ᠶᠤᠸᠠᠨ ᠤᠯᠤᠰ ᠤᠨ ᠦᠶ᠎ᠠ ᠶᠢᠨ ᠠᠯᠳᠠᠷᠳᠤ ᠡᠮᠡᠭᠳᠠᠶᠢᠴᠤᠳ
ᠨᠡᠶᠢᠲᠡᠯᠡᠭᠰᠡᠨ ᠴᠠᠭ᠄
2018/1/30
                                  ᠪᠦᠭᠡ        ᠴᠢᠮᠪᠠᠢ ᠬᠠᠳᠤᠨ — ᠬᠤᠩᠭᠢᠷᠠᠳ ᠠᠶᠢᠮᠠᠭ ᠤᠨ ᠠᠩᠴᠢᠨ ᠨᠤᠶᠠᠨ ᠤ ᠦᠭᠢᠨ᠃ ᠠᠩᠬ᠎ᠠ ᠲᠦᠷᠦᠭᠦᠨ  ᠤᠷᠳᠤᠨ ᠳᠤ ᠤᠷᠤᠬᠤ ᠦᠶ᠎ᠠ ᠳᠤ ᠬᠤᠪᠢᠯᠠᠢ ᠬᠠᠭᠠᠨ ᠤ ᠲᠠᠳᠠᠪᠤᠷᠢ ᠬᠠᠳᠤᠨ ᠪᠠᠶᠢᠵᠤ ᠲᠠᠷᠡ ᠬᠤᠪᠢᠯᠠᠢ ᠬᠠᠭᠠᠨ ᠤ  ᠶᠡᠭᠡ ᠰᠠᠭᠤᠷᠢᠨ ᠢ ᠵᠠᠯᠭᠠᠮᠵᠢᠯᠠᠬᠤ ᠪᠠᠷ ᠵᠢᠱᠢᠭᠳᠡᠭᠰᠡᠨ ᠬᠤᠨᠭ᠌ ᠲᠠᠶᠢᠵᠢ ᠴᠢᠩᠭᠢᠮ᠂ ᠮᠠᠩᠭᠠᠯᠠ᠂ ᠨᠤᠮᠤᠬᠠᠨ ᠵᠡᠷᠭᠡ  ᠭᠤᠷᠪᠠᠨ ᠭᠦᠪᠡᠭᠦᠨ ᠢ ᠲᠦᠷᠦᠵᠠᠢ᠃ 1262 ᠤᠨ ᠳᠤ ᠬᠤᠪᠢᠯᠠᠢ ᠬᠠᠭᠠᠨ ᠤ ᠭᠤᠤᠯ ᠤᠷᠳᠤᠨ ᠤ ᠬᠠᠳᠤᠨ ᠪᠤᠯᠵᠤ  ᠲᠠᠭᠦᠨ ᠲᠠᠢ ᠬᠠᠮᠳᠤ ᠲᠦᠷᠦ ᠶᠢᠨ ᠭᠡᠷᠡᠭ ᠢ ᠬᠠᠮᠳᠤ ᠪᠠᠷ ᠰᠢᠳᠭᠡᠭᠦ ᠪᠤᠯᠵᠠᠢ᠃       ᠭᠦᠭᠦᠵᠢᠨ ᠬᠠᠳᠤᠨ — ᠬᠤᠩᠭᠢᠷᠠᠳ ᠠᠶᠢᠮᠠᠭ ᠤᠨ ᠭᠦᠮᠦᠨ᠃ ᠨᠢᠭᠡᠨ ᠡᠳᠤᠷ ᠬᠤᠪᠢᠯᠠᠢ ᠬᠠᠭᠠᠨ  ᠠᠪᠠ ᠳᠤ ᠭᠠᠷᠤᠭᠠᠳ ᠶᠡᠭᠡ ᠤᠮᠳᠠᠭᠠᠰᠤᠭᠠᠳ ᠠᠶᠢᠯ ᠡᠷᠢᠵᠤ ᠪᠠᠶᠢᠳᠠᠯ᠎ᠠ ᠭᠡᠭᠦᠤ ᠰᠠᠭᠠᠭᠴᠢ ᠦᠭᠢᠨ ᠲᠠᠢ ᠤᠴᠠᠷᠠᠵᠤ  ᠴᠡᠭᠡ ᠤᠤᠭᠤᠬᠤ ᠭᠡᠵᠤ ᠭᠤᠶᠤᠬᠤ ᠳᠤ᠄ ︽ᠪᠢ ᠭᠠᠭᠴᠠᠭᠠᠷ ᠪᠠᠶᠢᠨ᠎ᠠ ᠠᠪᠤ ᠡᠵᠢ ᠢᠷᠡᠭᠡᠳ ᠪᠤᠯᠤᠭ︾ ᠭᠡᠪᠡ᠃  ᠬᠤᠪᠢᠯᠠᠢ ᠬᠠᠭᠠᠨ ᠶᠠᠪᠤᠬᠤ ᠭᠡᠭᠦ ᠳᠤ ︽ᠪᠢ  ᠠᠳᠡ ᠭᠠᠭᠴᠠᠭᠠᠷ ᠪᠠᠶᠢᠨ᠎ᠠ᠂ ᠴᠢ ᠭᠠᠭᠴᠠᠭᠠᠷ ᠢᠷᠡᠭᠡᠳ ᠶᠠᠪᠤᠪᠠᠯ  ᠭᠦᠮᠦᠨ ᠦᠵᠡᠭᠦ ᠳᠤ ᠮᠠᠭᠤᠬᠠᠢ ᠪᠤᠯᠤᠨ᠎ᠠ᠂ ᠠᠪᠤ ᠡᠵᠢ ᠤᠳᠠᠬᠤ ᠦᠭᠡᠢ ᠢᠷᠡᠨ᠎ᠠ︾ ᠭᠡᠪᠡ᠃ ᠠᠪᠤ ᠡᠵᠢ ᠨᠢ  ᠢᠷᠡᠭᠡᠳ ᠴᠡᠭᠡ ᠤᠯᠵᠤ ᠤᠤᠭᠤᠪᠠ᠃ ᠰᠠᠭᠦᠯᠠᠷ ᠨᠢ ᠬᠤᠪᠢᠯᠠᠢ ᠬᠠᠭᠠᠨ ᠬᠤᠨᠭ᠌ ᠲᠠᠶᠢᠵᠢ ᠴᠢᠩᠭᠢᠮ ᠳᠤ ᠪᠠᠨ ᠬᠠᠳᠤᠨ  ᠪᠤᠯᠭᠠᠨ ᠭᠦᠳᠡᠯᠮᠤᠷᠢᠴᠢᠨ ᠠᠷᠠᠳ ᠤᠨ ᠭᠠᠷᠤᠯ ᠲᠠᠢ ᠭᠦᠮᠦᠨ ᠢᠶᠠᠷ ᠭᠦᠤ ᠪᠠᠷᠢ ᠪᠤᠯᠭᠠᠵᠤ ᠭᠦᠭᠦᠵᠢᠨ ᠬᠠᠳᠤᠨ ᠭᠡᠵᠤ  ᠲᠠᠭᠤᠳᠠᠵᠠᠢ᠃       ᠠᠶᠠᠷᠤᠭ ᠬᠠᠳᠤᠨ — ᠭᠢᠷᠠᠳ ᠠᠶᠢᠮᠠᠭ ᠤᠨ ᠪᠤᠷᠵᠢᠭᠢᠳ ᠤᠪᠤᠭᠳᠠᠨ᠃ ᠲᠠᠷᠡ ᠪᠤᠯ ᠦᠭᠡᠳᠠᠢ ᠬᠠᠭᠠᠨ ᠤ  ᠤᠮᠪᠤᠯᠤ ᠭᠦᠪᠡᠭᠦᠨ ᠬᠠᠶᠢᠳᠤ ᠶᠢᠨ ᠦᠭᠢᠨ᠂ ᠡᠷᠡᠯᠭᠡᠭ ᠪᠠᠭᠠᠳᠤᠷ᠂ ᠦᠵᠡᠰᠭᠦᠯᠠᠩ ᠭᠦᠮᠤᠨ ᠠᠴᠠ ᠲᠠᠪᠠᠵᠤ ᠲᠠᠶᠢᠨ  ᠪᠠᠶᠢᠯᠳᠤᠭᠠᠨ ᠳᠤ ᠶᠡᠭᠡ ᠭᠠᠪᠢᠶ᠎ᠠ ᠤᠯᠠᠨ ᠪᠠᠶᠢᠭᠤᠯᠵᠠᠢ᠃ ᠲᠠᠷᠡ ᠡᠴᠢᠭᠡ ᠶᠢᠨ ᠵᠦᠪᠰᠢᠶᠡᠷᠡᠯ ᠢᠶᠠᠷ ᠭᠦᠷᠭᠡᠨ  ᠰᠤᠩᠭᠤᠬᠤ ᠳᠠᠭᠠᠨ᠄ ︽ᠲᠠᠯᠠᠭᠡᠢ ᠳ᠋ᠡᠭᠢᠨ ᠳᠤᠷ ᠭᠡᠨ ᠨᠠᠳᠠᠳᠠᠢ ᠪᠠᠷᠢᠯᠳᠤᠨ ᠦᠵᠡᠯᠴᠡᠭᠡᠳ ᠬᠠᠶᠠᠵᠤ ᠲᠠᠶᠢᠯᠪᠠᠯ ᠪᠢ  ᠳᠤᠷᠠᠳᠠᠶ᠎ᠠ ᠲᠠᠭᠦᠨ ᠤ ᠭᠡᠷᠭᠡᠢ ᠪᠤᠯᠤᠨ᠎ᠠ᠂ ᠭᠡᠷᠪᠡ ᠲᠠᠶᠢᠯᠦᠭᠳᠡᠪᠡᠯ ᠵᠠᠭᠤᠨ ᠠᠭᠳᠠ ᠪᠠᠷ ᠳᠤᠷᠭᠠᠨ᠎ᠠ︾ ᠭᠡᠵᠠᠢ᠃  ᠢᠡᠭᠭᠢᠭᠡᠳ ᠤᠯᠠᠨ ᠤᠯᠤᠰ ᠭᠦᠷᠤᠨ ᠠᠴᠠ ᠰᠠᠶᠢᠨ ᠰᠠᠶᠢᠨ ᠡᠷᠡᠰ ᠰᠠᠶᠢᠬᠠᠨ ᠰᠠᠶᠢᠬᠠᠨ ᠵᠠᠯᠠᠭᠤᠴᠤᠳ ᠢᠷᠡᠭᠡᠳ ᠪᠦᠷ  ᠠᠭᠳᠠ ᠪᠠᠨ ᠦᠭᠭᠦᠭᠡᠳ ᠶᠠᠪᠤᠭᠰᠠᠨ ᠭᠡᠨ᠎ᠠ᠃ ᠰᠠᠭᠦᠯᠠᠷ ᠨᠢ ᠬᠠᠶᠠᠬᠤ ᠭᠦᠮᠦᠨ ᠦᠭᠡᠢ ᠳᠤᠯᠠ ᠨᠢᠭᠡᠨ ᠡᠭᠡᠯ ᠵᠢᠷ ᠤᠨ  ᠮᠤᠷᠢᠳᠤ ᠴᠡᠷᠢᠭ ᠤᠨ ᠪᠠᠶᠢᠯᠳᠤᠭᠴᠢ ᠲᠠᠢ ᠤᠷᠤᠭᠯᠠᠨ ᠰᠠᠭᠤᠭᠰᠠᠨ ᠭᠡᠨ᠎ᠠ᠃       ᠠᠭᠠᠢ ᠬᠠᠳᠤᠨ — ᠭᠢᠶᠠᠳ ᠠᠶᠢᠮᠠᠭ ᠤᠨ ᠪᠤᠷᠵᠢᠭᠢᠳ ᠤᠪᠤᠭᠳᠠᠨ᠃ ᠶᠤᠸᠠᠨ ᠤᠯᠤᠰ ᠤᠨ ᠰᠠᠭᠦᠯᠴᠢ ᠶᠢᠨ  ᠦᠶ᠎ᠠ ᠳᠤ ᠺᠦᠨ ᠮᠢᠩ ᠢ ᠵᠠᠭᠢᠷᠴᠤ ᠪᠠᠶᠢᠭᠰᠠᠨ ᠯᠢᠶᠠᠩ ᠸᠠᠩ ᠪᠠᠴᠠᠯᠠᠸᠠᠷᠮᠢ ᠶᠢᠨ ᠦᠭᠢᠨ᠃ 1363 ᠤᠨ ᠳᠤ  ᠤᠯᠠᠭᠠᠨ ᠠᠯᠴᠢᠭᠤᠷᠳᠠᠨ ᠤ ᠪᠤᠰᠤᠯᠭ᠎ᠠ ᠶᠢᠨ ᠴᠡᠷᠢᠭ ᠤᠨ ᠲᠦᠷᠦᠭᠦᠨ ᠤ ᠨᠢᠭᠡ ᠪᠤᠯᠬᠤ ᠮᠢᠩ ᠢᠤᠢ ᠵᠸᠠ ᠶᠦᠨᠨᠠᠨ ᠢ  ᠲᠠᠭᠠᠷᠢᠨ ᠳᠤᠪᠳᠤᠯᠵᠤ ᠡᠰᠡᠷᠭᠦᠴᠡᠨ ᠴᠢᠳᠠᠭᠰᠠᠨ ᠭᠦᠮᠦᠨ ᠦᠭᠡᠢ ᠳᠤᠯᠠ ᠭᠠᠵᠠᠷ ᠢᠶᠠᠨ ᠠᠯᠳᠠᠪᠠ᠃ ᠡᠨᠡ ᠦᠶ᠎ᠠ ᠳᠤ  ᠳ᠋ᠠᠯᠢ ᠶᠢᠨ ᠶᠢᠰᠤᠳᠤᠭᠡᠷ ᠦᠶ᠎ᠠ ᠶᠢᠨ ᠶᠠᠷᠤᠩᠭᠡᠢ ᠵᠠᠭᠢᠷᠤᠭᠴᠢ ᠳ᠋ᠤᠸᠠᠨ ᠭᠦᠡᠭ ︿ᠪᠠᠢ ᠦᠨᠳᠤᠰᠤᠳᠠᠨ﹀ ᠶᠡᠭᠡᠳᠠ  ᠢᠯᠠᠵᠤ ᠭᠦᠭᠡᠭᠡᠵᠤ ᠶᠠᠪᠤᠭᠤᠯᠤᠭᠰᠠᠨ ᠳᠤ ᠯᠢᠶᠠᠩ ᠸᠠᠩ ᠬᠤᠷᠢᠭᠠᠳ ᠨᠠᠰᠤᠳᠠᠢ ᠦᠭᠢᠨ ᠢᠶᠠᠨ ᠲᠠᠭᠦᠨ ᠳᠤ ᠡᠭᠡᠨᠠᠷ  ᠪᠤᠯᠭᠠᠨ ᠦᠭᠴᠠᠢ᠃       ᠰᠠᠭᠦᠯᠠᠷ ᠨᠢ ᠵᠠᠯᠢᠬᠠᠢ ᠲᠦᠰᠢᠮᠠᠳ ᠤᠨ ᠬᠤᠪᠴᠢ ᠦᠭᠡᠨ ᠳᠤ ᠤᠷᠤᠵᠤ ᠳ᠋ᠤᠸᠠᠨ ᠭᠦᠡᠭ ᠢ ᠠᠯᠠᠬᠤ ᠪᠠᠷ  ᠦᠭᠢᠨ ᠢᠶᠠᠨ ᠲᠠᠭᠤᠳᠠᠨ ᠢᠷᠡᠵᠤ᠄ ︽ᠡᠨᠡ ᠲᠠᠯᠠᠭᠡᠢ ᠲᠠᠭᠡᠷ᠎ᠠ ᠡᠴᠢᠭᠡ ᠡᠭᠡ ᠠᠴᠠ ᠦᠭᠡᠷ᠎ᠠ ᠶᠡᠭᠡ ᠰᠠᠨᠠᠯᠳᠠᠢ ᠭᠦᠮᠦᠨ  ᠦᠭᠡᠢ᠂ ᠤᠯᠤᠰ ᠭᠡᠷ ᠠᠴᠠ ᠢᠯᠠᠭᠦᠤ ᠬᠠᠶᠢᠷᠠᠳᠠᠢ ᠶᠠᠭᠤᠮ᠎ᠠ ᠦᠭᠡᠢ᠃ ᠳ᠋ᠤᠸᠠᠨ ᠭᠦᠡᠭ ᠨᠠᠮᠠᠢᠢ ᠬᠤᠤᠷᠯᠠᠵᠤ ᠤᠯᠤᠰ ᠢ  ᠡᠵᠡᠯᠡᠭᠦ ᠰᠠᠨᠠᠭ᠎ᠠ ᠲᠠᠢ᠂ ᠴᠢ ᠡᠨᠡ ᠭᠦ ᠳᠤᠭᠤᠰ ᠤᠨ ᠰᠦᠰᠤ ᠶᠢ ᠠᠪᠠᠴᠢᠨ ᠢᠳᠡᠭᠦᠯᠦᠭᠡᠳ᠂ ᠬᠤᠤᠷᠳᠤ ᠠᠷᠢᠭᠢ  ᠤᠤᠭᠤᠯᠭᠠᠵᠤ ᠠᠯᠠᠳᠤᠭᠠᠢ︾ ᠭᠡᠵᠤ ᠬᠠᠳᠠᠭᠤ ᠵᠠᠷᠯᠢᠭ ᠪᠠᠭᠤᠯᠭᠠᠵᠠᠢ᠃ ᠠᠭᠠᠢ ᠬᠠᠳᠤᠨ ᠭᠡᠷ ᠲᠤ ᠪᠠᠨ ᠢᠷᠡᠭᠡᠳ  ᠭᠡᠯᠡᠭᠰᠡᠨ ᠨᠢ ︽ᠪᠢᠳᠠ ᠬᠤᠶᠠᠷ ᠨᠤᠳᠤᠭ ᠲᠤ ᠪᠠᠨ ᠶᠠᠪᠤᠭᠠᠳ ᠰᠠᠶᠢᠬᠠᠨ ᠠᠮᠢᠳᠤᠷᠠᠶ᠎ᠠ᠃ ᠡᠴᠢᠭᠡ ᠴᠢᠮᠠᠢᠢ ᠶᠢ ᠠᠯᠠᠬᠤ  ᠭᠡᠵᠤ ᠪᠤᠢ︾ ᠭᠡᠵᠤ ᠪᠦᠭᠦᠨ ᠢ ᠭᠡᠯᠡᠵᠤ ᠦᠭᠭᠦᠭᠰᠡᠨ ᠳᠤ ᠢᠳᠡᠭᠡᠭᠦ ᠦᠭᠡᠢ᠃ ᠮᠠᠷᠭᠠᠰᠢ ᠨᠢ ᠳ᠋ᠤᠸᠠᠨ ᠬᠦᠩ ᠢ  ᠰᠦᠮ᠎ᠠ ᠵᠦᠭ ᠶᠠᠪᠤᠬᠤ ᠳᠤ ᠪᠦᠭᠭᠦᠭᠰᠡᠨ ᠴᠡᠷᠢᠭ ᠪᠠᠷᠢᠵᠤ ᠠᠪᠤᠭᠠᠳ ᠠᠯᠠᠭᠰᠠᠨ ᠭᠡᠨ᠎ᠠ᠃ ᠠᠭᠠᠢ ᠬᠠᠳᠤᠨ  ᠰᠤᠨᠤᠰᠤᠭᠠᠳ ᠳᠦᠢᠯ ᠢᠶᠠᠷ ᠡᠮᠭᠡᠨᠢᠨ ᠵᠤᠪᠠᠵᠤ ᠦᠭᠦᠭᠦ ᠭᠡᠭᠦ ᠳᠤ ᠡᠴᠢᠭᠡ ᠨᠢ ᠦᠭᠦᠭᠦᠯᠭᠦ ᠦᠭᠡᠢ ᠭᠡᠨ᠎ᠠ᠃ ᠭᠡᠳᠤᠨ  ᠵᠢᠯ ᠤᠨ ᠲᠠᠷᠠᠭ᠎ᠠ ᠠᠭᠠᠢ ᠬᠠᠳᠤᠨ ᠳ᠋ᠤᠸᠠᠨ ᠬᠦ᠋ᠩ ᠤᠨ ᠭᠡᠭᠦᠷ ᠢ ᠨᠤᠳᠤᠭ ᠲᠤ ᠨᠢ ᠭᠦᠨᠳᠤᠳᠭᠡᠨ ᠤᠷᠤᠰᠢᠭᠤᠯᠤᠭᠠᠳ  ᠲᠠᠰᠭᠦᠶ᠎ᠠ ᠪᠠᠷᠭᠡ ᠤᠢ ᠭᠠᠰᠢᠭᠤᠳᠠᠯ ᠳᠤ ᠲᠠᠷᠤᠭᠳᠠᠵᠤ ᠶᠢᠷᠳᠢᠨᠴᠤ ᠠᠴᠠ ᠠᠩᠭᠢᠵᠢᠷᠠᠬᠤ ᠰᠢᠯᠦᠭ ᠪᠢᠴᠢᠵᠤ ᠪᠠᠶ᠎ᠠ ᠪᠠᠨ  ᠬᠤᠤᠷᠯᠠᠭᠰᠠᠨ ᠪᠠᠶᠢᠨ᠎ᠠ᠃ ᠠᠭᠠᠢ ᠬᠠᠳᠤᠨ ᠪᠤᠯ ᠦᠨᠳᠤᠰᠤᠳᠠᠨ ᠤ ᠪᠦᠯᠬᠦᠮᠳᠡᠯ ᠢ ᠠᠭᠢᠭᠤᠯᠤᠭᠰᠠᠨ ᠶᠤᠸᠠᠨ  ᠤᠯᠤᠰ ᠤᠨ ᠰᠠᠭᠦᠯᠴᠢ ᠦᠶ᠎ᠠ ᠶᠢᠨ ᠮᠤᠩᠭᠤᠯ ᠦᠨᠳᠤᠰᠤᠳᠠᠨ ᠤ ᠠᠯᠳᠠᠷᠳᠤ ᠡᠮᠡᠭᠳᠠᠢ ᠰᠢᠯᠦᠭᠴᠢ ᠪᠤᠯᠤᠨ᠎ᠠ᠃    
 
ᠢᠷᠡᠯᠲᠡ᠄ ᠣᠷᠳᠣᠰ ᠮᠣᠩᠭᠣᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号