| ᠦᠵᠢᠶᠡᠳ ᠮᠦ᠊ · ᠨᠠᠰᠤᠨ | ᠲᠡᠷᠭᠡᠳᠡ ᠴᠢ ᠮᠢᠨᠢ ᠪᠠᠶᠢᠪᠠᠯ ᠰᠡᠳᠬᠢᠯ ᠢ ᠮᠢᠨᠢ ᠴᠡᠴᠡᠭᠡᠰ ᠤᠨ ᠬᠦᠷᠢᠶᠡᠯᠡᠩ ᠲᠦᠭᠦᠷᠭᠡᠵᠦ | ᠦᠵᠡᠰᠬᠦᠯᠡᠩ ᠲᠠᠢ ᠪᠠᠶᠢᠳᠠᠭ | ᠲᠡᠩᠰᠡᠯᠬᠦ ᠵᠢᠷᠦᠬᠡᠨ ᠳᠡᠭᠡᠨ ᠴᠢᠮ᠎ᠠ ᠶᠢ ᠪᠠᠨ ᠮᠦᠷᠦᠭᠡᠳᠦᠬᠦ ᠪᠠᠷ ᠬᠠᠶᠢᠷ᠎ᠠ ᠮᠢᠨᠢ | ᠡᠵᠡᠨ ᠢᠶᠠᠨ ᠦᠬᠡᠶᠢᠯᠡᠨ ᠬᠦᠨᠳᠡᠶᠢᠷᠡᠵᠦ ᠪᠠᠶᠢᠳᠠᠭ | ᠲᠤᠷᠠᠯᠠᠯ ᠬᠡᠳᠡᠭ ᠦᠵᠦᠮ ᠤᠨ ᠤᠯᠠᠭᠠᠨ ᠰᠢᠬᠦᠰᠦ ᠶᠢ ᠤᠷᠤᠭᠤᠯ ᠤᠨ ᠴᠢᠨᠢ | ᠲᠤᠷᠭᠠᠨ ᠬᠡ ᠠᠴᠠ ᠠᠮᠳᠠᠯᠠᠭᠰᠠᠨ ᠴᠠᠭ ᠠᠴᠠ | ᠲᠠᠭᠤᠨ ᠤ ᠴᠡᠩᠭᠡᠷ ᠨᠤᠲ ᠪᠤᠯᠤᠨ ᠡᠭᠡᠰᠢᠭᠷᠡᠵᠦ ᠴᠢ ᠮᠢᠨᠢ ᠪᠤᠳᠤᠯ ᠠᠴᠠ ᠡᠬᠢ ᠠᠪᠴᠦ | ᠤᠨᠳᠤᠷᠤᠨ ᠤᠷᠤᠰᠤᠭᠰᠠᠨ ᠡ | | | | | | | | | ᠦᠯᠡᠮᠵᠢ ᠶᠢᠨ ᠢᠷᠦᠭᠡᠯ ᠢᠶᠠᠷ ᠬᠠᠮᠲᠦ ᠪᠠᠶᠢᠪᠠᠯ ᠠᠮᠢᠳᠤᠷᠠᠯ ᠮᠢᠨᠢ | ᠢᠳᠡᠭᠡᠯ ᠤᠨ ᠲᠠᠯᠠᠪᠴᠢ ᠪᠠᠨ ᠲᠡᠯᠭᠡᠬᠦ ᠶᠤᠮ | ᠦᠨᠡᠨ ᠠᠴᠠ ᠦᠨᠡᠨ ᠢ ᠴᠢᠩᠨᠠᠬᠤ ᠳᠤ ᠵᠢᠷᠦᠬᠡ ᠴᠢᠨᠢ ᠨᠠᠳᠠ ᠤᠷᠤᠭᠤ | ᠤᠶᠢᠷᠠᠬᠠᠨ ᠴᠤᠬᠢᠯᠠᠵᠦ ᠪᠠᠶᠢᠭᠰᠠᠨ | ᠤᠴᠠᠷᠠᠯ ᠭᠡᠳᠡᠭ ᠬᠤᠤᠰᠯᠠᠬᠤ ᠶᠢᠨ ᠡᠬᠦᠳᠡᠨ ᠲᠡᠭᠡᠷ᠎ᠡ ᠴᠢᠮ᠎ᠠ ᠲᠠᠢ ᠪᠠᠨ | ᠭᠠᠷ ᠠᠳᠬᠤᠨ ᠠᠭᠤᠯᠵᠠᠭᠰᠠᠨ ᠠᠴᠠ | ᠤᠶᠢᠳᠬᠠᠷ ᠭᠤᠨᠢᠭ ᠤᠨ ᠠᠶ᠎ᠠ ᠶᠢ ᠮᠠᠷᠳᠠᠵᠦ ᠪᠢ ᠬᠠᠨᠢᠰᠬᠤ ᠶᠢᠨ ᠲᠠᠪᠢᠯᠠᠩ ᠳᠤ | ᠴᠢᠨᠦ ᠵᠦᠭ ᠬᠠᠶᠢᠯᠤᠨ ᠠᠭᠤᠰᠤᠭᠰᠠᠨ ᠡ | | | | | ᠡᠷᠭᠡ ᠴᠠᠭᠠᠨ ᠰᠠᠷᠠᠨ ᠳᠤ ᠡᠯᠬᠦᠭᠰᠡᠨ ᠬᠠᠭᠤᠴᠢᠨ ᠭᠤᠨᠢᠭ ᠤᠨ ᠴᠢᠨᠢ | ᠠᠮᠳᠠ ᠶᠢ ᠤᠷᠬᠢᠬᠤ ᠬᠡᠵᠦ | ᠡᠷ᠎ᠡ ᠬᠠᠷ᠎ᠠ ᠪᠡᠶ᠎ᠡ ᠶᠢᠨ ᠢᠶᠠᠨ ᠬᠦᠯᠦᠰᠦ ᠶᠢ ᠰᠢᠪᠬᠠᠨ ᠠᠮᠢᠳᠤᠷᠠᠬᠤᠢ ᠶᠢᠨ | ᠤᠬᠠᠭᠠᠨ ᠨᠡᠷᠡᠨ᠎ᠡ | ᠡᠯ᠎ᠡ ᠬᠠᠯᠠ ᠪᠦᠬᠦᠨ ᠢ ᠵᠢᠷᠭᠠᠯ ᠤᠨ ᠢᠨᠳᠡᠷ ᠲᠤ ᠬᠦᠷᠬᠦ ᠰᠢᠯᠭᠠᠯᠳᠠ ᠬᠡᠮᠡᠨ | ᠤᠶᠢᠯᠠᠭᠠᠭᠰᠠᠨ ᠠᠴᠠ | ᠡᠨᠡᠭᠡᠨ ᠨᠠᠰᠤᠨ ᠤ ᠦᠯᠡᠳᠡᠪᠦᠷᠢ ᠪᠠᠨ ᠪᠢ ᠬᠠᠶᠢᠷᠠᠨ ᠳᠤ ᠴᠢᠨᠢ | ᠵᠤᠷᠢᠭᠤᠯᠬᠤ ᠪᠠᠷ ᠲᠠᠩᠭᠠᠷᠢᠭᠯᠠᠭᠰᠠᠨ ᠡ᠃ | | | | | | ᠵᠤᠬᠢᠶᠠᠭᠴᠢ ᠶᠢᠨ ᠬᠠᠶ᠋ᠢᠭ᠄ ᠤᠯᠠᠭᠠᠨᠬᠠᠳᠠ ᠬᠤᠳᠠ ᠶᠢᠨ ᠬᠡᠰᠢᠭᠳᠡᠨ ᠬᠤᠰᠢᠭᠤᠨ ᠤ ᠲᠠᠷᠬᠠᠬᠠᠭᠤᠯᠠ | ᠰᠤᠮᠤᠨ ᠤ ᠲᠠᠭᠠᠠᠨᠠᠭᠤᠷ ᠭᠠᠴᠠᠭ᠎ᠠ | |