ᠰᠸ᠊᠂ ᠲᠡᠮᠤᠷ | ᠬᠡᠤᠬᠡᠳ ᠤᠨᠤᠬᠤᠷ ᠦᠬᠦᠯᠡᠯᠭᠡ ᠬᠤᠶᠠᠷ | | ᠪᠢᠴᠢᠬᠠᠨ ᠠᠩᠭᠢᠷ ᠤᠨ ᠪᠤᠳᠤᠯ ᠬᠦᠰᠡᠯ | ᠵᠢᠭᠠᠯ ᠠᠩᠭᠢᠷ ᠵᠤᠨ ᠤ ᠠᠮᠠᠷᠠᠯᠲᠠ ᠶᠢᠨ ᠴᠢᠯᠤᠭᠡ ᠪᠠᠷ ᠭᠡᠷ ᠲᠡᠭᠡᠨ ᠢᠷᠡᠪᠡ᠃ ᠭᠠᠩ ᠤᠨ ᠨᠠᠷᠠ ᠰᠢᠷᠠᠭᠠᠳ | ᠭᠠᠵᠠᠷ ᠳᠡᠯᠡᠬᠡᠢ ᠲᠤᠭᠤᠰᠤᠷᠠᠨ ᠳᠦᠩᠰᠤᠶᠢᠨᠡ᠃ ᠠᠪᠤ ᠨᠢ ᠬᠤᠨᠢᠳ ᠢᠶᠠᠨ ᠴᠤᠭᠯᠠᠭᠤᠯᠬᠤ ᠪᠠᠷ ᠶᠠᠪᠤᠭᠰᠠᠨ ᠪᠠᠶᠢᠯ᠎ᠠ | ᠃ ᠦᠷᠯᠤᠭᠡ ᠪᠡᠯᠴᠢᠭᠡᠭᠰᠡᠨ ᠬᠤᠨᠢᠳ ᠨᠢ ᠠᠳᠡ ᠲᠡᠨᠳᠡ ᠤᠷᠭᠤᠭᠰᠠᠨ ᠡᠷᠪᠡᠩ ᠰᠡᠷᠪᠡᠩ ᠡᠪᠡᠰᠤ ᠨᠤᠭᠤᠭ᠎ᠠ ᠶᠢ | ᠲᠡᠭᠦᠵᠤ ᠳᠠᠪᠬᠢᠨ ᠪᠤᠲᠠᠷᠠᠯᠳᠤᠴᠢᠬᠠᠭᠰᠠᠨ ᠠᠵᠠᠢ᠃ ᠡᠵᠢ ᠨᠢ ᠢᠳᠡᠵᠤ ᠤᠤᠭᠤᠬᠤ ᠴᠠᠭᠠᠨ ᠢᠳᠡᠭᠡ ᠪᠤᠯᠤᠭᠰᠠᠨ | ᠪᠤᠳᠠᠭ᠎ᠠ ᠭᠠᠷᠭᠠᠵᠤ ᠦᠭᠭᠦᠴᠢᠭᠡᠳ | — ᠮᠢᠨᠤ ᠬᠦᠤ ᠢᠳᠡᠵᠤ ᠤᠤᠭᠤᠴᠢᠬᠠᠭᠠᠳ ᠵᠢᠷᠤᠭᠲᠤ ᠪᠠᠨ ᠱᠠᠭᠠᠶᠢᠭᠠᠳ ᠰᠠᠭᠤᠵᠤ ᠪᠠᠢ᠂ ᠡᠵᠢ ᠨᠢ | ᠤᠳᠠᠬᠤ ᠦᠭᠡᠢ ᠢᠷᠡᠴᠢᠭᠡᠨ᠎ᠡ ᠭᠡᠳ ᠬᠤᠷᠠᠭ᠎ᠠ ᠪᠠᠨ ᠡᠷᠭᠢᠭᠦᠯᠵᠤ᠂ ᠲᠤᠭᠤᠯ ᠤᠳ ᠢᠶᠠᠨ ᠲᠠᠭᠤᠵᠤ ᠢᠷᠡᠬᠦ ᠪᠠᠷ | ᠶᠠᠪᠤᠵᠠᠢ᠃ ᠤᠳᠠᠵᠤ ᠤᠳᠠᠵᠤ ᠡᠵᠢ ᠨᠢ ᠢᠷᠡᠪᠡ᠃ ᠠᠩᠭᠢᠷ ᠵᠢᠷᠤᠭᠲᠤ ᠪᠠᠨ ᠱᠠᠭᠠᠶᠢᠨ ᠰᠤᠨᠢᠷᠬᠠᠭᠰᠠᠭᠠᠷ | ᠰᠠᠭᠤᠵᠤ ᠪᠠᠶᠢᠯ᠎ᠠ᠃ | — ᠡᠨᠡ ᠭᠠᠩ ᠤᠨ ᠨᠠᠷᠠᠨ ᠤ ᠰᠢᠷᠠᠵᠤ ᠪᠠᠶᠢᠬᠤ ᠭᠡᠵᠢ ᠡ᠂ ᠬᠡᠵᠢᠶ᠎ᠡ ᠨᠢᠭᠡ ᠡᠳᠤᠷ ᠪᠤᠷᠤᠭᠠᠨ ᠤᠷᠤᠵᠤ | ᠠᠩᠭᠠᠭᠰᠠᠨ ᠭᠠᠵᠠᠷ ᠢ ᠤᠮᠳᠠᠯᠠᠳᠠᠭ ᠪᠤᠯ ᠳ᠋ᠠ︖ ᠭᠡᠳ ᠡᠵᠢ ᠨᠢ ᠲᠡᠪᠤᠷ᠎ᠡ ᠲᠠᠢ ᠵᠡᠯᠮᠡᠭᠦᠬᠡᠨ ᠴᠠᠢ ᠠᠴᠠ | ᠠᠶᠠᠭᠠᠯᠠᠵᠤ ᠠᠪᠤᠭᠠᠳ ᠵᠠᠯᠭᠢᠯᠠᠨᠠ᠃ | — ᠡᠵᠢ ᠡ᠂ ᠡᠮᠤᠨ᠎ᠡ ᠤᠷᠤᠨ ᠳᠤ ᠶᠡᠭᠡ ᠪᠤᠷᠤᠭᠠᠨ ᠤᠷᠤᠵᠤ ᠤᠰᠤᠨ ᠤ ᠠᠶᠤᠯ ᠪᠤᠯᠵᠤ ᠪᠠᠶᠢᠨ᠎ᠠ | ᠭᠡᠨ᠎ᠡ ᠭᠡᠵᠤ ᠰᠠᠶ᠋ᠢ ᠤᠳᠤᠨ ᠲᠧᠯᠸᠢᠰ ᠳᠡᠭᠡᠷ᠎ᠡ ᠬᠡᠯᠡᠯ᠎ᠡ ᠭᠡᠵᠤ ᠠᠩᠭᠢᠷ ᠬᠡᠯᠡᠨ᠎ᠡ᠃ | — ᠦ᠂ ᠲᠡᠶᠢᠮᠦ ᠤᠤ︖ ᠲᠡᠷᠡ ᠪᠤᠷᠤᠭᠠᠨ ᠠᠴᠠ ᠨᠢ ᠮᠠᠨ ᠤ ᠠᠳᠡ ᠵᠢᠭᠠᠬᠠᠨ ᠴᠤ ᠪᠤᠯᠤᠭᠰᠠᠨ | ᠤᠷᠤᠴᠢᠬᠠᠭᠰᠠᠨ ᠪᠤᠯ ᠬᠡᠳᠤᠢ ᠰᠠᠶᠢᠬᠠᠨ ᠪᠤᠢ︖ ᠭᠡᠵᠤ ᠡᠵᠢ ᠨᠢ ᠬᠡᠯᠡᠪᠡ᠃ ᠴᠢᠮᠡᠭᠡ ᠦᠭᠡᠢ ᠲᠦᠷ ᠰᠠᠭᠤᠭᠰᠠᠨ | ᠢᠶᠠᠨ ᠠᠩᠭᠢᠷ᠄ | — ᠡᠵᠢ ᠡ᠂ ᠪᠢ ᠢᠩᠭᠢᠵᠤ ᠪᠤᠳᠤᠯ᠎ᠠ᠂ ᠡᠮᠤᠨ᠎ᠡ ᠤᠷᠤᠨ ᠳᠤ ᠤᠷᠤᠵᠤ ᠪᠠᠶᠢᠭ᠎ᠠ ᠲᠡᠷᠡ ᠶᠡᠭᠡ ᠪᠤᠷᠤᠭᠠᠨ | ᠢ ᠠᠭᠠᠷ ᠳᠡᠭᠡᠭᠦᠷ ᠨᠠᠰᠢ ᠪᠠᠨ ᠠᠪᠴᠢᠷᠠᠭᠠᠳ ᠮᠠᠨ ᠤ ᠡᠨᠡ ᠭᠠᠩᠳᠠᠵᠤ ᠬᠠᠭᠰᠠᠷᠴᠤ ᠪᠠᠶᠢᠭ᠎ᠠ ᠭᠠᠵᠠᠷ ᠳᠡᠭᠡᠷ᠎ᠡ | ᠤᠷᠤᠭᠤᠯᠴᠢᠬᠠᠵᠤ ᠪᠤᠯᠳᠠᠭ ᠦᠭᠡᠢ ᠶᠤᠮ ᠪᠤᠯ ᠤᠤ︖ ᠭᠡᠳ ᠨᠢᠳᠤ ᠪᠠᠨ ᠴᠠᠪᠴᠢᠯᠠᠨᠠ᠃ | — ᠮᠢᠨᠤ ᠬᠦᠤ ᠶᠢᠨ ᠪᠤᠳᠤᠯ ᠶᠤᠰᠤᠲᠠᠢ ᠰᠠᠶᠢᠬᠠᠨ ᠪᠤᠳᠤᠯ ᠪᠠᠶᠢᠨ᠎ᠠ᠂ ᠰᠢᠨᠵᠢᠯᠡᠬᠦ ᠤᠬᠠᠭᠠᠨ ᠬᠦᠭᠵᠢᠵᠤ | ᠰᠢᠨ᠎ᠡ ᠰᠠᠶᠢᠬᠠᠨ ᠠᠷᠭ᠎ᠠ ᠲᠠᠰᠤᠷᠠᠯ ᠦᠭᠡᠢ ᠭᠠᠷᠴᠤ ᠪᠠᠶᠢᠭ᠎ᠠ ᠪᠤᠯᠬᠤᠷ ᠬᠦᠤ ᠶᠢᠨ ᠮᠢᠨᠢ ᠪᠤᠳᠤᠯ ᠨᠢᠭᠡ ᠯᠡ ᠡᠳᠤᠷ | ᠪᠡᠶᠡᠯᠡᠭᠳᠡᠴᠢᠭᠡᠵᠤ ᠴᠤ ᠮᠡᠳᠡᠨ᠎ᠡ ᠰᠢᠤ᠂ ᠬᠦᠤ ᠶᠢᠨ ᠮᠢᠨᠢ ᠪᠤᠳᠤᠯ ᠪᠡᠶᠡᠯᠡᠭᠳᠡᠬᠦ ᠯᠡ ᠪᠤᠯᠤᠭᠠᠰᠠᠢ ᠳ᠋ᠠ ᠭᠡᠳ ᠡᠵᠢ ᠨᠢ | ᠬᠠᠨᠴᠤᠶᠢᠨ ᠳᠠᠭᠠᠨ ᠵᠠᠯᠪᠢᠷᠠᠪᠠ᠃ ᠠᠩᠭᠢᠷ᠄ | — ᠪᠢ ᠲᠤᠮᠤ ᠪᠤᠯᠤᠭᠠᠳ ᠡᠨᠡ ᠪᠤᠳᠤᠯ ᠢᠶᠠᠨ ᠵᠠᠪᠠᠯ ᠪᠡᠶᠡᠯᠡᠭᠦᠯᠦᠨ᠎ᠡ ᠭᠡᠬᠦ ᠳᠤ᠂ ᠡᠵᠢ ᠨᠢ᠄ | — ᠰᠠᠶᠢᠬᠠᠨ ᠪᠤᠳᠤᠯ᠂ ᠰᠠᠶᠢᠬᠠᠨ ᠬᠦᠰᠡᠯ ᠪᠠᠶᠢᠨ᠎ᠠ᠂ ᠠᠪᠤ ᠨᠢ ᠤᠷᠤᠢ ᠢᠷᠡᠬᠦᠯᠡᠷ ᠡᠵᠢ ᠨᠢ ᠬᠡᠯᠡᠵᠤ | ᠦᠭᠭᠦᠶ᠎ᠡ᠂ ᠤᠳᠤ ᠮᠢᠨᠤ ᠬᠦᠤ ᠳᠠᠰᠬᠠᠯ ᠢᠶᠠᠨ ᠬᠢ ᠭᠡᠯᠡ᠃ | ᠠᠩᠭᠢᠷ ᠪᠤᠭᠴᠤ ᠪᠠᠨ ᠠᠭᠤᠳᠠᠯᠠᠨ ᠨᠤᠮ ᠪᠢᠴᠢᠭ ᠤᠳ ᠢᠶᠠᠨ ᠭᠠᠷᠭᠠᠨ ᠳᠠᠰᠬᠠᠯ ᠤᠨ ᠲᠡᠪᠲᠡᠷ ᠢᠶᠠᠨ | ᠳᠡᠯᠭᠡᠭᠡᠳ ᠪᠢᠴᠢᠵᠤ ᠵᠢᠷᠤᠵᠤ ᠡᠬᠢᠯᠡᠵᠡᠢ᠃ | | | ᠨᠠᠶᠢᠵᠢ ᠬᠤᠶᠠᠷ | ᠮᠤᠳᠤ ᠲᠠᠢ᠂ ᠤᠰᠤ ᠲᠠᠢ᠂ ᠬᠠᠳᠠ ᠴᠢᠯᠠᠭᠤ ᠲᠠᠢ ᠨᠢᠭᠡᠨ ᠰᠠᠶᠢᠬᠠᠨ ᠪᠠᠶᠢᠭᠠᠯᠢ ᠤᠷᠴᠢᠨ ᠳᠤ ᠤᠯᠠᠨ | ᠠᠷᠪᠢᠨ ᠠᠩ ᠠᠮᠢᠲᠠᠨ ᠤᠷᠤᠰᠢᠨ ᠠᠮᠢᠳᠤᠷᠠᠵᠤ ᠪᠠᠶᠢᠵᠠᠢ᠃ ᠴᠢᠨ᠋ᠸ᠎ᠠ ᠶᠢᠨ ᠪᠡᠯᠲᠡᠷᠭᠡ᠂ ᠲᠠᠤᠯᠠᠢ ᠶᠢᠨ ᠪᠦᠵᠤᠩᠭᠡᠢ ︵ | ᠪᠦᠵᠦᠩ︶ ᠬᠤᠶᠠᠷ ᠰᠠᠶᠢᠨ ᠨᠠᠶᠢᠵᠢ ᠪᠤᠯᠤᠯᠴᠠᠪᠠ᠃ ᠬᠤᠶ᠋ᠭᠤᠯᠠ ᠪᠠᠨ ᠡᠬᠡ ᠤᠨ ᠢᠶᠠᠨ ᠰᠦ ᠶᠢ ᠬᠦᠬᠦᠭᠡᠳ | ᠴᠠᠳᠪᠠᠯ ᠤᠨᠲᠠᠵᠤ ᠠᠮᠠᠷᠠᠬᠤ ᠦᠭᠡᠢ ᠪᠤᠯ ᠨᠠᠭᠠᠳᠴᠤ ᠲᠤᠭᠯᠠᠨ ᠡᠷᠬᠡᠯᠡᠭᠰᠡᠭᠡᠷ ᠡᠳᠤᠷ ᠢ ᠪᠠᠷᠠᠭᠠᠨ᠎ᠠ᠃ ᠰᠢᠷ᠎ᠠ ᠡᠳᠤᠷ | ᠪᠤᠷᠤ ᠬᠤᠨᠤᠭ ᠤᠨ ᠦᠩᠭᠡᠷᠡᠬᠦ ᠶᠢ ᠳᠠᠭᠠᠯᠳᠤᠨ ᠨᠠᠪᠴᠢ ᠨᠤᠭᠤᠭᠠᠨ ᠤ ᠦᠩᠭᠡ ᠨᠢ ᠰᠢᠷᠠᠯᠠᠨ ᠨᠠᠮᠤᠷ ᠤᠨ ᠰᠡᠷᠢᠬᠦᠨ | ᠪᠤᠯᠵᠠᠢ᠃ ᠲᠡᠳᠡ ᠬᠤᠶᠠᠷ ᠴᠤ ᠦᠰᠴᠦ ᠲᠤᠮᠤᠷᠠᠭᠰᠠᠭᠠᠷ ᠪᠠᠶᠢᠯ᠎ᠠ᠃ ᠬᠤᠶᠠᠭᠤᠯᠠ ᠤᠨ ᠬᠢᠨᠢ ᠡᠬᠡ ᠶᠢᠨ ᠰᠦ | ᠰᠢᠷᠭᠢᠵᠤ ᠲᠠᠲᠠᠷᠠᠨ ᠲᠡᠳᠡᠨ ᠢ ᠴᠠᠳᠬᠤᠬᠤ ᠪᠠᠨ ᠪᠤᠯᠢᠪᠠ᠃ ᠨᠢᠭᠡ ᠡᠳᠤᠷ ᠬᠤᠶᠠᠭᠤᠯᠠ ᠠᠭᠤᠯᠵᠠᠭᠠᠳ ᠪᠡᠯᠲᠡᠷᠭᠡ | ᠨᠢ ᠪᠦᠵᠤᠩᠭᠡᠢ ᠳᠡᠭᠡᠨ᠂ | — ᠡᠬᠡ ᠶᠢᠨ ᠬᠦᠬᠦᠨ ᠠᠴᠠ ᠰᠦ ᠭᠠᠷᠬᠤ ᠪᠠᠨ ᠪᠤᠯᠢᠭᠠᠳ ᠬᠡᠳᠦ ᠬᠤᠨᠤᠴᠢᠬᠠᠯᠠ᠂ ᠤᠳᠤ ᠪᠢ | ᠬᠡᠴᠡᠭᠦᠤ ᠶᠡᠭᠡ ᠦᠯᠦᠰᠴᠤ ᠪᠠᠶᠢᠨ᠎ᠠ ᠭᠡᠯᠡ᠃ ᠪᠦᠵᠦᠩᠭᠡᠢ ᠨᠢ᠄ | — ᠮᠢᠨᠤ ᠡᠬᠡ ᠶᠢᠨ ᠬᠦᠬᠦᠨ ᠠᠴᠠ ᠴᠤ ᠰᠦ ᠭᠠᠷᠬᠤ ᠪᠠᠨ ᠪᠤᠯᠢᠭᠠᠳ ᠤᠳᠠᠵᠤ ᠪᠠᠶᠢᠨ᠎ᠠ ᠰᠢᠤ᠂ ᠪᠢ | ᠴᠤ ᠭᠡᠰᠡᠨ ᠦᠯᠦᠰᠤᠭᠡᠳ ᠭᠤᠷᠢ ᠦᠭᠡᠢ ᠪᠤᠯᠤᠯ᠎ᠠ᠂ ᠴᠢ ᠶᠠᠭᠠᠬᠢᠵᠤ ᠬᠤᠭᠤᠯᠠ ᠤᠯᠵᠤ ᠢᠳᠡᠶ᠎ᠡ ᠭᠡᠵᠤ ᠪᠤᠳᠤᠵᠤ | ᠪᠠᠶᠢᠨ᠎ᠠ ᠪᠤᠢ︖ ᠭᠡᠵᠤ ᠪᠡᠯᠲᠡᠷᠭᠡ ᠠᠴᠠ ᠠᠰᠠᠭᠤᠵᠠᠢ᠃ | — ᠡᠵᠢ ᠨᠠᠮ᠎ᠠ ᠶᠢ ᠵᠢᠵᠢᠭ ᠠᠮᠢᠳᠡᠳ ᠢ ᠪᠠᠷᠢᠵᠤ ᠢᠳᠡ ᠭᠡᠵᠡᠢ᠂ ᠭᠡᠳᠡᠯ᠎ᠡ ᠵᠢᠵᠢᠭ ᠠᠮᠢᠳᠠᠳ ᠨᠠᠳᠠ | ᠳᠤ ᠪᠠᠷᠢᠭᠳᠠᠵᠤ ᠦᠭᠭᠦ ᠦᠭᠡᠢ ᠪᠠᠶᠢᠨ᠎ᠠ᠂ ᠴᠢ ᠨᠠᠳᠠ ᠳᠤ ᠢᠳᠡᠭᠳᠡᠴᠢᠭᠡᠬᠦ ᠦᠭᠡᠢ ᠤᠤ︖ ᠭᠡᠭᠰᠡᠭᠡᠷ ᠪᠡᠯᠲᠡᠷᠭᠡ | ᠠᠮᠠ ᠪᠠᠨ ᠠᠩᠭᠠᠶᠢᠨ ᠤᠷᠤᠭᠤᠯ ᠢᠶᠠᠨ ᠲᠤᠯᠢᠶᠠᠨ ᠤᠶᠢᠷᠠᠳᠬᠤ ᠳᠤ ᠪᠦᠵᠤᠩᠭᠡᠢ ᠠᠶᠤᠬᠤ ᠳᠠᠭᠠᠨ ᠪᠤᠯᠲᠠᠰᠬᠢᠨ | ᠦᠰᠦᠷᠴᠦ ᠵᠠᠶᠢᠳᠠᠭᠠᠳ᠂ | — ᠴᠢ ᠨᠠᠮ᠎ᠠ ᠶᠢ ᠢᠳᠡᠴᠢᠭᠡᠳ ᠬᠤᠶᠠᠭᠤᠯᠠᠶᠠᠭᠠᠬᠢᠵᠤ ᠨᠠᠶᠢᠵᠠᠯᠠᠬᠤ ᠶᠤᠮ ᠪᠤᠢ︖ ᠡᠵᠢ ᠨᠠᠮ᠎ᠠ ᠶᠢ | ᠡᠪᠡᠰᠤ ᠤᠷᠭᠤᠮᠠᠯ ᠤᠨ ᠦᠨᠳᠦᠰᠤ ᠶᠢ ᠢᠳᠡ ᠭᠡᠰᠡᠨ ᠶᠤᠮ᠂ ᠴᠢ ᠨᠠᠳᠠ ᠲᠠᠢ ᠴᠤᠭ ᠶᠠᠪᠤᠵᠤ ᠢᠳᠡᠪᠡᠯ ᠢᠳᠡ᠂ | ᠬᠠᠷᠢᠨ ᠨᠠᠮ᠎ᠠ ᠶᠢ ᠢᠳᠡᠬᠦ ᠰᠠᠨᠠᠭ᠎ᠠ ᠪᠠᠨ ᠡᠷᠳᠡᠬᠡᠨ ᠬᠤᠷᠢᠶ᠎ᠠ ᠭᠡᠴᠢᠭᠡᠳ ᠪᠡᠯᠲᠡᠷᠭᠡ ᠶᠢ ᠤᠷᠬᠢᠨ ᠦᠰᠦᠷᠴᠦ | ᠳᠡᠭᠳᠡᠭᠰᠡᠭᠡᠷ ᠶᠠᠪᠤᠵᠤ ᠤᠳᠴᠠᠢ᠃ | ᠮᠠᠷᠭᠠᠰᠢ ᠨᠢ ᠬᠤᠶᠠᠭᠤᠯᠠ ᠠᠭᠤᠯᠵᠠᠪᠠ᠃ ᠪᠡᠯᠲᠡᠷᠭᠡ ᠶᠢᠨ ᠭᠡᠳᠡᠰᠤ ᠨᠢ ᠬᠤᠩᠬᠤᠶᠢᠭᠠᠳ ᠴᠢᠷᠠᠢ ᠠᠯᠳᠠᠭᠰᠠᠨ | ᠪᠠᠶᠢᠯ᠎ᠠ᠃ ᠬᠠᠷᠢᠨ ᠪᠦᠵᠦᠩᠭᠡᠢ ᠶᠢᠨ ᠭᠡᠳᠡᠰᠤ ᠨᠢ ᠪᠤᠨᠳᠤᠶᠢᠭᠠᠳ ᠵᠢᠰᠤ ᠴᠢᠷᠠᠢ ᠨᠢ ᠦᠩᠭᠡ ᠤᠷᠤᠨ ᠭᠢᠯᠠᠯᠵᠠᠵᠤ | ᠪᠠᠶᠢᠪᠠ᠃ ᠪᠡᠯᠳᠡᠷᠭᠡ᠄ | — ᠴᠢ ᠬᠤᠭᠤᠯᠠ ᠤᠯᠤᠭᠠᠳ ᠢᠳᠡᠴᠢᠭᠡᠪᠡᠤ︖ ᠪᠢ ᠶᠠᠭᠤ ᠴᠤ ᠤᠯᠵᠤ ᠢᠳᠡᠭᠡ ᠦᠭᠡᠢ | ᠦᠯᠦᠰᠦᠭᠡᠳ ᠬᠠᠷᠠᠩᠭᠤᠳᠬᠤ ︵ᠦᠯᠦᠰᠴᠦ ᠬᠠᠷᠠᠩᠭᠤᠰᠬᠤ︶ ᠤᠶᠢᠷᠠᠳᠴᠦ ᠪᠠᠶᠢᠨ᠎ᠠ᠂ ᠴᠢ ᠨᠠᠳᠠ ᠳᠤ | ᠢᠳᠡᠭᠳᠡᠴᠢᠭᠡ ᠳ᠋ᠠ ᠭᠡᠵᠤ ᠭᠤᠶᠤᠵᠡᠢ᠃ ᠪᠦᠵᠦᠩᠭᠡᠢ ᠬᠤᠯᠠᠬᠠᠨ ᠵᠤᠭᠰᠤᠭᠠᠳ᠂ | — ᠡᠨᠡ ᠬᠠᠳᠠ ᠲᠠᠢ ᠮᠤᠳᠤ ᠲᠠᠢ ᠤᠢ ᠶᠢᠨ ᠵᠠᠬ᠎ᠠ ᠳᠤ ᠨᠢᠭᠡ ᠶᠡᠭᠡ ᠰᠠᠶᠢᠬᠠᠨ ᠲᠠᠯ᠎ᠠ ᠭᠠᠵᠠᠷ | ᠪᠠᠶᠢᠨ᠎ᠠ᠂ ᠬᠦᠮᠤᠰ ᠲᠡᠨᠳᠡ ᠶᠡᠭᠡ ᠠᠷᠪᠢᠨ ᠡᠪᠡᠰᠤ ᠤᠷᠭᠤᠮᠠᠯ ᠲᠠᠷᠢᠵᠠᠢ᠂ ᠮᠠᠭᠤᠰᠠᠶᠢᠨ ᠤᠭᠤᠳᠤᠨ᠎ᠠ ᠬᠤᠯᠤᠭᠠᠨ᠎ᠠ | ᠲᠠᠷᠢᠶ᠎ᠠ ᠪᠤᠯᠤᠨ ᠡᠪᠡᠰᠤ ᠶᠢ ᠰᠤᠶᠢᠳᠭᠡᠨ ᠤᠬᠤᠵᠤ ᠮᠠᠯᠲᠠᠨ ᠬᠦᠨᠳᠡᠶᠢᠯᠡᠵᠤ ᠦᠨᠳᠦᠰᠤ ᠪᠠᠷ ᠨᠢ ᠪᠤᠯᠭᠤᠯᠵᠤ | ᠬᠠᠶᠠᠭᠰᠠᠨ ᠪᠠᠶᠢᠪᠠ᠃ ᠪᠢ ᠲᠡᠳᠡᠭᠡᠷ ᠤᠨᠠᠭᠰᠠᠨ ᠤᠷᠭᠤᠮᠠᠯ ᠤᠨ ᠦᠷ᠎ᠡ ᠦᠨᠳᠦᠰᠤ ᠶᠢ ᠢᠳᠡᠭᠡᠳ ᠭᠡᠳᠡᠰᠤ ᠪᠠᠨ | ᠳᠦᠭᠦᠷᠭᠡᠴᠢᠭᠡᠯᠡ᠂ ᠴᠢ ᠤᠴᠢᠵᠤ ᠢᠳᠡᠬᠦ ᠦᠭᠡᠢ ᠤᠤ︖ ᠶᠤᠰᠤᠲᠠᠢ ᠭᠤᠶᠤ ᠰᠢᠤ ᠭᠡᠳ ᠪᠡᠯᠲᠡᠷᠭᠡ ᠶᠢ ᠳᠤᠬᠢᠨ᠂ | — ᠴᠤᠭ ᠶᠠᠪᠤᠶ᠎ᠠ ᠭᠡᠪᠡ᠃ ᠪᠡᠯᠲᠡᠷᠭᠡ ᠳᠤᠷᠠᠲᠠᠢ ᠳᠤᠷ᠎ᠠ ᠦᠭᠡᠢ ᠠᠷᠤ ᠠᠴᠠ ᠨᠢ ᠳᠠᠭᠠᠵᠠᠢ᠃ | ᠲᠡᠭᠡᠭᠡᠳ ᠶᠠᠪᠤᠭᠰᠠᠭᠠᠷ ᠪᠠᠶᠢᠵᠤ ᠲᠡᠷᠡ ᠭᠠᠵᠠᠷ ᠢᠶᠠᠨ ᠬᠦᠷᠴᠠᠢ᠃ ᠮᠠᠭᠤᠰᠠᠶᠢᠨ ᠤᠭᠤᠳᠤᠨ᠎ᠠ ᠬᠤᠯᠤᠭᠠᠨ᠎ᠠ ᠵᠠᠮ | ᠭᠠᠷᠭᠠᠨ ᠵᠦᠷᠢᠭᠯᠡᠵᠤ ᠤᠷᠭᠤᠮᠠᠯ ᠤᠨ ᠦᠷ᠎ᠡ ᠦᠨᠳᠦᠰᠤ ᠶᠢ ᠵᠦᠭᠡᠭᠡᠵᠡᠭᠡᠨ ᠡᠰᠢ ᠲᠡᠰᠢ ᠪᠠᠨ ᠵᠢᠵᠢᠭᠢᠨᠠᠨ | ᠳᠠᠪᠬᠢᠯᠳᠤᠨ᠎ᠠ᠃ ᠪᠦᠵᠦᠩᠭᠡᠢ ᠤᠨᠠᠵᠤ ᠲᠤᠰᠤᠭᠰᠠᠨ ᠡᠪᠡᠰᠤ ᠤᠷᠭᠤᠮᠠᠯ ᠤᠨ ᠦᠷ᠎ᠡ ᠦᠨᠳᠦᠰᠤ ᠶᠢ ᠬᠤᠪᠳᠤᠭᠯᠠᠨ | ᠲᠡᠭᠦᠵᠤ ᠢᠳᠡᠭᠰᠡᠭᠡᠷ ᠤᠳᠠᠵᠤ ᠲᠦᠳᠡᠯ ᠦᠭᠡᠢ ᠴᠠᠳᠴᠠᠢ᠃ ᠭᠡᠬᠦ ᠳᠤ ᠪᠡᠯᠲᠡᠷᠭᠡ ᠮᠠᠨᠢ ᠴᠤ ᠭᠡᠳᠡᠰᠤ ᠪᠠᠨ | ᠳᠦᠭᠦᠷᠭᠡᠭᠡᠳ ᠠᠪᠤᠭᠰᠠᠨ ᠪᠠᠶᠢᠪᠠ᠃ ᠪᠢᠴᠢᠬᠠᠨ ᠤᠩᠰᠢᠭᠴᠢ ᠨᠠᠶᠢᠵᠢ ᠨᠠᠷ ᠮᠢᠨᠢ ᠲᠠᠭᠠᠭᠠᠵᠤ ᠦᠵᠡᠭᠡᠷᠡᠢ᠂ ᠪᠡᠯᠳᠡᠷᠭᠡ | ᠪᠠᠰᠠ ᠡᠪᠡᠰᠤ ᠤᠷᠭᠤᠮᠠᠯ ᠤᠨ ᠦᠷ᠎ᠡ ᠦᠨᠳᠤᠰᠤ ᠶᠢ ᠢᠳᠡᠭᠡᠳ ᠴᠠᠳᠴᠢᠬᠠᠭᠰᠠᠨ ᠶᠤᠮ ᠪᠤᠯ ᠤᠤ︖ ᠪᠢᠰᠢ ᠰᠢᠤ︕ | ᠪᠡᠯᠲᠡᠷᠭᠡ ᠬᠠᠷᠢᠨ ᠨᠦᠭᠦᠭᠡ ᠤᠯᠠᠨ ᠤᠭᠤᠳᠤᠨ᠎ᠠ ᠬᠤᠯᠤᠭᠠᠨ᠎ᠠ ᠶᠢ ᠪᠠᠷᠢᠵᠤ ᠢᠳᠡᠭᠰᠡᠨ ᠪᠠᠶᠢᠵᠠᠢ᠃ ᠲᠡᠭᠡᠭᠡᠳ | ᠬᠤᠶᠠᠭᠤᠯᠠ ᠶᠡᠬᠡᠯ᠎ᠡ ᠪᠠᠶᠠᠷᠲᠠᠶᠢᠬᠠᠨ ᠤᠢ ᠰᠢᠭᠤᠢ ᠳᠠᠭᠠᠨ ᠪᠤᠴᠠᠭᠰᠠᠨ ᠪᠠᠶᠢᠯ᠎ᠠ᠃ | ᠰᠡᠭᠦᠯ ᠳᠤᠨᠢ ᠬᠦᠮᠤᠰ ᠲᠡᠳᠡᠨ ᠤ ᠡᠨᠡ ᠤᠴᠢᠷ ᠢ ᠮᠡᠳᠡᠭᠡᠳ᠄ | — ᠠᠰᠢᠭᠳᠤ ᠠᠮᠢᠳᠠᠳ ᠢ ᠠᠪᠤᠷᠠᠨ ᠬᠠᠮᠠᠭᠠᠯᠠᠬᠤ ᠬᠡᠷᠡᠭᠲᠡᠢ ᠭᠡᠰᠡᠨ ᠪᠦᠭᠡᠳ ᠲᠡᠳᠡ ᠬᠤᠶᠠᠷ | ᠴᠤ ᠤᠯᠠᠮ ᠰᠠᠶᠢᠬᠠᠨ ᠨᠠᠶᠢᠵᠠᠯᠠᠬᠤ ᠪᠤᠯᠵᠠᠢ᠃ | ᠬᠠᠶᠠᠭ᠄ ᠰᠦᠨᠢᠳ ᠪᠠᠷᠠᠭᠤᠨ ᠬᠤᠰᠢᠭᠤᠨ ᠤ | ᠡᠷᠢᠶᠡᠨᠨᠠᠭᠤᠷ ᠰᠤᠮᠤᠨ ᠤ ᠵᠢᠪᠬᠤᠯᠠᠩᠳᠦ ᠭᠠᠴᠠᠭ᠎ᠠ | |