ᠢᠷᠭᠡᠨ ᠤ ᠬᠤᠭᠤᠷᠤᠨᠳᠤᠬᠢ ᠵᠢᠭᠡᠯᠡᠯᠭᠡ ᠶᠢᠨ ᠲᠤᠬᠠᠢ ᠬᠡᠳᠦᠨ ᠰᠠᠨᠠᠭᠠᠯᠤᠮᠵᠢ
ᠨᠡᠶᠢᠲᠡᠯᠡᠭᠰᠡᠨ ᠴᠠᠭ᠄
2018/2/6
                               ᠵᠣᠬᠢᠶᠠᠭᠴᠢ᠄  ᠨᠠᠬᠢᠶ᠎ᠠ      ᠤᠶᠢᠷ᠎ᠠ ᠶᠢᠨ ᠵᠢᠯ ᠠᠴᠠ ᠨᠠᠰᠢ᠂ ᠤᠯᠤᠰ ᠠᠴᠠ ᠬᠦᠦ ᠮᠦᠩᠭᠦ ᠶᠢᠨ ᠲᠦᠷᠦ ᠶᠢᠨ ᠪᠤᠳᠤᠯᠭ᠎ᠠ ᠳᠤ ᠲᠤᠬᠢᠷᠠᠭᠤᠯᠤᠯᠳᠠ ᠬᠢᠭᠰᠡᠨ ᠠᠴᠠ ᠪᠤᠯᠵᠦ ᠮᠠᠯᠴᠢᠳ ᠪᠠᠭ᠎ᠠ ᠨᠤᠷᠮ᠎ᠠ ᠶᠢᠨ ᠢᠳᠡᠭᠡᠮᠵᠢ ᠶᠢᠨ ᠵᠢᠭᠡᠯᠡᠯᠭᠡ ᠤᠯᠬᠤ ᠳᠤ ᠬᠦᠴᠢᠷᠳᠡᠭᠰᠡᠨ ᠤ ᠲᠡᠭᠡᠷ᠎ᠡ ᠮᠠᠯᠵᠢᠬᠤ ᠤᠷᠤᠨ ᠢᠶᠠᠷ ᠬᠤᠷ᠎ᠠ ᠪᠤᠷᠤᠭᠠᠨ ᠲᠡᠭᠰᠢ ᠦᠭᠡᠢ᠂ ᠭᠠᠩ ᠭᠠᠴᠢᠭ ᠬᠡᠴᠡᠭᠦᠳᠡᠵᠦ ᠂ ᠮᠠᠯ ᠤᠨ ᠠᠰᠢᠭ ᠰᠢᠮ᠎ᠡ ᠶᠢᠨ ᠦᠨ᠎ᠡ ᠬᠠᠩᠰᠢ ᠪᠠᠭᠤᠷᠠᠭᠰᠠᠨ ᠵᠡᠷᠭᠡ ᠠᠴᠠ ᠰᠢᠯᠳᠠᠭᠠᠯᠠᠭᠳᠠᠵᠦ᠂ ᠢᠷᠭᠡᠨ ᠤ ᠬᠤᠭᠤᠷᠤᠨᠳᠤᠬᠢ ᠵᠢᠭᠡᠯᠡᠯᠭᠡ ᠶᠢᠨ ᠠᠵᠢᠯᠯᠠᠭ᠎ᠠ ᠵᠢᠯ ᠠᠴᠠ ᠵᠢᠯ ᠤᠯᠠᠰᠢᠷᠠᠭᠰᠠᠨ ᠪᠠᠶᠢᠨ᠎ᠠ᠃ ᠰᠢᠨ᠎ᠡ ᠪᠠᠷᠭᠤ ᠪᠠᠷᠠᠭᠤᠨ ᠬᠤᠰᠢᠭᠤᠨ ᠤ ᠠᠷᠠᠳ ᠤᠨ ᠰᠢᠭᠦᠬᠦ ᠬᠤᠷᠢᠶ᠎ᠠ 2017 ᠤᠨ ᠳᠤ ᠭᠠᠵᠠᠷ ᠤᠷᠤᠨ ᠤ ᠪᠤᠳᠠᠳᠠᠢ ᠲᠠᠢ ᠤᠶᠠᠯᠳᠤᠭᠤᠯᠤᠨ ᠲᠦᠷᠭᠡᠨ ᠲᠠᠰᠤᠯᠬᠤ ᠲᠤᠭᠤᠶᠢᠯᠠᠩ ᠢ ᠪᠠᠶᠢᠭᠤᠯᠵᠦ᠂ ᠢᠷᠭᠡᠨ ᠤ ᠬᠤᠭᠤᠷᠤᠨᠳᠤᠬᠢ ᠵᠢᠭᠡᠯᠡᠯᠭᠡ ᠶᠢᠨ ᠵᠢᠭᠤᠷᠭᠠᠨ ᠤ ᠬᠡᠷᠡᠭ ᠢ ᠴᠠᠭ ᠲᠤᠬᠠᠢ ᠳᠤᠨᠢ ᠰᠢᠭᠦᠨ ᠰᠢᠢᠳᠪᠦᠷᠢᠯᠡᠬᠦ ᠪᠠᠷ ᠭᠤᠤᠯᠳᠠᠭᠤᠯᠤᠨ᠂ ᠮᠠᠯᠴᠢᠳ ᠤᠨ ᠲᠠᠷᠤᠭᠠᠰᠦ ᠶᠢ ᠬᠦᠩᠭᠡᠷᠡᠭᠦᠯᠵᠦ ᠨᠡᠶᠢᠭᠡᠮ ᠤᠨ ᠡᠶ᠎ᠡ ᠨᠠᠶᠢᠷᠠᠮᠳᠠᠯ ᠢ ᠠᠬᠢᠭᠤᠯᠬᠤ ᠳᠤ ᠢᠳᠡᠪᠬᠢ ᠨᠦᠯᠦᠭᠡ ᠦᠵᠡᠭᠦᠯᠵᠦ ᠪᠠᠶᠢᠨ᠎ᠠ᠃ ᠲᠤᠰ ᠲᠤᠭᠤᠶᠢᠯᠠᠩ ᠨᠢ ᠪᠠᠶᠢᠭᠤᠯᠤᠭᠳᠠᠭᠰᠠᠨ ᠠᠴᠠ ᠪᠠᠨ ᠨᠠᠰᠢ ᠢᠷᠭᠡᠨ ᠤ ᠬᠤᠭᠤᠷᠤᠨᠳᠤᠬᠢ ᠵᠢᠭᠡᠯᠡᠯᠭᠡ ᠶᠢᠨ ᠵᠢᠭᠤᠷᠭᠠᠨ ᠤ ᠬᠡᠷᠡᠭ ᠤᠨ ᠰᠢᠭᠦᠯᠳᠡ ᠳᠤ ᠦᠷᠭᠦᠯᠵᠢ ᠲᠤᠬᠢᠶᠠᠯᠳᠤᠳᠠᠭ ᠵᠢᠭᠤᠷᠭᠠᠨ ᠤ ᠦᠨᠳᠦᠰᠦ ᠪᠤᠯᠵᠦ ᠪᠠᠶᠢᠭ᠎ᠠ ᠬᠡᠳᠦᠨ ᠠᠰᠠᠭᠤᠳᠠᠯ ᠢ ᠬᠤᠷᠢᠶᠠᠩᠭᠤᠶᠢᠯᠠᠨ ᠭᠠᠷᠭᠠᠵᠦ᠂ ᠮᠠᠯᠴᠢᠨ ᠲᠦᠮᠡᠨ ᠤ ᠪᠠᠨ ᠵᠢᠭᠡᠯᠡᠯᠭᠡ ᠶᠢᠨ ᠠᠵᠢᠯᠯᠠᠭ᠎ᠠ ᠳᠤ ᠲᠤᠰᠠ ᠲᠡᠮᠵᠢᠯᠭᠡ ᠦᠵᠡᠭᠦᠯᠬᠦ ᠡᠭᠦᠳᠡᠨ ᠠᠴᠠ ᠰᠡᠳᠬᠢᠮᠵᠢᠯᠡᠵᠦ ᠶᠠᠪᠤᠨ᠎ᠠ᠃      ᠨᠢᠭᠡ᠂ ᠵᠠᠭᠠᠯᠳᠤᠭᠳᠠᠭᠴᠢ ᠨᠢ ᠦᠨᠡᠨᠬᠦ ᠵᠤᠭᠤᠰ ᠮᠦᠩᠭᠦ ᠡᠳ᠋ ᠬᠦᠷᠦᠩᠭᠡ ᠦᠭᠡᠢ ᠠᠴᠠ ᠪᠤᠯᠵᠦ ᠵᠢᠭᠡᠯᠡᠭᠰᠡᠨ ᠵᠤᠭᠤᠰ ᠢᠶᠠᠨ ᠪᠤᠴᠠᠭᠠᠵᠦ ᠴᠢᠳᠠᠬᠤ ᠦᠭᠡᠢ᠃      ᠬᠤᠶᠠᠷ᠂ ᠵᠠᠭᠠᠯᠳᠤᠭᠳᠠᠭᠴᠢ ᠨᠢ ᠵᠠᠭᠠᠯᠳᠤᠭᠴᠢ ᠳᠤ ᠵᠤᠭᠤᠰ ᠵᠢᠭᠡᠯᠡᠭᠰᠡᠨ ᠭᠡᠷᠡᠴᠢ ᠪᠢᠴᠢᠵᠦ ᠦᠭᠭᠦᠭᠰᠡᠨ ᠪᠤᠯᠪᠠᠴᠤ ᠡᠯᠳᠡᠪ ᠤᠨ ᠰᠢᠯᠳᠠᠭᠠᠨ ᠠᠴᠠ ᠪᠤᠯᠵᠦ ᠵᠢᠭᠡᠯᠡᠭᠰᠡᠨ ᠵᠤᠭᠤᠰ ᠢᠶᠠᠨ ᠠᠪᠤᠭᠰᠠᠨ ᠦᠭᠡᠢ᠂ ᠵᠤᠭᠤᠰ ᠵᠢᠭᠡᠯᠡᠭᠰᠡᠨ ᠭᠡᠷᠡᠴᠢ ᠪᠠᠶᠢᠪᠠᠴᠤ ᠵᠤᠭᠤᠰ ᠵᠢᠭᠡᠯᠡᠭᠰᠡᠨ ᠪᠤᠳᠠᠳᠤ ᠤᠴᠢᠷ ᠡᠭᠦᠰᠦᠭᠰᠡᠨ ᠦᠭᠡᠢ᠃      ᠭᠤᠷᠪᠠ᠂ ᠵᠢᠭᠡᠯᠡᠯᠭᠡ ᠶᠢᠨ ᠬᠤᠭᠤᠴᠠᠭ᠎ᠠ ᠬᠡᠳᠦ ᠤᠷᠳᠤᠳᠠᠭᠰᠠᠨ ᠠᠴᠠ ᠪᠤᠯᠵᠦ ᠦᠷᠢ ᠦᠭᠴᠡᠭᠡ ᠲᠤᠳᠤᠷᠬᠠᠢ ᠦᠭᠡᠢ ᠪᠤᠯᠤᠭᠰᠠᠨ᠃      ᠲᠦᠷᠪᠡ᠂ ᠪᠠᠳᠤᠯᠠᠭᠴᠢ ᠶᠢᠨ ᠪᠠᠳᠤᠯᠠᠬᠤ ᠬᠤᠭᠤᠴᠠᠭᠠᠨ ᠳᠤ ᠦᠷᠢ ᠪᠠᠨ ᠨᠡᠬᠡᠭᠰᠡᠨ ᠪᠤᠯᠪᠠᠴᠤ ᠦᠷᠢ ᠨᠡᠬᠡᠵᠦ ᠦᠩᠭᠡᠷᠡᠭᠰᠡᠨ ᠭᠡᠷᠡᠴᠢ ᠪᠠᠷᠢᠮᠳᠠ ᠦᠭᠡᠢ᠃      ᠲᠠᠪᠦ᠂ ᠪᠠᠷᠢᠴᠠᠭᠠᠨ ᠤ ᠪᠤᠳᠠᠰ ᠤᠨ ᠲᠤᠬᠠᠶᠢᠳᠠᠢ ᠬᠡᠯᠡᠯᠴᠡᠵᠦ ᠲᠤᠭᠳᠠᠭᠰᠠᠨ ᠪᠤᠯᠪᠠᠴᠤ ᠪᠠᠷᠢᠴᠠᠭᠠᠯᠠᠬᠤ ᠪᠦᠷᠢᠨ ᠭᠦᠢᠴᠡᠳᠭᠡᠯ ᠭᠢᠭᠰᠡᠨ ᠦᠭᠡᠢ᠃      ᠵᠢᠷᠭᠤᠭ᠎ᠠ᠂ ᠵᠢᠭᠡᠯᠡᠯᠭᠡ ᠶᠢᠨ ᠭᠡᠷᠡᠴᠢ ᠪᠢᠴᠢᠬᠦ ᠳᠡᠭᠡᠨ ᠡᠬᠡ ᠮᠦᠩᠭᠦ ᠬᠦᠦ ᠮᠦᠩᠭᠦ ᠬᠤᠶᠠᠷ ᠢ ᠬᠠᠮᠳᠦ ᠳᠤᠨᠢ ᠨᠡᠮᠡᠵᠦ ᠪᠢᠴᠢᠭᠡᠳ ᠬᠦᠦ ᠮᠦᠩᠭᠦ ᠠᠪᠬᠤ ᠪᠠᠷ ᠰᠠᠨᠠᠭᠠᠴᠢᠯᠠᠵᠦ ᠪᠠᠶᠢᠬᠤ᠃      ᠲᠤᠯᠤᠭ᠎ᠠ᠂ ᠬᠤᠶᠠᠷ ᠲᠠᠯ᠎ᠠ ᠪᠠᠷ ᠢᠶᠠᠨ ᠬᠦᠦ ᠮᠦᠩᠭᠦ ᠶᠢᠨ ᠲᠤᠬᠠᠶᠢᠳᠠᠢ ᠬᠡᠯᠡᠯᠴᠡᠵᠦ ᠲᠤᠭᠳᠠᠭᠰᠠᠨ ᠪᠤᠯᠪᠠᠴᠤ ᠭᠡᠷᠡᠴᠢ ᠪᠢᠴᠢᠭ ᠲᠡᠭᠡᠨ ᠲᠤᠳᠤᠷᠬᠠᠶᠢᠯᠠᠨ ᠪᠢᠴᠢᠭᠰᠡᠨ ᠦᠭᠡᠢ᠃      ᠨᠠᠢᠮᠠ᠂ ᠰᠢᠨ᠎ᠡ ᠭᠡᠷᠡᠴᠢ ᠭᠠᠷᠭᠠᠵᠦ ᠦᠭᠭᠦᠭᠡᠳ ᠤᠤᠯ ᠤᠨ ᠭᠡᠷᠡᠴᠢ ᠪᠠᠨ ᠪᠤᠴᠠᠭᠠᠵᠦ ᠠᠪᠤᠭᠰᠠᠨ ᠦᠭᠡᠢ᠃      ᠶᠢᠰᠦ᠂ ᠵᠢᠭᠡᠯᠡᠭᠰᠡᠨ ᠵᠤᠭᠤᠰ ᠢᠶᠠᠨ ᠪᠤᠴᠠᠭᠠᠭᠰᠠᠨ ᠪᠤᠯᠪᠠᠴᠤ ᠵᠢᠭᠡᠯᠡᠭᠦᠯᠦᠭᠴᠢ ᠪᠠᠷ ᠵᠤᠭᠤᠰ ᠬᠤᠷᠢᠶᠠᠨ ᠤᠯᠤᠭᠰᠠᠨ ᠭᠡᠷᠡᠴᠢ ᠪᠢᠴᠢᠭᠦᠯᠦᠭᠰᠡᠨ ᠦᠭᠡᠢ᠃      ᠲᠡᠭᠡᠷ᠎ᠡ ᠶᠠᠷᠢᠭᠰᠠᠨ ᠬᠡᠳᠦᠨ ᠠᠰᠠᠭᠤᠳᠠᠯ ᠨᠢ ᠤᠳᠤᠬᠠᠨ ᠤ ᠢᠷᠭᠡᠨ ᠤ ᠬᠤᠭᠤᠷᠤᠨᠳᠤᠬᠢ ᠵᠢᠭᠡᠯᠡᠯᠭᠡ ᠶᠢᠨ ᠵᠢᠭᠤᠷᠭᠠᠨ ᠳᠤ ᠦᠷᠭᠦᠯᠵᠢ ᠤᠷᠤᠰᠢᠵᠦ ᠪᠠᠶᠢᠭ᠎ᠠ ᠮᠦᠷᠳᠡᠭᠡᠨ ᠵᠢᠭᠡᠯᠡᠯᠭᠡ ᠶᠢᠨ ᠬᠤᠶᠠᠷ ᠲᠠᠯ᠎ᠠ ᠶᠢᠨ ᠲᠤᠬᠠᠢ ᠶᠢᠨ ᠬᠦᠮᠦᠨ ᠤ ᠠᠰᠢᠭ ᠲᠤᠰᠠ ᠲᠠᠢ ᠰᠢᠭᠤᠳ ᠬᠤᠯᠪᠤᠭᠳᠠᠯᠳᠠᠢ᠃ ᠮᠠᠯᠴᠢᠨ ᠲᠦᠮᠡᠨ ᠮᠢᠨᠢ ᠢᠷᠭᠡᠨ ᠤ ᠬᠤᠭᠤᠷᠤᠨᠳᠤᠬᠢ ᠵᠢᠭᠡᠯᠡᠯᠭᠡ ᠶᠢᠨ ᠶᠠᠪᠤᠴᠠ ᠳᠠᠭᠠᠨ ᠲᠡᠭᠡᠷᠡᠬᠢ ᠬᠡᠳᠦᠨ ᠠᠰᠠᠭᠤᠳᠠᠯ ᠢ ᠰᠡᠳᠬᠢᠯ ᠳᠡᠭᠡᠨ ᠰᠢᠩᠭᠡᠭᠡᠵᠦ᠂ ᠦᠪᠡᠷ ᠤᠨ ᠡᠷᠬᠡ ᠠᠰᠢᠭ ᠢᠶᠠᠨ ᠬᠠᠮᠠᠭᠠᠯᠠᠵᠦ ᠶᠠᠪᠤᠭᠠᠷᠠᠢ︕      ᠨᠢᠭᠡ᠂ ᠵᠢᠭᠡᠯᠡᠯᠭᠡ ᠶᠢᠨ ᠭᠡᠷᠡᠴᠢ ᠪᠢᠴᠢᠭᠡᠳ ᠵᠤᠭᠤᠰ ᠢᠶᠠᠨ ᠠᠪᠤᠭᠰᠠᠨ ᠦᠭᠡᠢ ᠪᠤᠯ ᠲᠡᠷᠡ ᠲᠠᠷᠦᠢ ᠳᠤᠨᠢ ᠵᠢᠭᠡᠯᠡᠯᠭᠡ ᠶᠢᠨ ᠭᠡᠷᠡᠴᠢ ᠪᠠᠨ ᠪᠤᠴᠠᠭᠠᠨ ᠠᠪᠤᠭᠠᠷᠠᠢ᠃      ᠬᠤᠶᠠᠷ᠂ ᠪᠠᠷᠢᠴᠠᠭᠠᠨ ᠤ ᠪᠤᠳᠠᠰ ᠤᠨ ᠲᠤᠬᠠᠶᠢᠳᠠᠢ ᠬᠡᠯᠡᠯᠴᠡᠵᠦ ᠲᠤᠭᠳᠠᠭᠰᠠᠨ ᠪᠤᠯ ᠬᠠᠮᠢᠶ᠎ᠠ ᠪᠦᠬᠦᠢ ᠬᠠᠤᠯᠢ ᠶᠤᠰᠤᠨ ᠤ ᠭᠠᠷ ᠭᠦᠢᠴᠡᠳᠭᠡᠯ ᠢᠶᠠᠨ ᠬᠢᠵᠦ ᠪᠠᠶᠢᠭᠠᠷᠠᠢ︕      ᠭᠤᠷᠪᠠ᠂ ᠪᠠᠳᠤᠯᠠᠭᠴᠢ ᠠᠴᠠ ᠦᠷᠢ ᠨᠡᠬᠡᠵᠦ ᠦᠩᠭᠡᠷᠡᠭᠰᠡᠨ ᠪᠤᠯ ᠭᠡᠷᠡᠴᠢ ᠪᠠᠷᠢᠮᠳᠠ ᠦᠯᠡᠳᠡᠭᠡᠬᠦ ᠪᠠᠨ ᠪᠤᠤ ᠮᠠᠷᠳᠠᠭᠠᠷᠠᠢ︕      ᠲᠦᠷᠪᠡ᠂ ᠵᠤᠭᠤᠰ ᠵᠢᠭᠡᠯᠡᠭᠰᠡᠨ ᠭᠡᠷᠡᠴᠢ ᠪᠢᠴᠢᠬᠦ ᠳᠡᠭᠡᠨ ᠡᠬᠡ ᠮᠦᠩᠭᠦ ᠬᠢᠭᠡᠳ ᠬᠦᠦ ᠮᠦᠩᠭᠦ ᠶᠢ ᠬᠠᠮᠳᠦ ᠳᠤᠨᠢ ᠪᠤᠤ ᠪᠢᠴᠢ᠂ ᠬᠠᠷᠢᠨ ᠡᠬᠡ ᠮᠦᠩᠭᠦ ᠪᠠᠨ ᠪᠢᠴᠢᠭᠰᠡᠨ ᠰᠠᠭᠤᠷᠢᠨ ᠲᠡᠭᠡᠷ᠎ᠡ ᠬᠦᠦ ᠮᠦᠩᠭᠦᠨ ᠤ ᠬᠠᠮᠢᠶᠠᠳᠠᠢ ᠵᠦᠢᠯᠡᠰ ᠢᠶᠠᠨ ᠲᠤᠳᠤᠷᠬᠠᠶᠢᠯᠠᠨ ᠪᠢᠴᠢᠵᠦ ᠪᠠᠶᠢᠭᠠᠷᠠᠢ︕      ᠲᠠᠪᠦ᠂ ᠰᠢᠨ᠎ᠡ ᠭᠡᠷᠡᠴᠢ ᠪᠢᠴᠢᠭ ᠪᠢᠴᠢᠭᠰᠡᠨ ᠪᠤᠯ ᠤᠤᠯ ᠤᠨ ᠭᠡᠷᠡᠴᠢ ᠪᠢᠴᠢᠭ ᠢᠶᠠᠨ ᠡᠭᠡᠭᠦᠯᠦᠨ ᠠᠪᠬᠤ ᠪᠠᠨ ᠪᠤᠤ ᠮᠠᠷᠳᠠᠭᠠᠷᠠᠢ︕      ᠵᠢᠷᠭᠤᠭ᠎ᠠ᠂ ᠵᠤᠭᠤᠰ ᠢᠶᠠᠨ ᠪᠤᠴᠠᠭᠠᠨ ᠦᠩᠭᠦᠭᠰᠡᠨ ᠪᠤᠯ ᠵᠢᠭᠡᠯᠡᠭᠦᠯᠦᠭᠴᠢ ᠪᠠᠷ ᠵᠤᠭᠤᠰ ᠬᠤᠷᠢᠶᠠᠨ ᠤᠯᠤᠭᠰᠠᠨ ᠭᠡᠷᠡᠴᠢ ᠪᠢᠴᠢᠭᠦᠯᠬᠦ ᠪᠠᠨ ᠴᠡᠭᠡᠵᠢᠯᠡᠵᠦ ᠪᠠᠶᠢᠭᠠᠷᠠᠢ︕
 
ᠢᠷᠡᠯᠲᠡ᠄ ᠦᠪᠦᠷ ᠮᠤᠩᠭᠤᠯ ᠤᠨ ᠮᠤᠩᠭᠤᠯ ᠰᠤᠨᠢᠨ ᠰᠦᠯᠵᠢᠶ᠎ᠡ ᠶᠢᠨ ᠬᠤᠯᠪᠤᠭ᠎ᠠ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号