ᠰᠢᠯᠤᠭᠤᠨ ᠬᠦᠬᠡ ᠬᠤᠰᠢᠭᠤ ᠬᠡᠯᠪᠡᠷᠢᠴᠢ ᠦᠵᠡᠯ ᠪᠠ ᠨᠤᠶᠠᠨᠴᠢ ᠦᠵᠡᠯ ᠤᠨ ︽ᠠᠷᠪᠠᠨ ᠢᠯᠡᠷᠡᠯ︾᠎ ᠢ  ᠲᠦᠪᠯᠡᠷᠡᠬᠦᠯᠦᠨ ᠴᠡᠭᠴᠡᠯᠡᠬᠦ ᠠᠵᠢᠯ ᠤᠨ ᠲᠤᠬᠠᠢ ᠲᠠᠶᠢᠴᠢᠯᠠᠯᠳᠠ ᠶᠢᠨ ᠬᠤᠷᠠᠯ ᠬᠤᠷᠠᠯᠳᠤᠭᠤᠯᠪᠠ
ᠨᠡᠶᠢᠲᠡᠯᠡᠭᠰᠡᠨ ᠴᠠᠭ᠄
2018/2/11
       2 ᠰᠠᠷ᠎ᠠ ᠶᠢᠨ 7᠎ ᠤ ᠡᠳᠦᠷ᠂ ᠰᠢᠯᠤᠭᠤᠨ ᠬᠦᠬᠡ ᠬᠤᠰᠢᠭᠤᠨ ᠤ ᠰᠠᠬᠢᠯᠭ᠎ᠠ ᠪᠠᠳᠣ ᠪᠠᠶᠢᠴᠠᠭᠠᠬᠤ ᠬᠤᠷᠢᠶᠠᠨ ᠠᠴᠠ ᠪᠦᠬᠦ ᠬᠤᠰᠢᠭᠤᠨ ᠤ ᠬᠡᠯᠪᠡᠷᠢᠴᠢ ᠦᠵᠡᠯ᠂ ᠨᠤᠶᠠᠨᠴᠢ ᠦᠵᠡᠯ ᠤᠨ ︽ᠠᠷᠪᠠᠨ ᠢᠯᠡᠷᠡᠯ︾᠎ ᠢ ᠲᠦᠪᠯᠡᠷᠡᠭᠦᠯᠦᠨ ᠴᠡᠭᠴᠡᠯᠡᠬᠦ ᠠᠵᠢᠯ ᠤᠨ ᠳᠠᠶᠢᠴᠢᠯᠠᠯᠳᠠ ᠶᠢᠨ ᠬᠤᠷᠠᠯ ᠢ ᠬᠤᠷᠠᠯᠳᠣᠭᠤᠯᠪᠠ᠃ ᠬᠤᠰᠢᠭᠤ ᠨᠠᠮ ᠤᠨ ᠬᠤᠷᠢᠶᠠᠨ ᠤ ᠪᠠᠶᠢᠩᠭᠤ ᠶᠢᠨ ᠭᠡᠰᠢᠭᠦᠨ᠂ ᠰᠠᠬᠢᠯᠭ᠎ᠠ ᠪᠠᠳᠣ ᠪᠠᠶᠢᠴᠠᠭᠠᠬᠤ ᠬᠤᠷᠢᠶᠠᠨ ᠤ ᠱᠦᠵᠢ᠂ ᠬᠢᠨᠠᠨ ᠪᠠᠶᠢᠴᠠᠭᠠᠬᠤ ᠵᠦᠪᠯᠡᠯ ᠤᠨ ᠡᠷᠬᠢᠯᠡᠭᠴᠢ ᠲᠡᠮᠦᠷᠧᠴᠢᠷ ᠬᠤᠷᠠᠯ ᠳᠤ ᠶᠠᠷᠢᠶ᠎ᠠ ᠳᠠᠯᠪᠢᠵᠤ᠂ ᠬᠤᠰᠢᠭᠤ ᠰᠠᠬᠢᠯᠭ᠎ᠠ ᠪᠠᠳᠤ ᠪᠠᠶᠢᠴᠠᠭᠠᠬᠤ ᠬᠤᠷᠢᠶᠠᠨ ᠤ ᠲᠡᠳ᠋ ᠱᠦᠵᠢ᠂ ᠬᠢᠨᠠᠨ ᠪᠠᠶᠢᠴᠠᠭᠠᠬᠤ ᠵᠦᠪᠯᠡᠯ ᠤᠨ ᠲᠡᠳ᠋ ᠡᠷᠬᠢᠯᠡᠭᠴᠢ ᠵᠠᠩ ᠯᠢ ᠪᠢᠩ ᠬᠤᠷᠠᠯ ᠡᠷᠬᠢᠯᠡᠪᠡ᠃        ᠬᠤᠷᠠᠯ ᠲᠡᠭᠡᠷ᠎ᠡ᠂ ᠬᠤᠰᠢᠭᠤ ᠰᠠᠬᠢᠯᠭ᠎ᠠ ᠪᠠᠳᠣ ᠪᠠᠶᠢᠴᠠᠭᠠᠬᠤ ᠬᠤᠷᠢᠶᠠᠨ ᠤ ᠪᠠᠶᠢᠩᠭᠤ ᠶᠢᠨ ᠭᠡᠰᠢᠭᠦᠨ᠂ ᠰᠠᠬᠢᠯᠭ᠎ᠠ ᠪᠠᠳᠣ ᠪᠠᠶᠢᠴᠠᠭᠠᠬᠤ ᠬᠤᠶᠠᠳᠣᠭᠠᠷ ᠳᠠᠰᠤᠭ ᠤᠨ ᠡᠷᠬᠢᠯᠡᠭᠴᠢ ᠵᠦ ᠯᠢᠶᠠᠨ ᠰᠢᠤᠸᠠᠨ ᠠᠴᠠ ︽2018 ᠣᠨ ᠎ ᠤ ᠰᠢᠯᠤᠭᠤᠨ ᠬᠦᠬᠡ ᠬᠤᠰᠢᠭᠤᠨ ᠤ ᠬᠡᠯᠪᠡᠷᠢᠴᠢ ᠦᠵᠡᠯ᠂ ᠨᠤᠶᠠᠨᠴᠢ ᠦᠵᠡᠯ ᠤᠨ ︿ᠠᠷᠪᠠᠨ ᠢᠯᠡᠷᠡᠯ﹀᠎ ᠢ ᠲᠦᠪᠯᠡᠷᠡᠭᠦᠯᠦᠨ ᠴᠡᠭᠴᠡᠯᠡᠬᠦ ᠲᠤᠬᠠᠢ ᠲᠦᠰᠦᠯ︾᠎ ᠢ ᠨᠡᠶᠢᠳᠡᠯᠡᠭᠰᠡᠨ ᠤ ᠬᠠᠮᠳᠣ ᠠᠵᠢᠯ ᠤᠨ ᠡᠭᠦᠷᠭᠡ ᠬᠠᠷᠠᠯᠳᠠ᠂ ᠠᠯᠬᠤᠮ ᠳᠠᠷᠠᠭ᠎ᠠ᠂ ᠵᠤᠬᠢᠶᠠᠨ ᠪᠠᠶᠢᠭᠤᠯᠤᠨ ᠣᠳᠣᠷᠢᠳᠬᠤ ᠳᠠᠯ᠎ᠠ ᠪᠠᠷ ᠨᠠᠷᠢᠯᠢᠭ ᠪᠠᠶᠢᠷᠢᠯᠠᠭᠤᠯᠤᠯᠳᠠ ᠬᠢᠪᠠ᠃        ᠬᠤᠷᠠᠯ ᠠᠴᠠ ᠲᠦᠪᠯᠡᠷᠡᠭᠦᠯᠦᠨ ᠴᠡᠭᠴᠡᠯᠡᠬᠦ ᠠᠵᠢᠯ ᠪᠤᠯ ᠰᠢ ᠶᠢᠨ ᠫᠢᠩ ᠶᠡᠷᠦᠩᠬᠡᠢ ᠱᠦᠵᠢ ᠶᠢᠨ ᠰᠢᠷᠢᠰ ᠴᠢᠬᠤᠯᠠ ᠶᠠᠷᠢᠶ᠎ᠠ ᠪᠠ ᠴᠤᠬᠤᠯᠠᠪᠤᠷᠢ ᠶᠢᠨ ᠵᠤᠷᠢᠭ ᠰᠠᠨᠠᠭ᠎ᠠ ᠵᠢᠴᠢ ᠲᠡᠭᠡᠳᠦ ᠱᠠᠳᠣᠨ ᠤ ᠰᠢᠢᠳᠪᠦᠷᠢᠳᠣ ᠪᠠᠶᠢᠷᠢᠯᠠᠭᠤᠯᠤᠯᠳᠠ ᠶᠢ ᠳᠣᠣᠱᠯᠠᠭᠤᠯᠤᠨ ᠨᠡᠶᠢᠳᠠᠪᠤᠷᠢᠵᠢᠭᠤᠯᠬᠤ ᠶᠢᠨ ᠴᠢᠬᠤᠯᠠ ᠱᠠᠭᠠᠷᠳᠠᠯᠭ᠎ᠠ ᠮᠦᠨ᠃ ᠮᠦᠨᠴᠦ ᠳᠣᠪᠣᠶᠢᠮ᠎ᠠ ᠠᠰᠠᠭᠤᠳᠠᠯ ᠢᠶᠠᠨ ᠰᠢᠢᠳᠪᠦᠷᠢᠯᠡᠵᠦ᠂ ᠰᠤᠷᠳᠠᠯ ᠤᠨ ᠪᠦᠳᠦᠬᠡᠨ ᠪᠠᠶᠢᠭᠤᠯᠤᠯᠳᠠ ᠶᠢᠨ ᠦᠷ᠎ᠠ ᠪᠦᠳᠦᠮᠵᠢ ᠎ ᠪᠠᠨ ᠪᠠᠳᠣᠵᠢᠭᠤᠯᠤᠨ ᠲᠦᠬᠡᠮᠡᠯᠵᠢᠬᠦᠯᠬᠦ ᠶᠢᠨ ᠲᠤᠯᠭᠠᠮ᠎ᠠ ᠱᠠᠭᠠᠷᠳᠠᠯᠭ᠎ᠠ ᠮᠦᠨ᠃ ᠰᠠᠬᠢᠯᠭ᠎ᠠ ᠪᠠᠳᠣ ᠪᠠᠶᠢᠴᠠᠭᠠᠬᠤ ᠪᠠᠶᠢᠭᠤᠯᠭ᠎ᠠ ᠠᠴᠠ ︽ᠲᠦᠷᠪᠡᠨ ᠣᠬᠠᠮᠰᠠᠷ︾᠎ ᠢ ᠦᠢᠯᠡᠳᠦᠯᠬᠡᠵᠢᠬᠦᠯᠦᠨ᠂ ᠣᠯᠣᠰ ᠲᠦᠷᠦ ᠶᠢ ᠡᠷᠬᠢᠮᠯᠡᠵᠦ᠂ ᠪᠦᠬᠦ ᠳᠠᠯ᠎ᠠ ᠶᠢ ᠪᠤᠳᠣᠯᠬᠢᠯᠠᠵᠤ᠂ ᠭᠤᠤᠯ ᠴᠤᠭᠴᠠ ᠶᠢᠨ ᠳᠣᠭᠤᠷᠢᠨ ᠳᠤ ᠬᠢᠨᠠᠯᠳᠠ ᠳᠠᠯᠪᠢᠬᠤ ᠦᠢᠯᠡᠳᠦᠯ ᠢᠶᠠᠨ ᠪᠠᠳᠠᠷᠠᠭᠤᠯᠵᠤ᠂ ᠨᠠᠮ ᠤᠨ ᠪᠦᠬᠦ ᠳᠠᠯ᠎ᠠ ᠶᠢᠨ ᠴᠡᠭᠴᠡᠯᠡᠯᠳᠡ ᠶᠢ ᠠᠬᠢᠭᠤᠯᠬᠤ ᠶᠢᠨ ᠲᠤᠯᠭᠠᠮ᠎ᠠ ᠱᠠᠭᠠᠷᠳᠠᠯᠭ᠎ᠠ ᠮᠦᠨ ᠭᠡᠵᠦ ᠵᠢᠭᠠᠵᠤ ᠭᠠᠷᠭᠠᠪᠠ᠃        ᠬᠤᠷᠠᠯ ᠠᠴᠠ ᠡᠯ᠎ᠡ ᠭᠠᠵᠠᠷ ᠣᠷᠣᠨ᠂ ᠡᠯ᠎ᠡ ᠰᠠᠯᠠᠭ᠎ᠠ ᠮᠦᠴᠢᠷ ᠨᠢ ᠣᠬᠠᠭᠤᠯᠭ᠎ᠠ ᠳᠠᠶᠢᠴᠢᠯᠠᠯᠳᠠ ᠶᠢᠨ ᠠᠵᠢᠯ ᠢ ᠰᠠᠶᠢᠳᠣᠷ ᠬᠢᠵᠦ᠂ ᠨᠠᠮ ᠤᠨ ᠭᠡᠰᠢᠭᠦᠨ ᠺᠳ᠋ᠷᠴᠣᠳ ᠢ ᠵᠤᠬᠢᠶᠠᠨ ᠪᠠᠶᠢᠭᠤᠯᠤᠨ ᠰᠢ ᠶᠢᠨ ᠫᠢᠩ ᠶᠡᠷᠤᠩᠬᠡᠢ ᠱᠦᠵᠢ ᠶᠢᠨ ᠴᠢᠬᠤᠯᠠ ᠵᠢᠭᠠᠪᠤᠷᠢ ᠶᠢᠨ ᠵᠤᠷᠢᠭ ᠰᠠᠨᠠᠭ᠎ᠠ ᠶᠢ ᠨᠠᠷᠢᠨ ᠬᠢᠨᠠᠮᠠᠭᠠᠢ ᠰᠣᠷᠣᠯᠴᠠᠵᠤ᠂ ᠬᠤᠰᠢᠭᠤ ᠰᠠᠬᠢᠯᠭ᠎ᠠ ᠪᠠᠳᠣ ᠪᠠᠶᠢᠴᠠᠭᠠᠬᠤ ᠬᠤᠷᠢᠶᠠᠨ ᠤ ᠲᠦᠪᠯᠡᠷᠡᠭᠦᠯᠦᠨ ᠴᠡᠭᠴᠡᠯᠡᠬᠦ ᠠᠵᠢᠯ ᠤᠨ ᠲᠤᠬᠠᠢ ᠲᠦᠰᠦᠯ ᠢ ᠰᠣᠷᠣᠯᠴᠠᠨ᠂ ᠪᠤᠳᠠᠳᠠᠢ ᠪᠠᠶᠢᠳᠠᠯ ᠲᠠᠢ ᠪᠠᠨ ᠤᠶᠠᠯᠳᠣᠭᠤᠯᠤᠨ᠂ ᠨᠢᠭᠡᠳᠣᠯᠳᠠᠢ ᠲᠦᠯᠦᠪᠵᠢᠭᠦᠯᠦᠨ᠂ ᠴᠡᠭᠴᠡᠯᠡᠨ ᠵᠠᠰᠠᠬᠤ ᠲᠦᠰᠦᠯ ᠎ ᠢᠶᠠᠨ ᠳᠣᠭᠳᠠᠭᠠᠵᠤ᠂ ᠴᠡᠭᠴᠡᠯᠡᠨ ᠵᠠᠰᠠᠬᠤ ᠠᠵᠢᠯ ᠢᠶᠠᠨ ᠡᠷᠴᠢᠮᠳᠠᠢ ᠠᠬᠢᠭᠤᠯᠬᠤ ᠬᠡᠷᠡᠭᠳᠡᠢ᠃ ᠪᠦᠬᠦ ᠬᠤᠰᠢᠭᠤᠨ ᠤ ᠰᠠᠬᠢᠯᠭ᠎ᠠ ᠪᠠᠳᠣ ᠪᠠᠶᠢᠴᠠᠭᠠᠬᠤ ᠬᠤᠷᠢᠶᠠᠨ ᠤ ᠺᠠᠳ᠋ᠷᠴᠣᠳ ᠲᠠᠷᠤᠶᠢᠬᠠᠨ ᠬᠦᠳᠡᠯᠣᠯᠴᠠᠨ᠂ ᠬᠡᠯᠪᠡᠷᠢᠴᠢ ᠦᠵᠡᠯ᠂ ᠨᠤᠶᠠᠨᠴᠢ ᠦᠵᠡᠯ ᠢ ᠣᠬᠠᠮᠰᠠᠷ ᠠᠴᠠ ᠪᠠᠨ ᠬᠤᠷᠢᠭᠯᠠᠵᠦ᠂ ᠲᠡᠭᠡᠳᠦ ᠬᠡᠮᠵᠢᠶᠡᠨ ᠤ ᠣᠯᠣᠰ ᠲᠦᠷᠦ ᠶᠢᠨ ᠬᠠᠷᠢᠭᠤᠴᠠᠯᠭᠠᠳᠣ ᠣᠪᠣᠷ ᠢᠶᠠᠷ ᠠᠰᠠᠭᠤᠳᠠᠯ ᠤᠨ ᠲᠤᠬᠠᠢ ᠦᠵᠡᠯ ᠤᠬᠠᠮᠰᠠᠷ ᠢᠶᠠᠨ ᠴᠢᠩᠭᠠᠳᠬᠠᠵᠦ᠂ ᠡᠬᠦᠷᠬᠡ ᠬᠠᠷᠢᠭᠤᠴᠠᠯᠭ᠎ᠠ ᠪᠠᠨ ᠲᠤᠳᠤᠷᠬᠠᠶᠢᠯᠠᠨ᠂ ᠲᠦᠪᠯᠡᠷᠡᠭᠦᠯᠦᠨ ᠴᠡᠭᠴᠡᠯᠡᠬᠦ ᠠᠵᠢᠯ ᠤᠨ ᠪᠤᠳᠠᠳᠤ ᠦᠷ᠎ᠡ ᠪᠦᠳᠦᠮᠵᠢ ᠶᠢ ᠪᠠᠳᠤᠯᠠᠬᠤ ᠬᠡᠷᠡᠭᠳᠡᠢ ᠬᠡᠵᠦ ᠴᠢᠬᠤᠯᠠᠴᠢᠯᠠᠪᠠ᠃        ᠬᠤᠰᠢᠭᠤ ᠰᠠᠬᠢᠯᠭ᠎ᠠ ᠪᠠᠳᠣ ᠪᠠᠶᠢᠴᠠᠭᠠᠬᠤ ᠬᠤᠷᠢᠶᠠᠨ ᠤ ᠣᠳᠣᠷᠢᠳᠬᠤ ᠪᠠᠭ ᠤᠨ ᠭᠡᠰᠢᠭᠦᠨ᠂ ᠬᠤᠰᠢᠭᠤ ᠨᠠᠮ ᠤᠨ ᠬᠤᠷᠢᠶᠠᠨ ᠤ ᠳᠣᠭᠤᠷᠢᠨ ᠪᠠᠶᠢᠴᠠᠭᠠᠬᠤ ᠪᠠᠶᠢᠭᠤᠯᠤᠮᠵᠢ ᠶᠢᠨ ᠪᠦᠬᠦ ᠭᠡᠰᠢᠭᠦᠨ᠂ ᠡᠯ᠎ᠡ ᠰᠣᠮᠣ ᠪᠠᠯᠭᠠᠰᠣᠨ ︵ᠳᠠᠯᠠᠪᠠᠢ︶᠎ ᠤ ᠰᠠᠬᠢᠯᠭ᠎ᠠ ᠪᠠᠳᠣ ᠪᠠᠶᠢᠴᠠᠭᠠᠬᠤ ᠬᠤᠷᠢᠶᠠᠨ ᠤ ᠱᠦᠵᠢ ᠪᠠ ᠰᠠᠬᠢᠯᠭ᠎ᠠ ᠪᠠᠳᠣ ᠪᠠᠶᠢᠴᠠᠭᠠᠭᠴᠢ᠂ ᠬᠤᠰᠢᠭᠤ ᠰᠠᠬᠢᠯᠭ᠎ᠠ ᠪᠠᠳᠣ ᠪᠠᠶᠢᠴᠠᠭᠠᠬᠤ ᠬᠤᠷᠢᠶᠠᠨ ᠤ ᠡᠯ᠎ᠡ ᠪᠠᠶᠢᠴᠠᠠᠭᠠᠬᠤ ᠳᠣᠭᠤᠶᠢᠯᠠᠩ ᠤᠨ ᠭᠡᠰᠢᠭᠦᠨ᠂ ᠬᠤᠰᠢᠭᠤ ᠰᠠᠬᠢᠯᠭ᠎ᠠ ᠪᠠᠳᠣ ᠪᠠᠶᠢᠴᠠᠭᠠᠬᠤ ᠬᠤᠷᠢᠶᠠᠨ ᠤ ᠪᠠᠶᠢᠴᠠᠭᠠᠬᠤ ᠵᠦᠪᠯᠡᠯ ᠤᠨ ᠪᠦᠬᠦ ᠺᠠᠳ᠋ᠷ ᠬᠤᠷᠠᠯ ᠳᠤ ᠣᠷᠣᠯᠴᠠᠪᠠ᠃ ︵ᠤᠶᠤᠨᠰᠡᠷᠬᠦᠯᠡᠩ ᠤᠷᠴᠢᠭᠤᠯᠵᠦ᠂ ᠮᠦᠳᠡᠭ ᠬᠢᠨᠠᠪᠠ︶
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号