ᠰᠢᠯᠤᠭᠤᠨ ᠬᠦᠬᠡ ᠬᠤᠰᠢᠭᠤ ᠪᠦᠬᠦ ᠬᠤᠰᠢᠭᠤᠨ ᠤ ᠨᠡᠷᠡᠳᠦ ᠬᠦᠮᠦᠰ ᠤᠨ ᠵᠤᠬᠢᠶᠠᠯ ᠪᠦᠳᠦᠬᠡᠯ ᠢ ᠴᠤᠭᠯᠠᠭᠤᠯᠵᠦ ᠪᠤᠢ
ᠨᠡᠶᠢᠲᠡᠯᠡᠭᠰᠡᠨ ᠴᠠᠭ᠄
2018/2/6
        ᠰᠢᠯᠤᠭᠤᠨ ᠬᠦᠬᠡ ᠬᠤᠰᠢᠭᠤᠨ ᠤ ᠦᠨᠳᠦᠰᠦᠳᠡᠨ ᠤ ᠰᠤᠶᠤᠯ ᠲᠡᠤᠬᠡ ᠶᠢᠨ ᠦᠪ ᠬᠦᠨ ᠵᠤᠵᠠᠭᠠᠨ᠂ ᠪᠦᠬᠦ ᠤᠷᠤᠨ ᠤ ᠴᠤᠷ ᠤᠨ ᠭᠠᠭᠴᠠ ᠲᠡᠯᠡᠬᠡᠢ ᠶᠢᠨ ᠰᠤᠶᠤᠯ ᠤᠨ ᠦᠪ ᠤᠨ ᠦᠯᠡᠳᠡᠭᠳᠡᠯ ᠶᠤᠸᠠᠨ ᠤ ᠲᠡᠭᠡᠳᠦ ᠨᠠᠶᠢᠰᠯᠠᠯ ᠤᠨ ᠪᠠᠭᠤᠷᠢ ᠠᠳᠡ ᠰᠠᠭᠤᠷᠢᠰᠢᠵᠦ ᠪᠠᠶᠢᠳᠠᠭ᠃ ᠮᠦᠨᠴᠦ ᠲᠤᠮᠳᠠᠳᠤ ᠤᠯᠤᠰ ᠤᠨ ᠮᠤᠩᠭᠤᠯ ᠬᠡᠯᠡᠨ ᠤ ᠪᠡᠷᠢᠮᠵᠢᠶ᠎ᠠ ᠠᠪᠢᠶᠠᠨ ᠤ ᠰᠠᠭᠤᠷᠢᠨ᠂ ᠴᠠᠬᠠᠷ ᠰᠤᠶᠤᠯ ᠤᠨ ᠨᠡᠶᠢᠳᠡᠯᠢᠭ ᠲᠦᠯᠦᠬᠡᠯᠡᠭᠴᠢ ᠤᠷᠤᠨ᠂ ᠠᠯᠳᠠᠷᠳᠤ ᠰᠢᠯᠦᠭᠴᠢ ᠨᠠ᠊  ᠰᠠᠶᠢᠨᠴᠤᠭᠳᠤ᠂ ᠨᠡᠷᠡᠳᠦ ᠵᠢᠷᠤᠭᠴᠢᠨ ᠠᠭᠸᠠᠩ᠂ ᠤᠷᠠᠯᠢᠭᠴᠢᠨ ᠪᠠᠪᠤᠳᠦ᠋ᠷᠵᠢ᠂ ᠲᠠᠭᠤᠴᠢᠨ ᠴᠢᠯᠠᠭᠤ ᠂ ᠲᠡᠤᠬᠡ ᠶᠢᠨ ᠡᠷᠳᠡᠮᠳᠡᠨ ᠰᠠᠶᠢᠰᠢᠶᠠ ᠵᠡᠷᠬᠡ ᠪᠦᠬᠦ ᠤᠯᠤᠰ ᠵᠢᠴᠢ ᠲᠡᠯᠡᠬᠡᠢ ᠲᠠᠶᠠᠭᠠᠷ ᠠᠯᠳᠠᠷᠳᠠᠢ ᠦᠯᠡᠮᠵᠢ ᠤᠯᠠᠨ ᠨᠡᠷᠡᠳᠦ ᠬᠦᠮᠦᠰ ᠡᠨᠡ ᠨᠤᠳᠤᠭ ᠠᠴᠠ ᠴᠤᠯᠭᠤᠷᠠᠨ ᠭᠠᠷᠤᠭᠰᠠᠨ ᠶᠤᠮ᠃        ᠰᠢᠯᠢᠳᠡᠭ ᠰᠤᠶᠣᠯ ᠢᠶᠠᠨ ᠠᠭᠤᠳᠠᠯᠯᠠᠨ ᠤᠯᠠᠮᠵᠢᠯᠠᠵᠦ᠂ ᠬᠦᠭᠵᠢᠬᠦᠯᠦᠨ ᠬᠠᠮᠠᠭᠠᠯᠠᠬᠤ ᠶᠢᠨ ᠲᠤᠯᠠᠳᠠ ᠬᠤᠰᠢᠭᠤ ᠤᠳᠬ᠎ᠠ ᠤᠷᠠᠯᠢᠭ ᠤᠨ ᠬᠤᠯᠪᠤᠭ᠎ᠠ᠂ ᠨᠤᠮ ᠤᠨ ᠰᠠᠩ ᠨᠢ ᠬᠠᠮᠳᠤᠪᠡᠷ ︽ᠰᠢᠯᠤᠭᠤᠨ ᠬᠦᠬᠡ ᠬᠤᠰᠢᠭᠤᠨ ᠎ ᠤ ᠤᠷᠤᠨ ᠨᠤᠳᠤᠭ ᠤᠨ ᠰᠤᠶᠤᠯ ᠲᠡᠤᠬᠡ ᠶᠢᠨ ᠲᠠᠰᠤᠭ︾᠎ ᠢ ᠪᠠᠶᠢᠭᠤᠯᠵᠦ᠂ ᠤᠷᠤᠨ ᠨᠤᠳᠤᠭ ᠤᠨ ᠰᠤᠶᠤᠯ ᠲᠡᠤᠬᠡ ᠂ ᠨᠡᠷᠡᠳᠦ ᠬᠦᠮᠦᠰ ᠤᠨ ᠵᠤᠬᠢᠶᠠᠯ ᠪᠦᠳᠦᠬᠡᠯ ᠢ ᠴᠤᠭᠯᠠᠭᠤᠯᠬᠤ ᠠᠵᠢᠯ ᠢ ᠦᠷᠨᠢᠬᠦᠯᠵᠦ᠂ ᠪᠦᠬᠦᠶᠢᠯᠡ ᠴᠤᠭᠯᠠᠭᠤᠯᠤᠭᠰᠠᠨ ᠪᠦᠳᠦᠬᠡᠯ ᠢᠶᠠᠨ ᠤᠷᠤᠨ ᠨᠤᠳᠤᠭ ᠤᠨ ᠰᠤᠶᠤᠯ ᠲᠡᠤᠬᠡ ᠶᠢᠨ ᠲᠠᠰᠤᠭ ᠲᠤ ᠬᠠᠳᠠᠭᠠᠯᠠᠨ᠂ ᠦᠷᠬᠡᠨ ᠤᠯᠠᠨ ᠤᠩᠰᠢᠭᠴᠢᠳ ᠤᠨ ᠮᠠᠨ ᠤ ᠬᠤᠰᠢᠭᠤᠨ ᠤ ᠰᠤᠶᠤᠯ ᠲᠡᠤᠬᠡ ᠵᠢᠴᠢ ᠨᠡᠷᠡᠳᠦ ᠬᠦᠮᠦᠰ ᠤᠨ ᠲᠤᠬᠠᠢ ᠨᠠᠷᠢᠨ ᠤᠶᠢᠯᠠᠭᠠᠬᠤ ᠳᠤ ᠲᠦᠬᠦᠮ ᠦᠵᠡᠬᠦᠯᠬᠦ ᠪᠠᠷ ᠪᠠᠶᠢᠨ᠎ᠠ᠃ ᠤᠳᠤ ᠪᠤᠯᠬᠤ ᠳᠤ ᠠᠯᠳᠠᠷᠳᠤ ᠵᠤᠬᠢᠶᠠᠯᠴᠢ ᠨᠠ᠊ ᠰᠠᠶᠢᠨᠴᠤᠭᠳᠤ᠂ ᠭᠠᠩᠫᠦ᠋ᠷᠪᠦ᠂ ᠱ᠊  ᠵᠠᠮᠪᠠᠯᠵᠠᠪ᠂ ᠭᠤ  ᠷᠡᠰᠢᠵᠡᠪ᠂ ᠰᠠᠶᠢᠰᠢᠶᠠ ᠵᠡᠷᠬᠡ 80 ᠭᠠᠷᠤᠢ ᠬᠦᠮᠦᠰ ᠤᠨ ᠰᠤᠶᠤᠯ ᠤᠷᠠᠯᠢᠭ᠂ ᠪᠠᠶᠢᠭᠠᠯᠢ ᠶᠢᠨ ᠰᠢᠨᠵᠢᠯᠡᠬᠦ ᠤᠬᠠᠭᠠᠨ ᠤ ᠬᠦᠷᠢᠶ᠎ᠡ ᠬᠡᠪᠴᠢᠶᠠᠨ ᠳᠤ ᠨᠡᠶᠢᠳᠡᠯᠡᠭᠰᠡᠨ 300 ᠭᠠᠷᠤᠢ ᠪᠦᠳᠦᠬᠡᠯ ᠢ ᠴᠤᠭᠯᠠᠭᠤᠯᠤᠭᠠᠳ ᠪᠤᠢ᠃ ︵ᠮᠦᠳᠡᠭ ᠤᠷᠴᠢᠭᠤᠯᠤᠨ ᠬᠢᠨᠠᠪᠠ︶
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号