤ ᠡᠯ᠎ᠡ ᠣᠯᠤᠰ ᠦᠨᠳᠤᠰᠤᠳᠠᠨ ᠤ  ᠬᠤᠭᠤᠷᠤᠨᠳᠤᠬᠢ ᠴᠢᠬᠤᠯᠠ ᠪᠦᠬᠦᠢ ᠮᠡᠳᠡᠭᠡ ᠵᠠᠩᠬᠢ ᠶᠢ ᠬᠦᠷᠬᠡᠬᠦ᠂ ᠲᠠᠶᠢᠨ ᠤ ᠹᠷᠤᠨᠲ ᠤᠨ ᠪᠠᠴᠢᠮ ᠮᠡᠳᠡᠭᠡ ᠪᠤᠯᠤᠨ  ᠣᠷᠤᠨ ᠨᠤᠳᠤᠬ ᠬᠢᠯᠢ ᠬᠢᠵᠠᠭᠠᠷ ᠤᠨ ᠪᠠᠶᠢᠳᠠᠯ ᠢ ᠲᠡᠬᠡᠭᠰᠢ ᠮᠡᠳᠡᠬᠦᠯᠬᠦ ᠳᠤ ᠣᠷᠤᠯᠠᠭᠤᠯᠵᠤ ᠪᠤᠯᠤᠰᠢ ᠦᠬᠡᠢ  ᠦᠢᠯᠡᠳᠤᠯ ᠭᠠᠷᠭᠠᠨ᠂ ᠠᠵᠤ ᠠᠬᠤᠢ ᠰᠤᠶᠤᠯ ᠤᠨ ᠰᠤᠯᠢᠯᠴᠠᠭ᠎ᠠ ᠶᠢ ᠶᠡᠬᠡᠳᠡ ᠠᠬᠢᠭᠤᠯᠵᠤ᠂ ᠪᠦᠢᠳᠡ ᠪᠦᠭᠯᠡᠬᠦᠤ  ᠣᠷᠤᠨ ᠢ ᠨᠡᠬᠡᠬᠡᠨ ᠬᠦᠭᠵᠢᠬᠦᠯᠵᠠᠢ᠃ ᠣᠨᠴᠠᠭᠠᠢᠢᠯᠠᠨ ᠲᠠᠶᠢᠨ ᠪᠠᠶᠢᠯᠳᠤᠭᠠᠨ ᠤ ᠢᠯᠠᠯᠳᠠ ᠶᠢ ᠪᠠᠳᠤᠯᠠᠵᠤ᠂ ᠨᠤᠳᠤᠬ  ᠲᠡᠪᠢᠰᠬᠡᠷ ᠢᠶᠠᠨ ᠦᠷᠬᠡᠳᠬᠡᠨ᠂ ᠬᠠᠭᠠᠨᠳᠤ ᠣᠯᠤᠰ ᠤᠨ ᠨᠤᠶᠠᠷᠬᠠᠯ ᠢᠶᠠᠨ ᠪᠠᠳᠤᠳᠬᠠᠬᠤ ᠳᠤ ᠴᠢᠬᠤᠯᠠ ᠦᠢᠯᠡᠳᠤᠯ  ᠦᠵᠡᠬᠦᠯᠵᠤ ᠪᠠᠶᠢᠪᠠ᠃  
 
ᠢᠷᠡᠯᠲᠡ᠄ ᠣᠷᠳᠣᠰ ᠮᠣᠩᠭᠣᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号