ᠬᠤᠷᠳᠤᠨ ᠮᠤᠷᠢᠨ ᠤ ᠰᠢᠨᠵᠢ ᠬᠢᠬᠡᠳ ᠤᠶᠠᠭ᠎ᠠ ᠵᠠᠰᠠᠯ ︵ᠳᠡᠭᠡᠳᠤ︶
ᠨᠡᠶᠢᠲᠡᠯᠡᠭᠰᠡᠨ ᠴᠠᠭ᠄
2018/1/30
      ᠬᠤᠷᠳᠤᠨ ᠮᠤᠷᠢ ᠶᠢ ᠰᠢᠨᠵᠢᠵᠦ ᠲᠠᠨᠢᠨ᠎ᠠ ᠬᠡᠳᠡᠭ ᠲᠤᠩ ᠪᠡᠷᠬᠡ᠂ ᠮᠤᠷᠢ ᠮᠤᠷᠢᠨ ᠤ ᠪᠡᠶ᠎ᠡ ᠪᠢᠯᠳᠡᠷ ᠠᠴᠠ ᠪᠤᠯᠵᠤ  ᠰᠢᠨᠵᠢ ᠨᠢ ᠴᠤ ᠬᠠᠷᠢᠯᠴᠠᠨ ᠠᠳᠠᠯᠢ ᠦᠬᠡᠢ ᠪᠠᠶᠢᠳᠠᠭ᠃ ᠬᠡᠪᠡᠴᠦ ᠤᠢᠢᠷᠠᠯᠴᠠᠭ᠎ᠠ ᠨᠦᠬᠦᠴᠡᠯ ᠳᠤ ᠤᠷᠤᠰᠢᠬᠤ  ᠡᠬᠦᠯᠳᠡᠷ ᠤᠨ ᠠᠳᠤᠭᠤᠨ ᠳᠤ᠂ ᠲᠤᠬᠠᠢᠢᠯᠠᠪᠠᠯ ᠮᠤᠩᠭᠤᠯ ᠠᠳᠤᠭᠤᠨ ᠳᠤ ᠬᠤᠷᠳᠤᠨ ᠰᠠᠶᠢᠨ ᠮᠤᠷᠢᠨ ᠤ ᠰᠢᠨᠵᠢ  ᠶᠡᠷᠦᠩᠬᠡᠢ ᠳᠤ ᠪᠠᠨ ᠤᠢᠢᠷᠠᠯᠴᠠᠭ᠎ᠠ ᠪᠠᠶᠢᠳᠠᠭ᠃ ᠡᠬᠦᠨ ᠳᠤ ᠬᠤᠷᠳᠤᠨ ᠮᠤᠷᠢ ᠶᠢ ᠭᠠᠳᠠᠭᠠᠳᠦ ᠰᠢᠨᠵᠢ᠂ ᠲᠤᠳᠤᠭᠠᠳᠦ  ᠰᠢᠨᠵᠢ᠂ ᠨᠢᠭᠤᠴᠠ ᠰᠢᠨᠵᠢ ᠬᠡᠵᠦ ᠭᠤᠷᠪᠠᠨ ᠲᠠᠯ᠎ᠠ ᠪᠠᠷ ᠠᠵᠢᠬᠯᠠᠵᠤ ᠰᠢᠨᠵᠢᠳᠡᠭ᠃           ᠭᠠᠳᠠᠭᠠᠳᠦ ᠰᠢᠨᠵᠢ     ᠠᠯᠢ ᠴᠤ ᠡᠬᠦᠯᠳᠡᠷ ᠢᠶᠠᠷ ᠬᠠᠷᠢᠶᠠᠯᠠᠬᠳᠠᠬᠤ ᠶᠠᠮᠠᠷ ᠴᠤ ᠠᠳᠤᠭᠤ᠂ ᠨᠢᠬᠡ ᠪᠤᠯ ᠠᠵᠢᠯ ᠤᠨ ᠦᠷ᠎ᠡ ᠪᠦᠳᠦᠮᠵᠢ ᠶᠢ  ᠢᠯᠡᠷᠡᠬᠦᠯᠬᠦ ᠶᠠᠪᠤᠳᠠᠯ ᠳᠤ ᠴᠢᠬᠤᠯᠠᠴᠢᠯᠠᠬᠳᠠᠬᠤ ᠪᠠᠳᠦ ᠴᠢᠬᠢᠷᠠᠭ᠂ ᠡᠰᠡᠪᠡᠯ ᠤᠨᠤᠯᠭ᠎ᠠ᠂ ᠪᠠᠶ᠎ᠠ ᠶᠢᠨ ᠲᠠᠮᠢᠷ ᠲᠤ  ᠬᠡᠷᠡᠭᠯᠡᠭᠳᠡᠬᠦ ᠬᠦᠩᠬᠡᠨ ᠱᠠᠯᠠᠮᠠᠭᠠᠢ ᠰᠢᠨᠵᠢ ᠶᠢ ᠪᠠᠶ᠎ᠡ ᠶᠢᠨ ᠭᠠᠯᠪᠢᠷ ᠲᠤ ᠪᠠᠨ ᠠᠭᠤᠯᠤᠬᠰᠠᠨ ᠪᠠᠶᠢᠬᠤ ᠨᠢ ᠲᠠᠮᠵᠢᠭ  ᠦᠬᠡᠢ᠃ ᠡᠬᠦᠨ ᠳᠤ ᠭᠠᠳᠠᠭᠠᠳᠦ ᠰᠢᠨᠵᠢ ᠶᠢ ᠲᠤᠤᠷᠠᠬᠢ ᠠᠷᠪᠠᠨ ᠬᠡᠰᠡᠭ ᠲᠤ ᠬᠤᠪᠢᠶᠠᠨ ᠦᠵᠡᠵᠦ ᠪᠤᠯᠤᠨ᠎ᠠ᠄           ᠲᠤᠯᠤᠭᠠᠢ ᠶᠢᠨ ᠰᠢᠨᠵᠢ᠃ ᠠᠳᠤᠭᠤᠨ ᠤ ᠲᠤᠯᠤᠭᠠᠢ ᠶᠢᠨ ᠬᠡᠯᠪᠡᠷᠢ ᠲᠦᠷᠰᠦ ᠪᠠᠷ ᠨᠢ ᠬᠤᠨᠢᠠ ᠲᠤᠯᠤᠭᠠᠢ᠂  ᠲᠠᠤᠯᠠᠢ ᠶᠢᠨ ᠲᠤᠯᠤᠭᠠᠢ᠂ ᠬᠦᠳᠡᠷᠢ ᠶᠢᠨ ᠲᠤᠯᠤᠭᠠᠢ᠂ ᠮᠡᠯᠡᠬᠡᠢ ᠶᠢᠨ ᠲᠤᠯᠤᠭᠠᠢ᠂ ᠠᠷᠢᠶᠠᠳᠠᠨ ᠤ ᠲᠤᠯᠤᠭᠠᠢ ᠬᠡᠬᠦ  ᠵᠡᠷᠬᠡ ᠪᠠᠷ ᠲᠠᠪᠤ ᠵᠢᠷᠭᠤᠭᠠᠨ ᠬᠡᠰᠡᠭ ᠲᠤ ᠬᠤᠪᠢᠶᠠᠵᠤ ᠪᠤᠯᠬᠤ ᠶᠤᠮ᠃ ᠡᠬᠦᠨ ᠤ ᠲᠤᠳᠤᠷ᠎ᠠ ᠠᠴᠠ ᠲᠠᠤᠯᠠᠢ ᠶᠢᠨ  ᠲᠤᠯᠤᠭᠠᠢ᠂ ᠮᠡᠯᠡᠬᠡᠢ ᠶᠢᠨ ᠲᠤᠯᠤᠭᠠᠢ ᠬᠤᠶᠡᠷ ᠨᠢ ᠰᠠᠶᠢᠨ᠃ ᠮᠦᠨ ᠬᠠᠨᠳᠠᠭᠠᠢ ᠶᠢᠨ ᠲᠤᠯᠤᠭᠠᠢ ᠰᠢᠬ ᠲᠤᠯᠤᠭᠠᠢ ᠲᠠᠢ  ᠠᠳᠤᠭᠤ ᠰᠠᠶᠢᠨ᠃ ᠬᠤᠷᠳᠤᠨ ᠮᠤᠷᠢᠨ ᠤ ᠨᠢᠳᠦ᠂ ᠮᠠᠩᠨᠠᠢ᠂ ᠠᠮᠠ᠂ ᠬᠠᠮᠠᠷ ᠤᠨ ᠨᠦᠬᠡ᠂ ᠰᠠᠮᠰᠠ ᠶᠡᠭᠡ᠂ ᠴᠢᠬᠢ᠂  ᠲᠦᠬᠦᠰᠢ᠂ ᠦᠮᠦᠷᠦᠦ ᠪᠤᠶᠤ ᠲᠤᠤᠷᠠᠳᠦ ᠤᠷᠤᠭᠤᠯ ᠨᠢ ᠲᠤᠮᠤ᠂ ᠬᠡᠯᠡᠨ ᠤ ᠬᠡᠪᠳᠡᠰᠢ ᠦᠷᠬᠡᠨ᠂ ᠡᠷᠡᠦ ᠶᠢᠨ  ᠬᠤᠭᠤᠷᠤᠨᠳᠤᠬᠢ ᠶᠢᠨ ᠬᠤᠩᠬᠤᠷ ᠦᠷᠬᠡᠨ᠂ ᠬᠦᠨ᠂ ᠬᠤᠩᠰᠢᠶᠠᠷ ᠤᠷᠳᠦ ᠪᠦᠬᠡᠳ ᠮᠤᠩᠬᠤᠷ᠂ ᠬᠦᠮᠦᠰᠬᠡ  ᠭᠤᠷᠪᠠᠯᠵᠢᠨ᠂ ᠲᠤᠯᠤᠭᠠᠢ ᠶᠡᠷᠦᠩᠬᠡᠢ ᠳᠤ ᠪᠠᠨ ᠲᠤᠮᠤᠷᠤᠬᠠᠨ᠂ ᠬᠡᠳᠡᠯ᠎ᠡ ᠰᠢᠪᠦᠬᠡᠷ᠂ ᠬᠠᠳᠠᠩᠬᠢᠷ᠂ ᠲᠤᠤᠷᠡᠳᠦ  ᠡᠷᠡᠦ ᠨᠢ ᠲᠡᠬᠡᠳᠡᠬᠢ ᠠᠴᠠ ᠤᠷᠳᠦ ᠶᠤᠮ ᠦᠦ ᠡᠰᠡᠪᠡᠯ ᠴᠢᠮᠬᠢᠬᠡᠷ ᠮᠡᠳᠦ ᠨᠡᠶᠢᠯᠡᠵᠦ ᠪᠠᠶᠢᠨ᠎ᠠ᠃           ᠲᠤᠭᠤᠷᠠᠢ ᠶᠢᠨ ᠰᠢᠨᠵᠢ᠃ ᠲᠤᠭᠤᠷᠠᠢ ᠶᠢᠨ ᠯᠠᠪᠠᠢ ᠠᠶᠠᠭᠠᠨ ᠲᠤᠭᠤᠷᠠᠢ᠂ ᠮᠢᠬᠠᠨ ᠲᠤᠭᠤᠷᠠᠢ᠂ ᠰᠢᠪᠠᠭᠤᠨ ᠤ  ᠬᠢᠮᠦᠰᠦ᠂ ᠰᠠᠷᠯᠤᠭ ᠤᠨ ᠲᠤᠭᠤᠷᠠᠢ᠂ ᠬᠤᠷᠳᠤᠨ ᠬᠢᠮᠦᠰᠦ ᠬᠡᠬᠦ ᠵᠡᠷᠬᠡ ᠪᠠᠷ ᠬᠤᠪᠢᠶᠠᠨ᠎ᠠ᠃ ᠡᠬᠦᠨ ᠳᠤ ᠬᠠᠮᠤᠭ ᠤᠨ  ᠰᠠᠶᠢᠨ ᠨᠢ ᠰᠠᠷᠯᠤᠭ ᠤᠨ ᠲᠤᠭᠤᠷᠠᠢ᠃  ᠡᠨᠡ ᠨᠢ ᠤᠭ ᠨᠢ ᠪᠦᠳᠦᠬᠦᠨ᠂ ᠪᠤᠭᠤᠨᠢ᠂ ᠠᠮᠰᠠᠷ ᠢᠶᠠᠷ ᠢᠶᠠᠨ  ᠬᠦᠮᠦᠷᠢᠬᠦᠦ᠂ ᠢᠷᠮᠡᠭ ᠬᠤᠷᠴᠠ᠂ ᠶᠠᠯᠢᠬᠤ ᠦᠬᠡᠢ ᠵᠤᠤᠪᠠᠩ᠂ ᠬᠡᠳᠡᠯ᠎ᠡ ᠦᠰᠦᠬᠡᠢ ᠵᠦᠭ ᠲᠤ ᠰᠡᠳᠡᠷᠬᠡᠢ᠂ ᠭᠠᠭ᠋ᠠᠢ  ᠬᠦᠨ ᠬᠠᠳᠠᠩᠬᠢᠷ᠂ ᠶᠡᠷᠦᠩᠬᠡᠢ ᠬᠡᠯᠪᠡᠷᠢ ᠨᠢ ᠲᠠᠯᠪᠢᠭᠠᠷ ᠪᠢᠰᠢ ᠴᠤᠮᠪᠤᠩ᠂ ᠲᠤᠮᠤ ᠪᠠᠶᠢᠳᠠᠭ᠃ ᠪᠠᠰᠠ ᠭᠠᠯᠠᠭᠤᠨ  ᠰᠠᠬᠯᠠᠭ᠎ᠠ ᠲᠠᠢ ᠬᠤᠷᠳᠤᠨ ᠮᠤᠷᠢ ᠪᠠᠶᠢᠳᠠᠭ᠃ ᠭᠠᠯᠠᠭᠤᠨ ᠰᠠᠬᠯᠠᠭ᠎ᠠ ᠬᠤᠶᠡᠷ ᠶᠠᠩᠵᠤ᠄ ᠲᠠᠪᠬᠢᠬᠤ ᠪᠠᠷ ᠢᠶᠠᠨ ᠪᠤᠰᠳᠠᠭ  ᠭᠠᠯᠠᠭᠤᠨ ᠰᠠᠬᠯᠠᠭ᠎ᠠ ᠲᠠᠢ ᠮᠤᠷᠢᠨ ᠤ ᠬᠤᠷᠳᠠ ᠪᠠᠭᠤᠷᠠᠳᠠᠭ ᠦᠬᠡᠢ ᠰᠠᠶᠢᠨ᠃ ᠲᠠᠪᠬᠢᠬᠤ ᠪᠠᠷ ᠢᠶᠠᠨ ᠤᠯᠠᠮ ᠨᠠᠯᠠᠳᠠᠭ  ᠭᠠᠯᠠᠭᠤᠨ ᠰᠠᠬᠯᠠᠭ᠎ᠠ ᠲᠠᠢ ᠮᠤᠷᠢ ᠶᠢᠨ ᠬᠦᠯ ᠮᠠᠭᠤ ᠤᠴᠢᠷ ᠠᠴᠠ ᠡᠶᠢᠮᠦ ᠠᠳᠤᠭᠤ ᠲᠤᠩ ᠠᠮᠠᠷᠬᠠᠨ ᠮᠠᠬᠠᠢᠢᠯᠠᠳᠠᠭ᠂  ᠬᠤᠶᠢᠳᠦ ᠬᠦᠯ ᠤᠨ ᠬᠦᠴᠦᠳᠡᠢ ᠪᠠᠷ ᠠᠪᠴᠦ ᠰᠢᠳᠡᠭᠰᠡᠨ ᠶᠡᠭᠡ ᠪᠡᠶ᠎ᠡ ᠢᠶᠠᠷ ᠢᠶᠠᠨ ᠬᠤᠷᠳᠠ ᠶᠢ ᠤᠷᠢᠳᠠ ᠬᠦᠯ ᠨᠢ  ᠲᠤᠬᠳᠠᠭᠠᠵᠤ ᠲᠡᠶᠢᠯᠬᠦ ᠦᠬᠡᠢ ᠤᠴᠢᠷ ᠠᠴᠠ ᠠᠮᠠᠷᠬᠠᠨ ᠮᠠᠬᠠᠢᠢᠯᠠᠳᠠᠭ᠃ ᠢᠯᠠᠩᠭᠤᠶ᠎ᠠ ᠤᠷᠤᠭᠤ ᠭᠠᠵᠠᠷ ᠲᠠᠳᠠᠪᠠᠯ  ᠶᠡᠭᠡ ᠤᠰᠤᠯ ᠲᠠᠢ᠃ ᠪᠤᠭᠤᠨᠢ ᠰᠠᠬᠯᠠᠭ᠎ᠠ ᠲᠠᠢ ᠮᠤᠷᠢ ᠮᠠᠬᠠᠢᠢᠯᠠᠬᠤ ᠦᠬᠡᠢ ᠬᠦᠯ ᠰᠠᠶᠢᠳᠠᠢ ᠪᠠᠶᠢᠳᠠᠭ᠃ ᠮᠦᠨᠴᠦ  ᠲᠤᠭᠤᠷᠠᠢ ᠶᠢᠨ ᠰᠢᠷᠬᠡᠭ ᠬᠦᠨᠳᠡᠯᠡᠨ᠂ ᠲᠠᠪ ᠲᠡᠭᠰᠢᠬᠡᠨ ᠪᠠᠶᠢᠪᠠᠯ ᠰᠠᠶᠢᠨ᠃           ᠰᠡᠬᠦᠯ ᠤᠨ ᠰᠢᠨᠵᠢ᠃ ᠶᠠᠰᠤᠨ ᠰᠡᠬᠦᠯ ᠨᠢ ᠤᠷᠳᠦ᠂ ᠰᠠᠮᠪᠠᠢ ᠨᠢ ᠦᠳᠬᠡᠨ᠂ ᠦᠵᠦᠬᠦᠷ ᠨᠢ ᠰᠢᠩᠬᠡᠨ ᠪᠠᠶᠢᠬᠤ  ᠬᠡᠷᠡᠭᠳᠡᠢ᠂ ᠮᠦᠨ ᠰᠡᠬᠦᠯ ᠤᠨ ᠨᠢᠬᠡ ᠦᠰᠦ ᠤᠯᠠᠨ ᠰᠠᠯᠠᠭᠠᠯᠠᠬᠰᠠᠨ ᠪᠠᠶᠢᠬᠤ ᠨᠢ ᠡᠷᠬᠢᠮ᠃ ᠤᠷᠳᠦ ᠪᠦᠳᠦᠬᠦᠨ ᠶᠤᠮ  ᠦᠦ᠂ ᠪᠤᠭᠤᠨᠢ ᠨᠠᠷᠢᠨ ᠰᠡᠬᠦᠯ ᠲᠤᠮᠳᠠ ᠵᠡᠷᠬᠡ᠃ ᠨᠠᠷᠢᠨ ᠤᠷᠳᠦ᠂ ᠰᠤᠯᠠ ᠰᠡᠬᠦᠯ ᠮᠠᠭᠤ᠃ ᠮᠦᠨᠴᠦ ᠬᠤᠷᠳᠤᠨ  ᠮᠤᠷᠢᠨ ᠤ ᠶᠠᠰᠤᠨ ᠰᠡᠬᠦᠯ ᠢ ᠤᠷᠤᠬᠰᠢ ᠨᠢ ᠲᠠᠳᠠᠵᠤ ᠦᠵᠡᠬᠦ ᠳᠤ ᠲᠠᠰᠢᠶᠠᠨ ᠲᠤᠯᠤᠭᠠᠢ ᠪᠠᠨ ᠬᠦᠷᠳᠡᠭ ᠪᠠ  ᠰᠠᠮᠪᠠᠢ ᠨᠢ ᠮᠠᠰᠢ ᠦᠳᠬᠡᠨ᠂ ᠦᠵᠦᠬᠦᠷ ᠤᠷᠤᠭᠤ ᠪᠠᠨ ᠰᠢᠩᠬᠡᠨ ᠪᠠᠶᠢᠳᠠᠭ᠃       ᠲᠠᠭᠤ ᠶᠢᠨ ᠰᠢᠨᠵᠢ᠃ ᠲᠠᠭᠤ ᠶᠢ  ᠰᠢᠨᠵᠢᠯᠡᠨ ᠦᠵᠡᠪᠡᠰᠦ᠄ ᠭᠠᠭ᠋ᠠᠢ ᠶᠢᠨ ᠲᠠᠭᠤ ᠮᠡᠳᠦ ᠬᠠᠮᠠᠷ ᠢᠶᠠᠷ ᠢᠶᠠᠨ ᠲᠤᠤᠭᠠᠷᠳᠠᠭ ᠪᠤᠯ ᠠᠳᠠᠭ᠃ ᠠᠷᠢᠶᠠᠳᠠᠨ ᠤ  ᠲᠠᠭᠤ ᠮᠡᠳᠦ ᠬᠦᠷᠬᠢᠷᠡᠨ ᠲᠤᠤᠭᠠᠷᠪᠠᠯ ᠲᠤᠮᠳᠠ ᠵᠡᠷᠬᠡ᠃ ᠪᠤᠯᠵᠤᠮᠤᠷ ᠤᠨ ᠲᠠᠭᠤ ᠮᠡᠳᠦ ᠨᠠᠷᠢᠨ ᠴᠢᠩᠭ᠎ᠠ ᠡᠷᠴᠢᠮ ᠲᠠᠢ  ᠪᠤᠯ ᠲᠠᠷᠢᠬᠦᠨ ᠰᠠᠶᠢᠨ᠃           ᠮᠦᠷ ᠤᠨ ᠰᠢᠨᠵᠢ᠃ ᠲᠤᠭᠤᠷᠠᠢ ᠶᠢᠨ ᠢᠷᠮᠡᠭ ᠠᠴᠠ ᠦᠬᠡᠷ᠎ᠡ ᠲᠤᠳᠤ ᠮᠦᠷ ᠭᠠᠷᠬᠤ ᠦᠬᠡᠢ ᠪᠠᠶᠢᠪᠠᠯ ᠰᠠᠶᠢᠨ᠃  ᠤᠷᠢᠳᠠ ᠬᠤᠶᠡᠷ ᠬᠦᠯ ᠤᠨ ᠮᠦᠷ ᠢ ᠬᠤᠶᠢᠳᠦ ᠬᠤᠶᠡᠷ ᠬᠦᠯ ᠤᠨ ᠮᠦᠷ ᠡᠰᠠ ᠬᠦᠢᠴᠡᠪᠡᠰᠦ ᠮᠠᠭᠤ᠃ ᠬᠡᠯᠳᠦᠷᠢᠵᠦ  ᠶᠠᠪᠤᠬᠤ ᠳᠤ ᠬᠡᠳᠦ ᠲᠠᠪᠠᠪᠠᠯ ᠲᠤᠮᠳᠠ ᠵᠡᠷᠬᠡ᠃ ᠶᠠᠭ ᠤᠨᠤᠯᠳᠤᠭᠤᠯᠬᠤ ᠶᠤᠮ ᠦᠦ ᠡᠰᠡᠪᠡᠯ ᠤᠷᠢᠳᠠ ᠬᠤᠶᠡᠷ  ᠬᠦᠯ ᠤᠨ ᠮᠦᠷ ᠤᠨ ᠭᠠᠳᠠᠨ᠎ᠠ ᠲᠠᠯ᠎ᠠ ᠳᠤᠨᠢ ᠬᠤᠶᠢᠳᠦ ᠬᠤᠶᠡᠷ ᠬᠦᠯ ᠢᠶᠠᠨ ᠵᠡᠷᠬᠡᠴᠡᠬᠦᠯᠵᠦ ᠲᠠᠯᠪᠢᠵᠤ ᠬᠢᠰᠬᠢᠭᠰᠡᠨ  ᠪᠠᠶᠢᠪᠠᠯ ᠡᠷᠬᠢᠮ ᠰᠠᠶᠢᠨ ᠪᠤᠯᠠᠢ᠃           ᠤᠰᠤ ᠤᠤᠭᠤᠬᠤ ᠰᠢᠨᠵᠢ᠃ ᠤᠰᠤ ᠶᠢ ᠲᠠᠰᠤᠯᠤᠯ ᠦᠬᠡᠢ ᠭᠠᠭᠴᠠ ᠤᠳᠠᠭ᠎ᠠ ᠤᠤᠭᠤᠬᠤ ᠨᠢ ᠮᠠᠭᠤ᠃  ᠡᠬᠢᠯᠡᠵᠦ ᠨᠡᠯᠢᠶᠡᠳ ᠤᠤᠭᠤᠭᠠᠳ ᠪᠠᠭ᠎ᠠ ᠵᠡᠷᠬᠡ ᠠᠮᠠᠷᠠᠭᠠᠳ ᠲᠠᠬᠢᠨ ᠤᠤᠭᠤᠪᠠᠯ ᠰᠠᠶᠢᠨ᠃ ᠨᠡᠩ ᠤᠯᠠᠨ ᠤᠳᠠᠭ᠎ᠠ  ᠲᠠᠰᠤᠯᠵᠤ ᠤᠤᠭᠤᠪᠠᠯ ᠪᠦᠷ ᠴᠤ ᠰᠠᠶᠢᠨ᠃ ᠢᠳᠡᠰᠢ ᠶᠢᠨ ᠰᠢᠨᠵᠢ᠃ ᠢᠳᠡᠰᠢ ᠶᠡᠭᠡ᠂ ᠬᠤᠮᠤᠤᠯ ᠪᠢᠴᠢᠬᠠᠨ ᠪᠤᠯ ᠡᠷᠬᠢᠮ᠃ ᠢᠳᠡᠰᠢ ᠪᠠᠭ᠎ᠠ᠂ ᠬᠤᠮᠤᠤᠯ ᠨᠢ ᠶᠡᠭᠡ  ᠪᠤᠯ ᠠᠳᠠᠭ᠃ ᠶᠡᠷᠦᠨᠢ ᠠᠯᠢᠪᠠ ᠤᠶᠠᠵᠤ ᠰᠦᠢᠳᠠᠭ ᠮᠤᠷᠢᠳ ᠴᠦᠬᠡᠨ ᠬᠤᠨᠤᠭ ᠲᠤ ᠬᠡᠳᠡᠰᠦ ᠪᠠᠨ ᠲᠠᠳᠠᠵᠤ  ᠴᠢᠳᠠᠳᠠᠭ ᠨᠢ ᠬᠡᠨ ᠪᠦᠬᠦᠨ ᠳᠤ ᠮᠡᠳᠡᠬᠡᠵᠢ ᠶᠤᠮ᠃           ᠰᠢᠳᠦ ᠶᠢᠨ ᠰᠢᠨᠵᠢ᠃ ᠰᠢᠨᠵᠢ ᠶᠢᠨ ᠰᠤᠳᠤᠷ ᠲᠤ ᠠᠳᠤᠭᠤᠨ ᠤ ᠰᠢᠳᠦ ᠶᠢ ᠬᠤᠯᠠ ᠰᠢᠳᠦ᠂ ᠲᠡᠮᠡᠬᠡᠨ ᠰᠢᠳᠦ᠂  ᠬᠤᠨᠢᠨ ᠰᠢᠳᠦ᠂ ᠪᠤᠭᠤᠳᠠᠢ ᠶᠢᠨ ᠰᠢᠳᠦ᠂ ᠭᠠᠭ᠋ᠠᠢ ᠶᠢᠨ ᠰᠢᠳᠦ᠂ ᠲᠠᠬᠢᠶ᠎ᠠ ᠰᠢᠳᠦ ᠬᠡᠬᠦ ᠵᠡᠷᠬᠡ ᠬᠤᠪᠢᠶᠠᠭᠠᠳ  ᠴᠠᠰᠢ ᠨᠢ ᠬᠤᠯᠠ ᠰᠢᠳᠦ ᠶᠢ ᠲᠤᠳᠤᠷ᠎ᠠ ᠨᠢ ᠮᠠᠳᠠᠭᠠᠰᠤᠳᠤ ᠬᠤᠯᠠ᠂ ᠪᠦᠦᠷ ᠬᠤᠯᠠ᠂ ᠨᠢᠭᠤᠴᠠ ᠬᠤᠯᠠ ᠬᠡᠬᠦ  ᠵᠡᠷᠬᠡ ᠪᠠᠷ ᠠᠷᠪᠠᠭᠠᠳ ᠬᠤᠪᠢᠶᠠᠵᠠᠢ᠃ ᠡᠬᠦᠨᠴᠢᠯᠡᠨ ᠠᠩᠬᠢᠯᠠᠬᠰᠠᠨ ᠨᠢ ᠨᠡᠩ ᠤᠯᠠᠨ ᠨᠡᠩ ᠰᠤᠨᠢᠨ᠃ ᠪᠦᠬᠦᠳᠡ ᠶᠢ  ᠠᠵᠢᠬᠯᠠᠵᠤ ᠦᠵᠡᠪᠡᠯ᠂ ᠫᠠᠮᠪᠡᠬᠡᠷ ᠪᠤᠶᠢᠯᠠ ᠲᠠᠢ ᠲᠠᠪᠴᠢᠬᠠᠨ ᠬᠤᠮᠪᠤᠭᠤᠷ ᠰᠢᠳᠦ ᠤᠨᠴᠠ ᠦᠬᠡᠢ᠂ ᠬᠠᠳᠠᠩᠬᠢᠷ  ᠪᠤᠶᠢᠯᠠ ᠲᠠᠢ ᠬᠤᠩᠬᠤᠷ ᠲᠤᠨᠢ ᠠᠷᠪᠠᠢ ᠡᠷᠬᠢᠮᠡᠷ ᠵᠠᠶᠢᠳᠠᠢᠵᠤᠤᠪᠠᠩ ᠬᠦᠨᠵᠡᠬᠡᠢ ᠴᠦᠬᠦᠴᠡ ᠲᠠᠢ᠂ ᠬᠤᠭᠤᠷᠤᠨᠳᠤ ᠪᠠᠨ  ᠵᠠᠶᠢᠳᠠᠢ᠂ ᠭᠠᠳᠠᠬᠰᠢ ᠪᠠᠨ ᠰᠠᠷᠪᠠᠭᠠᠷᠬᠠᠨ ᠪᠤᠭᠤᠨᠢ ᠰᠢᠳᠦ ᠰᠠᠶᠢᠨ ᠪᠠᠶᠢᠳᠠᠭ᠃ ᠪᠠᠰᠠ ᠰᠤᠶᠤᠭ᠎ᠠ ᠨᠢ ᠪᠤᠤᠷ᠎ᠠ ᠶᠢᠨ  ᠰᠤᠶᠤᠭ᠎ᠠ ᠮᠡᠳᠦ ᠲᠤᠮᠤ ᠪᠠᠶᠢᠬᠤ ᠪᠦᠬᠡᠳ ᠭᠠᠳᠠᠬᠰᠢ ᠪᠠᠨ ᠪᠠᠶᠢᠬᠤ ᠨᠢ ᠰᠠᠶᠢᠨ᠃ ᠬᠡᠪᠡᠴᠦ ᠪᠠᠭ᠎ᠠ ᠨᠠᠰᠤᠨ ᠤ  ᠠᠳᠤᠭᠤᠨ ᠤ ᠰᠢᠳᠦ ᠲᠤᠮᠤ ᠪᠤᠯ ᠬᠤᠵᠢᠮ ᠳᠤ ᠪᠠᠨ ᠰᠠᠶᠢᠨ ᠦᠬᠡᠢ᠃           ᠰᠢᠷᠪᠤᠰᠦ ᠶᠢᠨ ᠰᠢᠨᠵᠢ᠃ ᠰᠢᠷᠪᠤᠰᠦ ᠨᠢ ᠤᠨᠤᠴᠠᠳᠦ ᠨᠤᠮᠤ ᠶᠢᠨ ᠬᠦᠪᠴᠢ ᠮᠡᠳᠦ ᠴᠢᠩᠭ᠎ᠠ ᠠᠳᠠᠯ᠎ᠠ ᠪᠠᠨ  ᠤᠶᠠᠨ ᠬᠠᠳᠠᠨ ᠪᠠᠶᠢᠪᠠᠯ ᠰᠠᠶᠢᠨ᠃ ᠬᠡᠬᠦ ᠳᠤ ᠪᠠᠨ ᠬᠠᠮᠤᠭ ᠤᠨ ᠭᠤᠤᠯ ᠨᠢ ᠰᠡᠶᠢᠮᠡᠬᠡᠢ ᠶᠤᠮ᠃ ᠰᠡᠶᠢᠮᠡᠬᠡᠢ ᠶᠢ ᠨᠢ  ᠪᠠᠷᠢᠵᠤ ᠦᠵᠡᠬᠦ ᠳᠤ ᠬᠤᠶᠡᠷ ᠬᠤᠷᠤᠭᠤᠨ ᠤ ᠦᠨᠳᠡᠭᠡ ᠨᠡᠶᠢᠯᠡᠬᠦ ᠰᠢᠬᠠᠵᠤ ᠪᠠᠶᠢᠪᠠᠯ ᠡᠷᠬᠢᠮ ᠰᠠᠶᠢᠨ ᠰᠢᠷᠪᠤᠰᠤ ᠲᠠᠢ  ᠠᠳᠤᠭᠤ ᠲᠠᠷᠡ ᠮᠦᠨ᠃ ᠡᠶᠢᠮᠦ ᠰᠢᠷᠪᠤᠰᠦ ᠲᠠᠢ ᠮᠤᠷᠢ ᠶᠢ ᠬᠡᠴᠢᠨᠡᠨ ᠵᠢᠯ ᠴᠤ ᠤᠶᠠᠵᠤ ᠤᠷᠤᠯᠳᠤᠬᠰᠠᠨ ᠴᠤ  ᠬᠦᠯ ᠨᠢ ᠮᠠᠭᠤᠳᠠᠳᠠᠭ ᠦᠬᠡᠢ ᠃ ᠬᠤᠷᠳᠠ ᠶᠡᠭᠡ ᠲᠠᠢ ᠠᠳᠤᠭᠤ ᠰᠢᠷᠪᠤᠰᠦ ᠮᠠᠭᠤᠳᠠᠢ ᠪᠤᠯ ᠤᠷᠢᠳᠠ ᠬᠤᠶᠡᠷ ᠬᠦᠯ ᠨᠢ  ᠬᠠᠷᠠᠶᠢᠯᠳᠠ ᠶᠢᠨ ᠢᠶᠠᠨ ᠬᠦᠴᠦ᠂ ᠬᠤᠷᠳᠠ ᠶᠢ ᠲᠤᠬᠳᠠᠭᠠᠵᠤ ᠴᠢᠳᠠᠬᠤ ᠦᠬᠡᠢ ᠤᠴᠢᠷ ᠠᠴᠠ ᠬᠦᠯ ᠦᠬᠡᠢ ᠪᠤᠯᠳᠠᠭ᠃  ᠮᠦᠨ ᠶᠠᠮᠠᠷᠴᠦ ᠠᠳᠤᠭᠤᠨ ᠤ ᠰᠠᠭᠠᠭ ᠨᠢ ᠤᠬᠳᠦ ᠰᠤᠯᠠ ᠶᠤᠮ ᠰᠢᠬ ᠬᠦᠩᠬᠡᠨ ᠬᠦᠳᠡᠯᠬᠡᠬᠡᠨ ᠲᠠᠢ ᠪᠠᠶᠢᠪᠠᠯ ᠰᠠᠶᠢᠨ  ᠃           ᠪᠦᠬᠦ ᠪᠡᠶ᠎ᠡ ᠶᠢᠨ ᠰᠢᠨᠵᠢ᠃ ᠲᠤᠯᠤᠭᠠᠢ ᠨᠢ ᠬᠠᠨᠳᠠᠭᠠᠢ ᠶᠢᠨ ᠲᠤᠯᠤᠭᠠᠢ ᠮᠡᠳᠦ᠂ ᠲᠦᠷᠪᠡᠨ ᠰᠢᠯᠪᠢ ᠨᠢ  ᠪᠤᠭᠤ ᠶᠢᠨ ᠴᠠᠰᠠ ᠮᠡᠳᠦ᠂ ᠠᠷᠭᠠᠯᠢ ᠶᠢᠨ ᠪᠡᠷᠪᠡᠬᠡᠢ ᠲᠠᠢ᠂ ᠲᠠᠶᠢᠭᠠᠨ ᠪᠤᠷᠪᠢ ᠲᠠᠢ᠂ ᠤᠭᠠᠯᠵᠠᠨ ᠪᠡᠶ᠎ᠡ ᠲᠠᠢ᠂  ᠦᠪᠦᠬᠡᠯᠵᠡᠨ ᠤᠪᠤ ᠲᠠᠢ᠂ ᠬᠦᠬᠡᠬᠡ ᠪᠤᠶᠤ ᠴᠠᠭᠠᠨ ᠮᠦᠬᠡᠷᠰᠦ ᠨᠢ ᠲᠤᠮᠤ᠂ ᠠᠮᠠᠨ ᠬᠦᠵᠦᠬᠦᠦ ᠪᠦᠳᠦᠬᠦᠨ᠂  ᠬᠦᠵᠦᠬᠦᠦ ᠤᠷᠳᠦ᠂ ᠮᠤᠨᠳᠤᠤ ᠨᠢ ᠲᠡᠮᠡᠬᠡᠨ ᠤ ᠪᠦᠬᠦ ᠮᠡᠳᠦ᠂ ᠪᠦᠳᠦᠷᠬᠡᠢ ᠮᠠᠰᠢ ᠤᠪᠤᠭᠤ ︵ᠲᠤᠪᠤᠭᠤᠷ︶ ᠮᠦᠷᠦ  ᠲᠠᠯᠤ ᠨᠢ ᠲᠠᠰᠢᠭᠤ ᠤᠷᠳᠦ᠂ ᠪᠦᠭᠳᠦᠷᠬᠡ ᠶᠡᠭᠡ᠂ ᠬᠠᠪᠢᠷᠭ᠎ᠠ ᠨᠢ ᠦᠷᠬᠡᠨ᠂ ᠤᠷᠳᠦ᠂ ᠮᠠᠳᠠᠭᠠᠰᠦ ᠶᠡᠬᠡᠳᠡᠢ᠂  ᠬᠤᠭᠤᠷᠤᠨᠳᠤ ᠪᠠᠨ ᠵᠠᠢ ᠦᠬᠡᠢ᠂ ᠬᠡᠳᠡᠰᠦ ᠶᠡᠭᠡ ᠪᠤᠶᠤ ᠰᠦᠪᠡᠷᠬᠡᠳᠡᠰᠦ ᠲᠤᠤᠷ᠎ᠠ᠂ ᠪᠤᠭᠤᠨᠢ ᠬᠠᠪᠢᠷᠭ᠎ᠠ ᠲᠠᠰᠢᠶᠠᠨ  ᠲᠤᠯᠤᠭᠠᠢ ᠬᠤᠶᠡᠷ ᠤᠨ ᠬᠤᠭᠤᠷᠤᠨᠳᠤ ᠵᠠᠢ ᠲᠤᠩ ᠪᠠᠭ᠎ᠠ᠂ ᠤᠷᠳᠦ ᠠᠯᠤ ᠬᠤᠨᠳᠤᠯᠠᠢ ᠲᠠᠢ᠂ ᠠᠭᠤᠤ ᠲᠤᠮᠤ  ᠰᠠᠯᠳᠠᠭ᠎ᠠ ᠲᠠᠢ᠂ ᠤᠮᠠᠳᠠᠭ ᠪᠠᠭ᠎ᠠ ᠲᠠᠢ  ᠮᠤᠷᠢ ᠬᠤᠷᠳᠤᠨ ᠪᠠᠶᠢᠳᠠᠭ᠃ ᠮᠦᠨ ᠲᠡᠬᠡᠳᠦ ᠭᠤᠷᠪᠠᠨ ᠤᠨᠤᠭᠤ ᠲᠡᠭᠰᠢ᠂  ᠬᠠ ᠭᠤᠶ᠎ᠠ ᠶᠢᠨ ᠬᠦᠬᠡ ᠮᠢᠬ᠎ᠠ᠂ ᠪᠤᠯᠴᠢᠩ ᠶᠡᠭᠡ ᠲᠤᠪᠤᠭᠤᠷ᠂ ᠰᠢᠯᠪᠢ ᠬᠠᠳᠠᠩᠬᠢᠷ ᠬᠠᠪᠳᠠᠭᠠᠢ᠂ ᠪᠦᠬᠦ ᠪᠠᠶ᠎ᠠ ᠶᠢᠨ  ᠠᠷᠠᠰᠦ ᠰᠤᠯᠠ᠂ ᠨᠢᠮᠬᠡᠨ ᠴᠠᠪᠢ ᠶᠡᠭᠡ᠂ ᠰᠤᠭᠤ ᠶᠢᠨ ᠠᠷᠠᠰᠦ ᠤᠯᠠᠨ ᠨᠤᠭᠤᠯᠤᠷᠤᠬᠰᠠᠨ᠂ ᠲᠦᠷᠪᠡᠨ ᠬᠦᠯ ᠨᠢ  ᠪᠠᠳᠠᠷᠢᠭᠠᠳ ᠭᠠᠳᠠᠬᠰᠢ ᠪᠠᠨ ᠲᠡᠯᠡᠬᠡᠷ ᠮᠠᠶ᠋ᠢᠬᠳᠠᠢ᠂ ᠡᠬᠦᠨ ᠲᠠᠢ ᠬᠤᠯᠪᠤᠬᠳᠠᠵᠤ ᠲᠠᠪᠬᠢᠬᠤ ᠳᠤ ᠲᠦᠷᠪᠡᠨ ᠬᠦᠯ ᠤᠨ  ᠬᠠᠶᠠᠯᠠᠭ᠎ᠠ ᠭᠠᠳᠠᠬᠰᠢ ᠰᠠᠮᠠᠷᠠᠬᠰᠠᠨ ᠶᠠᠩᠵᠤ ᠲᠠᠢ᠂ ᠦᠶ᠎ᠠ ᠨᠦᠭᠦᠳ ᠨᠢ ᠪᠦᠬᠡᠷᠡᠩᠬᠡᠢ ᠲᠤᠮᠤ᠂ ᠲᠤᠯᠤᠭᠠᠢ ᠲᠡᠬᠡᠷ᠎ᠡ  ᠪᠢᠰᠢ᠂ ᠦᠮᠦᠷᠦᠦ ᠠᠴᠠ ᠤᠷᠢᠳᠠ ᠬᠦᠯ ᠤᠨ ᠲᠤᠭᠤᠷᠠᠢ ᠬᠦᠷᠳᠡᠯᠡᠬᠢ ᠵᠠᠢ᠂ ᠤᠷᠢᠳᠠ ᠬᠦᠯ ᠤᠨ ᠰᠠᠭᠠᠭ ᠠᠴᠠ  ᠬᠤᠶᠢᠳᠦ ᠬᠦᠯ ᠤᠨ ᠲᠤᠭᠤᠷᠠᠢ ᠬᠦᠷᠳᠡᠯᠡᠬᠢ ᠵᠠᠢ᠂ ᠪᠦᠳᠦᠷᠬᠡᠢ ᠠᠴᠠ ᠮᠤᠨᠳᠠᠭ᠎ᠠ ᠬᠦᠷᠳᠡᠯᠡᠬᠢ ᠵᠠᠢ ᠶᠡᠭᠡ᠂  ᠰᠦᠪᠡᠷᠬᠡᠳᠡᠰᠦ ᠨᠢ ᠭᠤᠶ᠎ᠠ ᠲᠠᠰᠢᠶᠠᠨ ᠠᠴᠠ ᠪᠠᠨ ᠨᠠᠭᠠᠨ᠎ᠠ ᠰᠢᠬᠠᠭᠤ ︵ᠲᠦᠮᠪᠦᠬᠡᠷ︶ ᠪᠠᠶᠢᠪᠠᠯ ᠶᠡᠭᠡ ᠰᠠᠶᠢᠨ᠃           ᠲᠡᠬᠡᠷ᠎ᠡ ᠲᠤᠯᠤᠭᠠᠢ ᠲᠠᠢ᠂ ᠦᠨᠳᠦᠷ ᠴᠡᠬᠡᠵᠢ ᠲᠠᠢ᠂ ᠪᠦᠭᠰᠡ ᠮᠠᠭᠤᠬᠠᠨ ᠲᠠᠢ ᠠᠳᠤᠭᠤ ᠦᠬᠡᠳᠡ ᠭᠠᠵᠠᠷ  ᠠᠭᠤᠯᠠ ᠬᠠᠷᠠᠵᠦ ᠲᠠᠪᠬᠢᠬᠤ ᠳᠤ ᠪᠠᠨ ᠮᠠᠭᠤ᠂ ᠲᠤᠯᠤᠭᠠᠢ ᠴᠡᠬᠡᠵᠢ ᠲᠤᠤᠷ᠎ᠠ᠂ ᠪᠦᠭᠰᠡ ᠴᠡᠬᠡᠵᠢ ᠰᠠᠶᠢᠳᠠᠢ ᠠᠳᠤᠭᠤ  ᠬᠦᠨᠳᠦᠷᠦᠬᠦᠦ ᠭᠠᠵᠠᠷ ᠮᠠᠭᠤ᠃ ᠴᠡᠬᠡᠵᠢ ᠪᠦᠭᠰᠡ ᠲᠡᠩᠴᠡᠬᠦᠦ ᠨᠢ ᠰᠠᠶᠢᠨ᠃ ᠰᠢᠪ ᠰᠢᠯᠤᠭᠤᠨ ᠨᠢᠷᠤᠭᠤ ᠮᠠᠭᠤ᠂  ᠢᠯᠠᠩᠭᠤᠶ᠎ᠠ ᠪᠠᠭ᠎ᠠ ᠨᠠᠰᠤᠨ ᠤ ᠠᠳᠤᠭᠤ ᠪᠦᠭᠳᠦᠷᠬᠡ ᠮᠠᠭᠤᠳᠠᠢ ᠪᠠᠶᠢᠪᠠᠯ ᠬᠤᠶᠢᠳᠦ ᠬᠦᠯ ᠤᠨ ᠲᠦᠯᠬᠢᠯᠳᠡ ᠶᠢᠨ  ᠬᠦᠴᠦ ᠶᠢ ᠤᠷᠤᠬᠰᠢ ᠨᠢ ᠮᠠᠭᠤ ᠲᠠᠮᠵᠢᠭᠤᠯᠤᠨ᠎ᠠ᠃ ᠲᠠᠭ᠎ᠠ ᠰᠢᠳᠦᠯᠡᠩ ᠨᠠᠰᠤᠨ ᠳᠤ ᠪᠠᠨ ᠬᠤᠷᠳᠤᠯᠠᠬᠤ ᠠᠳᠤᠭᠤᠨ ᠤ  ᠨᠢᠳᠦ ᠨᠢ ᠬᠤᠯᠤᠭᠠᠨ᠎ᠠ ᠶᠢᠨ ᠨᠢᠳᠦ ᠮᠡᠳᠦ ᠪᠦᠯᠳᠡᠬᠡᠷ ᠨᠢᠳᠦ ᠲᠠᠢ ᠰᠠᠶᠢᠨ᠃     ᠬᠤᠷᠳᠤᠨ ᠲᠠᠭ᠎ᠠ ᠪᠤᠯ ᠲᠤᠤᠷᠠᠬᠢ ᠲᠤᠯᠤᠭᠠᠨ ᠵᠦᠢᠯ ᠢᠶᠠᠷ ᠲᠤᠳᠤᠷᠬᠠᠢᠢᠯᠠᠬᠳᠠᠨ᠎ᠠ᠃ ᠡᠬᠦᠨ ᠳᠤ᠄ ᠲᠡᠬᠡᠳᠦ  ᠤᠷᠤᠭᠤᠯ ᠨᠢ ᠲᠤᠤᠷᠠᠳᠦ ᠤᠷᠤᠭᠤᠯ ᠠᠴᠠ ᠪᠠᠨ ᠲᠠᠪᠠᠭᠤᠬᠠᠨ︔ ᠬᠤᠶᠢᠳᠦ ᠬᠤᠶᠡᠷ ᠲᠤᠭᠤᠷᠠᠢ ᠨᠢ ᠤᠷᠢᠳᠠ  ᠬᠤᠶᠡᠷ ᠠᠴᠠ ᠪᠠᠨ ᠶᠡᠬᠡᠬᠡᠨ︔ ᠴᠢᠬᠢ ᠨᠢ ᠲᠠᠯᠤ ᠳᠤ ᠪᠠᠨ ᠦᠯᠦ ᠲᠠᠯᠳᠠᠯᠠᠬᠳᠠᠬᠤ︔ ᠬᠦᠬᠦᠯ ᠨᠢ ᠨᠢᠳᠤᠨ ᠳᠤ ᠪᠠᠨ  ᠦᠯᠦ ᠬᠦᠷᠬᠦ︔ ᠬᠡᠳᠡᠰᠦ ᠨᠢ ᠪᠤᠮᠪᠠ ᠮᠡᠳᠦ ᠲᠤᠭᠤᠷᠢᠭ︔ ᠲᠡᠬᠡᠳᠦ ᠭᠤᠷᠪᠠᠨ ᠤᠪᠤ ᠲᠡᠭᠰᠢ︔ ᠵᠠᠩ ᠠᠭᠠᠰᠢ  ᠬᠦᠩᠬᠡᠨ ᠰᠡᠷᠬᠦᠯᠡᠩ᠃           ᠦᠰᠦᠨ ᠳᠤ ᠬᠡᠴᠢᠨᠡᠨ ᠤᠯᠠᠨ ᠡᠷᠬᠢᠬᠦᠯᠬᠡ ᠪᠠᠶᠢᠪᠠᠯ ᠲᠡᠳᠦ᠋ᠢᠴᠢᠨᠡᠨ ᠰᠠᠶᠢᠨ᠃ ᠲᠡᠷᠡ ᠲᠤᠮᠳᠠ ᠪᠠᠨ ᠨᠡᠪᠳᠡ  ᠡᠷᠬᠢᠬᠦᠯᠦᠬᠡ ᠪᠦᠷ ᠰᠠᠶᠢᠨ᠃ ᠰᠢᠨᠵᠢ ᠶᠢᠨ ᠰᠤᠳᠤᠷ ᠤᠳ ᠲᠤ ︽ᠦᠰᠦ ᠨᠢ ᠡᠷᠴᠢᠮᠳᠦ ᠶᠤᠩᠬᠤᠷ ᠤᠳᠠᠰᠦ ᠮᠡᠳᠦ︾  ᠬᠡᠮᠡᠭᠰᠡᠨ ᠪᠠᠶᠢᠳᠠᠭ᠃ ᠶᠤᠩᠬᠤᠷ ᠤᠳᠠᠰᠦ ᠬᠡᠵᠦ ᠲᠤᠰᠬᠠᠢ ᠪᠤᠯᠪᠠᠰᠤᠷᠠᠭᠤᠯᠤᠬᠰᠠᠨ ᠮᠢᠨᠳᠠᠰᠤᠨ ᠰᠢᠷᠬᠡᠭ ᠢᠶᠠᠷ  ᠨᠡᠶᠢᠳᠬᠡᠵᠦ ᠬᠢᠭᠰᠡᠨ ᠤᠳᠠᠰᠦ ᠶᠢ ᠨᠡᠷᠡᠯᠡᠳᠡᠭ᠃ ᠡᠶᠢᠮᠦ ᠠᠴᠠ ᠦᠰᠦ ᠨᠢ ᠨᠢᠬᠡ ᠨᠢᠬᠡ ᠪᠠᠷ ᠢᠶᠠᠨ ᠰᠦᠷᠦᠭᠰᠡᠨ ᠪᠢᠰᠢ᠂  ᠬᠤᠶᠡᠷ ᠭᠤᠷᠪᠠ ᠪᠠᠷ ᠢᠶᠠᠨ ᠨᠡᠶᠢᠯᠡᠵᠦ᠂ ᠨᠡᠶᠢᠳᠬᠡᠭᠰᠡᠨ ᠶᠤᠮ ᠰᠢᠭ ᠮᠤᠰᠬᠢᠷᠠᠬᠰᠠᠨ ᠪᠠᠶᠢᠪᠠᠯ ᠰᠠᠶᠢᠨ᠃ ᠬᠤᠷᠳᠤᠨ  ᠮᠤᠷᠢᠨ ᠤ ᠰᠡᠬᠦᠯ ᠤᠨ ᠦᠰᠦ ᠠᠷᠠᠰᠤᠨ ᠠᠴᠠ ᠤᠷᠭᠤᠬᠰᠠᠨ ᠤᠭ ᠨᠢ ᠨᠢᠬᠡ ᠠᠳᠠᠯ᠎ᠠ ᠰᠤᠯᠠ ᠤᠨᠵᠢᠢᠬᠰᠠᠨ  ᠦᠵᠦᠬᠦᠷ ᠨᠢ ᠬᠤᠶᠡᠷ ᠭᠤᠷᠪᠠᠨ ᠰᠠᠯᠠᠭ᠎ᠠ ᠪᠤᠯᠤᠬᠰᠠᠨ ᠪᠠᠶᠢᠬᠤ ᠶᠠᠪᠤᠳᠠᠯ ᠤᠯᠠᠨᠳᠠ ᠲᠤᠬᠢᠶᠠᠯᠳᠤᠳᠠᠭ᠃           ᠮᠤᠷᠢ ᠶᠢᠨ ᠰᠢᠨᠵᠢ ᠶᠢᠨ ᠰᠤᠳᠤᠷ ᠲᠤ ︽ᠰᠠᠶᠢᠨ ᠤᠨᠠᠭ᠎ᠠ ᠲᠦᠷᠦᠬᠦ ᠬᠡᠬᠦᠦ ᠶᠢᠨ ᠰᠢᠨᠵᠢ ᠬᠡᠪᠡᠰᠦ ᠨᠠᠷᠢᠨ  ᠤᠷᠳᠦ ᠪᠠᠶ᠎ᠠ ᠲᠠᠢ᠂ ᠰᠠᠪᠠ ᠶᠡᠬᠡᠳᠡᠢ᠂ ᠲᠡᠬᠡᠬᠦᠷ ᠲᠤᠤᠭᠤᠷ ᠲᠡᠭᠰᠢ᠂ ᠨᠢᠮᠬᠡᠨ ᠬᠡᠳᠡᠷ ᠲᠠᠢ᠂ ᠤᠷᠳᠦ ᠬᠤᠰᠢᠭᠤ ᠲᠠᠢ᠂  ᠲᠡᠯ ᠰᠡᠬᠦᠯ ᠰᠢᠩᠬᠡᠨ᠂ ᠬᠦᠩᠬᠡᠷ᠎ᠡ ᠨᠢ ᠲᠠᠶᠢᠪᠤᠭᠤᠨ᠂ ᠨᠢᠭᠤᠴᠠ ᠤᠷᠤᠨ ᠨᠢ ᠵᠢᠮᠢᠬᠡᠷ ᠤᠷᠳ ︵ᠰᠢᠨᠵᠢ ᠲᠮᠡᠳᠡᠭ︶  ᠬᠡᠳᠡᠰᠦ ᠶᠡᠭᠡ᠂ ᠶᠠᠰᠤᠨ ᠰᠡᠬᠦᠯ ᠤᠷᠳᠦ᠂ ᠰᠠᠮᠪᠠᠢ ᠦᠳᠬᠡᠨ᠂ ᠲᠤᠭ ᠰᠡᠬᠦᠯ ᠰᠢᠩᠬᠡᠨ ᠪᠠ ᠲᠠᠬᠢᠶ᠎ᠠ ᠲᠡᠰ ᠤᠨ  ᠵᠢᠬᠦᠷ ᠮᠡᠳᠦ᠃ ᠦᠬᠡᠷ ᠪᠦᠭᠰᠨ ᠲᠠᠢ᠂ ᠪᠤᠭᠤ ᠶᠢᠨ ᠪᠤᠷᠪᠢ ᠲᠠᠢ᠂ ᠴᠠᠪᠢ ᠨᠢ ᠶᠡᠭᠡ ᠪᠦᠬᠡᠳ ᠡᠪᠴᠢᠬᠦᠨ ᠳᠤ ᠪᠠᠨ  ᠬᠡᠳᠡᠰᠦ ᠲᠠᠢ ᠪᠤᠢ︾ ᠬᠡᠵᠡᠢ᠃           ᠰᠠᠶᠢᠨ ᠤᠨᠠᠭ᠎ᠠ ᠲᠦᠷᠦᠬᠦᠯᠬᠦ ᠠᠵᠢᠷᠭ᠎ᠠ ᠶᠢᠨ ᠰᠢᠨᠵᠢ᠃ ᠲᠡᠯ ᠰᠡᠬᠦᠯ ᠦᠳᠬᠡᠨ᠂ ᠪᠡᠶ᠎ᠡ ᠨᠢ ᠲᠦᠷᠪᠡᠯᠵᠢᠨ  ᠬᠡᠪ ᠲᠠᠢ᠂ ᠪᠠᠳᠦ ᠪᠠᠬᠢ ᠶᠠᠩᠵᠤᠳᠠᠢ ᠬᠡᠰᠡᠨ ᠪᠠᠶᠢᠨ᠎ᠠ᠃ ᠴᠠᠰᠦᠳᠦ ᠶᠢᠨ ᠤᠮᠠᠷ᠎ᠠ ᠵᠦᠭ ᠤᠨ ᠲᠡᠭᠷᠢ ᠶᠢᠨ ᠡᠷᠬᠡᠳᠡᠨ ᠤ  ᠤᠷᠤᠨ ᠳᠤ ᠰᠠᠭᠤᠬᠤ ᠶᠡᠭᠡ ᠠᠷᠰᠢ ᠰᠠᠯᠢᠬᠤᠳᠷᠠ ᠶᠢᠨ ᠬᠤᠷᠢᠶᠠᠮᠵᠢᠯᠠᠬᠰᠠᠨ ︽ᠮᠤᠷᠢᠨ ᠤ ᠨᠠᠰᠦ ᠰᠢᠨᠵᠢ ᠶᠢᠨ  ᠱᠠᠰᠳᠢᠷ︾ ᠬᠡᠳᠡᠭ ᠰᠤᠳᠤᠷ ᠲᠤ ︽ᠤᠨᠠᠭ᠎ᠠ ᠶᠢᠨ ᠪᠡᠶ᠎ᠡ ᠳᠤ ᠬᠡᠢ ᠮᠠᠬᠠᠪᠤᠳ ᠶᠡᠭᠡ ᠪᠦᠷᠢᠯᠳᠦᠪᠡᠯ ᠬᠤᠳᠠᠯᠠ  ᠲᠡᠬᠦᠰᠦᠭᠰᠡᠨ ᠬᠦᠴᠦᠳᠦ ᠬᠤᠷᠳᠤᠨ ᠬᠦᠯᠦᠭ ᠪᠤᠯᠤᠨ᠎ᠠ︾ ᠬᠡᠵᠡᠢ᠃ ᠬᠡᠢ ᠮᠠᠬᠠᠪᠤᠳ ᠬᠡᠰᠡᠨ ᠨᠢ ᠶᠠᠭᠤ ᠪᠤᠢ ᠬᠡᠪᠡᠯ  ᠮᠤᠷᠢᠨ ᠤ ᠰᠢᠨᠵᠢ ᠶᠢᠨ ᠦᠬᠡᠷ᠎ᠡ ᠨᠢᠬᠡᠨ ᠰᠤᠳᠤᠷ ᠲᠤ ᠡᠶᠢᠨᠬᠦ ᠦᠬᠦᠯᠡᠭᠰᠡᠨ ᠢ ᠦᠵᠡᠪᠡᠯ᠄ ᠮᠤᠷᠢ ᠶᠢ ᠲᠡᠭᠷᠢ ᠶᠢᠨ  ᠮᠤᠷᠢ᠂ ᠭᠠᠵᠠᠷ ᠤᠨ ᠮᠤᠷᠢ᠂ ᠰᠢᠪᠠᠭᠤᠨ ᠢᠵᠠᠭᠤᠷᠳᠦ ᠮᠤᠷᠢ᠂ ᠬᠦᠷᠦᠬᠡᠰᠦᠨ ᠢᠵᠠᠭᠤᠷᠳᠦ ᠮᠤᠷᠢ᠂ ᠠᠷᠠᠭᠠᠳᠠᠨ  ᠢᠵᠠᠭᠤᠷᠳᠦ ᠮᠤᠷᠢ᠂ ᠬᠡᠢ ᠮᠠᠬᠠᠪᠤᠳ ᠮᠤᠷᠢ᠂ ᠤᠰᠤᠨ ᠮᠠᠬᠠᠪᠤᠳ ᠬᠡᠵᠦ ᠲᠤᠯᠤᠭ᠎ᠠ ᠨᠠᠢᠮᠠ ᠬᠤᠪᠢᠶᠠᠭᠠᠳ ᠲᠤᠰ  ᠲᠤᠰ ᠲᠤᠨᠢ ᠲᠠᠶᠢᠯᠪᠤᠷᠢᠯᠠᠬᠰᠠᠨ ᠪᠠᠶᠢᠨ᠎ᠠ᠃ ᠡᠬᠦᠨ ᠳᠤ ᠵᠦᠪᠬᠡᠨ ᠭᠠᠭᠴᠠ ᠬᠡᠢ ᠮᠠᠬᠠᠪᠤᠳ ᠤᠨ ᠲᠠᠶᠢᠯᠪᠤᠷᠢ ᠶᠢ  ᠪᠢᠴᠢᠪᠡᠯ ︽᠁ ᠰᠢᠳᠤᠷᠭᠤ ᠪᠤᠯᠤᠭᠠᠳ ᠲᠦᠷᠪᠡᠨ ᠬᠦᠯ ᠲᠡᠭᠰᠢ ᠪᠤᠯᠪᠠᠰᠦ ᠬᠡᠶᠢᠨ ᠬᠡᠢ᠂ ᠪᠦᠭᠳᠦᠷ ᠪᠤᠯᠤᠭᠠᠳ  ᠲᠦᠷᠪᠡᠨ ᠬᠦᠯ ᠲᠡᠭᠰᠢ ᠪᠤᠯ ᠭᠠᠯ ᠤᠨ ᠬᠡᠢ᠃ ᠭᠠᠩᠭᠠᠷ ᠪᠤᠯᠤᠭᠠᠳ ᠲᠦᠷᠪᠡᠨ ᠬᠦᠯ ᠲᠡᠭᠰᠢ ᠪᠤᠯ ᠤᠰᠤᠨ ᠤ ᠬᠡᠢ︾  ᠬᠡᠵᠡᠢ᠃ ᠡᠬᠦᠨ ᠠᠴᠠ ᠦᠵᠡᠪᠡᠯ ᠲᠦᠷᠪᠡᠨ ᠬᠦᠯ ᠲᠡᠭᠰᠢ ᠰᠢᠨᠵᠢ ᠶᠢ ᠬᠡᠢ ᠮᠠᠬᠠᠪᠤᠳ ᠬᠡᠳᠡᠭ ᠨᠢ ᠲᠤᠳᠤᠷᠬᠠᠢ᠃  ᠬᠡᠨᠳᠡᠢ ᠶᠢᠨ ᠠᠶᠢᠮᠠᠭ ᠤᠨ ᠬᠤᠵᠢᠭᠤ ᠦᠶ᠎ᠡ ᠶᠢᠨ ᠤᠶᠠᠭᠠᠴᠢ ᠲᠤᠨᠤᠢ ᠶᠢᠨ ᠵᠢᠭᠮᠢᠳ᠄ ︽᠁ ᠪᠦᠬᠦ ᠶᠠᠰᠤ ᠨᠢ  ᠢᠯᠡᠷᠬᠡᠢ ᠲᠤᠪᠤᠭᠤᠷ᠂ ᠮᠢᠬ᠎ᠠ ᠬᠦᠷᠦᠰᠦ ᠪᠠᠭ᠎ᠠ ᠪᠦᠬᠡᠳ ᠬᠠᠳᠠᠩᠬᠢᠷ᠂ ᠠᠷᠠᠰᠦ ᠰᠤᠯᠠ᠂ ᠦᠰᠦ ᠨᠢ ᠪᠤᠭᠤ ᠶᠢᠨ  ᠦᠰᠦ ᠮᠡᠳᠦ ᠲᠠᠴᠧᠷ᠂ ᠪᠦᠬᠡᠷ᠎ᠡ ᠶᠢᠨ ᠬᠡᠢ ᠪᠠᠭᠠᠬᠠᠨ ᠪᠦᠬᠡᠳ ᠬᠦᠩᠬᠡᠨ ᠰᠠᠶᠢᠬᠠᠨ᠂ ᠠᠮᠢᠰᠬᠤᠯ ᠠᠭᠤᠵᠢᠮ᠂  ᠬᠦᠯᠦᠰᠦ ᠡᠯᠪᠡᠭ᠂ ᠤᠶᠠᠭᠠᠨ ᠳᠤ ᠵᠤᠬᠰᠤᠵᠤ ᠪᠠᠶᠢᠬᠤ ᠳᠤ ᠪᠠᠨ ᠡᠯᠳᠡᠪ ᠢ ᠡᠷᠬᠢᠴᠡᠬᠦᠯᠦᠨ ᠬᠠᠷᠠᠵᠤ ᠡᠷᠬᠢᠵᠦ  ᠲᠤᠭᠤᠷᠢᠵᠤ ᠪᠠᠶᠢᠳᠠᠭ᠃ ᠮᠤᠷᠳᠠᠵᠤ ᠲᠠᠪᠬᠢᠬᠤ ᠳᠤ ᠪᠦᠬᠦ᠋ᠢᠨ ᠲᠠᠪᠬᠢᠬᠤ᠂ ᠠᠳᠤᠭᠤ ᠢᠵᠢᠯ ᠳᠤ ᠪᠠᠨ ᠶᠠᠪᠤᠬᠤ ᠠᠴᠠ  ᠪᠠᠷᠢᠮᠠᠬᠴᠠ ᠲᠡᠬᠡᠷᠳᠡᠬᠦ᠂ ᠪᠠᠷᠢᠬᠰᠠᠨ ᠠᠴᠠ ᠡᠮᠡᠬᠡᠯ ᠵᠠᠰᠠᠮᠠᠬᠴᠠ ᠲᠡᠬᠡᠷᠳᠡᠬᠦ᠂ ᠡᠮᠡᠬᠡᠯ ᠵᠠᠰᠠᠬᠰᠠᠨ ᠠᠴᠠ ᠤᠨᠤᠮᠠᠬᠴᠠ  ᠲᠡᠬᠡᠷᠳᠡᠬᠦ᠂ ᠤᠨᠤᠵᠤ ᠡᠩ ᠤᠨ ᠶᠠᠪᠤᠬᠤ ᠠᠴᠠ ᠲᠠᠪᠬᠢᠮᠠᠬᠴᠠ ᠲᠡᠬᠡᠷᠳᠡᠬᠦ ᠡᠨᠡ ᠮᠡᠳᠦ ᠪᠠᠶᠢᠳᠠᠯ ᠲᠠᠢ ᠮᠤᠷᠢ ᠪᠠᠶᠢᠪᠠᠯ  ᠯᠠᠪᠳᠠᠢ ᠰᠠᠶᠢᠨ ᠮᠤᠷᠢ ᠪᠠᠶᠢᠵᠤ ᠪᠤᠯᠬᠤ ᠶᠤᠮ᠃ ᠮᠦᠨ ᠲᠠᠭᠤ ᠰᠠᠶᠢᠳᠦ ᠶᠢᠨ ᠬᠦᠬᠦᠯ ᠪᠠᠭ᠎ᠠ᠂ ᠰᠤᠷᠮᠤᠤᠰᠦ  ᠰᠠᠶᠢᠳᠦ ᠶᠢᠨ ᠰᠠᠭᠠᠭ ᠤᠨ ᠦᠰᠦ ᠪᠠᠭ᠎ᠠ᠂ ᠰᠢᠳᠦ ᠰᠠᠶᠢᠳᠦ ᠶᠢᠨ ᠤᠷᠤᠭᠤᠯ ᠠᠮᠠ ᠶᠡᠭᠡ ᠪᠠᠶᠢᠨ᠎ᠠ︾ ᠬᠡᠵᠦ  ᠪᠢᠴᠢᠭᠰᠡᠨ ᠪᠠᠶᠢᠨ᠎ᠠ᠃ ᠮᠦᠨ ᠲᠦᠪ ᠠᠶᠢᠮᠠᠭ ᠤᠨ ᠪᠠᠶᠠᠨᠴᠠᠭᠠᠨ ᠰᠤᠮᠤ ᠶᠢᠨ ᠤᠶᠠᠭᠠᠴᠢ ᠪᠠᠳᠤᠪᠠᠶᠡᠷ᠂ ᠭᠤᠮᠪᠤᠳᠤᠷᠵᠢ  ᠨᠠᠷ᠄ ︽᠁ ᠰᠠᠶᠢᠨ ᠴᠡᠬᠡᠵᠢ ᠮᠠᠭᠤ ᠪᠦᠭᠰᠡ ᠪᠠᠨ ᠴᠢᠷᠦᠨ᠎ᠡ᠂ ᠰᠠᠶᠢᠨ ᠪᠦᠭᠰᠡ ᠮᠠᠭᠤ ᠴᠡᠬᠡᠵᠢ ᠪᠠᠨ ᠲᠦᠷᠦᠨ᠎ᠡ᠃  ᠬᠡᠬᠦ ᠳᠤ ᠪᠠᠨ ᠬᠠᠪᠢᠷᠭ᠎ᠠ ᠶᠢᠨ ᠬᠤᠭᠤᠷᠤᠨᠳᠤᠬᠢ ᠵᠠᠢ ᠪᠠᠭ᠎ᠠ ᠪᠠᠶᠢᠬᠤ ᠲᠤᠰᠤᠮ ᠢᠶᠠᠨ ᠰᠠᠶᠢᠨ᠂ ᠦᠭᠡᠷ᠎ᠡ ᠪᠠᠷ ᠬᠡᠯᠡᠪᠡᠯ  ᠵᠠᠯᠭᠠᠭᠠᠰᠦ ᠰᠠᠶᠢᠨ ᠪᠠᠶᠢᠬᠤ ᠬᠡᠷᠡᠭᠳᠡᠢ᠃           ᠤᠷᠳᠦ ᠬᠦᠵᠦᠭᠦᠦ ᠲᠠᠢ ᠨᠠᠮᠤᠬᠠᠨ ᠮᠤᠨᠳᠠᠭ᠎ᠠ ᠲᠠᠢ᠂ ᠪᠦᠭᠰᠡ ᠦᠨᠳᠦᠷ ᠲᠠᠢ᠂ ᠴᠤᠮᠪᠤᠭᠤᠷ ᠪᠠᠶ᠎ᠠ ᠲᠠᠢ ᠲᠠᠭ᠎ᠠ  ᠦᠰᠬᠦ ᠨᠠᠰᠤᠨ ᠳᠤ ᠪᠠᠨ ᠰᠤᠨᠤᠵᠤ ᠬᠤᠪᠢᠷᠠᠪᠠᠯ ᠮᠠᠭᠤ᠃ ᠴᠤᠮᠪᠤᠭᠤᠷ ᠬᠡᠪ ᠢᠶᠠᠷ ᠢᠶᠠᠨ ᠦᠰᠪᠡᠯ ᠰᠠᠶᠢᠨ᠃ ᠲᠠᠭ᠎ᠠ  ᠲᠠᠭ᠎ᠠ ᠠᠴᠠ ᠦᠨᠳᠦᠷ ᠮᠤᠨᠳᠠᠭ᠎ᠠ ᠲᠠᠢ ᠲᠠᠭ᠎ᠠ ᠯᠡ ᠦᠰᠬᠦ ᠳᠤ ᠪᠠᠨ ᠬᠤᠷᠳᠤᠯᠠᠨ᠎ᠠ ᠁ ᠮᠠᠶᠢᠳᠠᠷ ᠤᠨ ᠬᠡᠬᠡᠷ  ᠬᠡᠳᠡᠭ ᠬᠤᠷᠳᠤᠨ ᠰᠠᠶᠢᠨ ᠮᠤᠷᠢᠨ ᠤ ᠬᠤᠶᠢᠳᠦ ᠬᠤᠶᠡᠷ ᠬᠦᠯ ᠨᠢ ᠪᠠᠷᠤᠭ ᠰᠢᠯᠤᠭᠤᠬᠠᠨ ᠰᠢᠬᠠᠭᠤ᠂ ᠬᠤᠶᠡᠷ  ᠲᠤᠶᠢᠭ ᠨᠢ ᠭᠠᠳᠠᠬᠰᠢ ᠪᠠᠨ ᠪᠠᠶᠢᠬᠰᠠᠨ᠃ ᠡᠨᠡ ᠪᠤᠯ ᠰᠠᠶᠢᠨ ᠰᠢᠨᠵᠢ᠂ ᠶᠡᠷᠦᠨᠢ ᠬᠤᠶᠡᠷ ᠪᠤᠷᠪᠢ ᠨᠢ ᠬᠠᠪᠢᠷᠤᠬᠰᠠᠨ  ᠬᠤᠷᠳᠤᠨ ᠮᠤᠷᠢ ᠦᠵᠡᠭᠳᠡᠳᠡᠭ ᠦᠬᠡᠢ᠃ ︵ᠬᠡᠬᠡᠷᠨᠤᠳ ᠮᠦᠩᠬᠡᠳᠡᠯᠬᠡᠷ ᠠ᠊ · ᠪᠠᠶᠠᠷᠮᠠᠩᠯᠠᠢ ︹ ᠮᠤᠩᠭᠤᠯ ᠤᠯᠤᠰ  ︺᠎ ᠶᠢᠨ ︽ᠲᠦᠮᠡᠨ ᠤ ᠡᠬᠢ︾ ᠬᠡᠬᠦ ᠨᠤᠮ ᠠᠴᠠ ᠨᠠᠶᠢᠷᠠᠭᠤᠯᠤᠨ ᠪᠠᠭᠤᠯᠭᠠᠪᠠ︶  
 
ᠢᠷᠡᠯᠲᠡ᠄ ᠤᠷᠳᠣᠰ ᠮᠣᠩᠭᠣᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号