| ᠪᠠ᠊ · ᠪᠠᠳᠤᠰᠦ᠋ᠬᠡ | ᠬᠠᠩᠰᠢ ᠶᠢᠨ ᠡᠳᠤᠷ ᠤᠨ ᠦᠷᠯᠤᠬᠡ ᠬᠡᠤᠬᠡᠨ ᠮᠢᠨᠢ ᠡᠷᠳᠡ ᠪᠤᠰᠴᠤ ᠭᠠᠯ ᠢᠶᠠᠨ ᠨᠤᠴᠤᠭᠠᠨ ᠰᠢᠨ᠎ᠡ | ᠰᠤᠷᠭᠤᠭ ᠡᠬᠡᠬᠦᠨ ᠰᠢᠷᠭᠠᠯ ᠰᠦ ᠲᠠᠢ ᠴᠠᠢ ᠪᠠᠨ ᠴᠢᠨᠠᠭᠠᠳ ᠨᠠᠮᠠᠢᠢ ᠪᠤᠰᠴᠤ ᠭᠠᠳᠠᠨ᠎ᠠ ᠭᠠᠷᠬᠤ ᠳᠤ ᠴᠠᠢ ᠪᠤᠳᠠᠭᠠᠨ | ᠤ ᠲᠡᠬᠡᠵᠢ ᠶᠢ ᠲᠡᠭᠷᠢ ᠭᠠᠵᠠᠷ ᠲᠠᠭᠠᠨ ᠡᠷᠬᠦᠨ ᠶᠠᠭᠠᠷᠴᠤ ᠪᠠᠶᠢᠯ᠎ᠠ᠃ | ᠲᠡᠶᠢᠮᠤ ᠡ᠂ ᠦᠨᠤᠳᠤᠷ ᠬᠠᠩᠰᠢ ᠶᠢᠨ ᠡᠳᠤᠷ᠃ ᠲᠤᠷᠤᠨ᠎ᠠ ᠠᠴᠠ ᠮᠠᠡᠳᠤᠭᠰᠡᠨ ᠨᠠᠷᠠᠨ ᠤ ᠭᠡᠷᠡᠯ | ᠨᠤᠳᠤᠭ ᠤᠰᠤᠨ ᠤ ᠮᠢᠨᠢ ᠠᠭᠤᠯᠠ ᠨᠢᠷᠤᠭᠤ ᠮᠠᠩᠬ᠎ᠠ ᠪᠦᠷᠢᠳᠤ ᠶᠢᠨ ᠲᠤᠯᠤᠭᠠᠳ ᠲᠡᠬᠡᠷ᠎ᠡ ᠰᠠᠴᠤᠭᠳᠠᠬᠤ ᠨᠢ ᠶᠠᠭ | ᠯᠡ ᠲᠤᠮᠤ ᠴᠦᠬᠦᠴᠡ ᠳᠤ ᠪᠠᠷᠢᠭᠰᠡᠨ ᠵᠤᠯᠠ ᠶᠢᠨ ᠬᠡᠷᠡᠯ ᠰᠢᠭ ᠬᠠᠷᠠᠭᠳᠠᠵᠤ ᠴᠡᠩᠬᠡᠷ ᠲᠡᠭᠷᠢ ᠶᠢᠨ ᠬᠠᠶᠠᠭ᠎ᠠ ᠶᠢ | ᠲᠠᠭᠠᠨ ᠨᠡᠭᠦᠳᠡᠯᠯᠡᠬᠦ ᠰᠢᠩᠬᠡᠨ ᠴᠠᠢᠪᠤᠷ ᠡᠬᠦᠯᠡ ᠨᠢ ᠬᠦᠵᠢ ᠵᠤᠯᠠ ᠶᠢᠨ ᠤᠳᠤᠭ᠎ᠠ ᠰᠤᠨᠤᠭᠯᠠᠵᠤ ᠪᠠᠶᠢᠬᠤ ᠰᠢᠭ᠋ | ᠦᠵᠡᠭᠳᠡᠨ᠎ᠡ᠃ ᠪᠤᠷᠬᠠᠨ ᠲᠡᠭᠷᠢ ᠮᠢᠨᠢ ᠴᠦ ᠦᠨᠤᠳᠤᠷ ᠲᠡᠯᠡᠬᠡᠢ ᠶᠢᠨ ᠡᠩᠬᠡ ᠲᠠᠶᠢᠪᠤᠡᠭ ᠤᠯᠤᠰ ᠤᠷᠤᠨ ᠤ ᠪᠠᠨ | ᠡᠨᠡ ᠰᠠᠶᠢᠬᠠᠨ ᠠᠮᠢᠳᠤᠷᠠᠯ ᠢ ᠴᠤᠭᠴᠠᠯᠠᠬᠤ ᠶᠢᠨ ᠲᠦᠯᠤᠬᠡ ᠠᠯᠳᠡᠨ ᠠᠮᠢ ᠠᠷᠢᠭᠤᠨ ᠴᠢᠰᠤ ᠪᠠᠨ | ᠦᠷᠡᠭᠳᠡᠭᠦᠯᠦᠩᠰᠡᠨ ᠦᠢ ᠲᠦᠮᠡᠨ ᠪᠠᠭᠠᠳᠤᠷᠴᠤᠳ ᠪᠠ ᠰᠠᠶᠢᠨ ᠬᠦᠮᠤᠰ ᠢᠶᠠᠨ ᠲᠤᠷᠠᠰᠬᠠᠨ ᠰᠠᠨᠠᠭᠠᠯᠵᠠᠵᠤ ᠬᠦᠵᠢ | ᠵᠤᠯᠠ ᠡᠷᠬᠦᠨ ᠪᠠᠷᠢᠭᠰᠡᠨ ᠴᠦ ᠡᠶᠢᠮᠤ ᠤᠤ ᠬᠡᠵᠤ ᠰᠠᠨᠠᠭᠳᠠᠬᠤᠯᠠᠷ ᠲᠡᠳᠡᠬᠡᠷ ᠬᠠᠶᠢᠷᠠᠳᠤ ᠬᠦᠮᠤᠰ ᠮᠢᠨᠢ ᠰᠡᠳᠬᠢᠯ ᠳᠤ | ᠬᠦᠡᠳᠤᠬᠡᠨ ᠪᠤᠳᠤᠭᠳᠠᠨ᠎ᠠ᠃ ᠪᠢ ᠬᠡᠷ ᠲᠡᠭᠡᠨ ᠤᠷᠤᠮᠠᠭᠴᠠ ᠨᠢᠭᠤᠷ ᠭᠠᠷ ᠢᠶᠠᠨ ᠤᠬᠢᠶᠠᠨ ᠴᠡᠪᠡᠷᠯᠡᠵᠤ ᠲᠤᠶᠤᠩ | ᠲᠦᠯᠡᠰᠢ ᠶᠠᠭᠤᠮ᠎ᠠ ᠪᠠᠨ ᠲᠦᠪᠬᠢᠨᠡᠬᠦᠯᠤᠨ ᠠᠪᠴᠤ ᠪᠦᠬᠦ ᠬᠡᠷ ᠢᠶᠠᠷ ᠢᠶᠠᠨ ᠡᠨᠡᠷᠢᠯᠳᠤ ᠡᠵᠢ ᠮᠢᠨᠢ ᠰᠦ ᠨᠢ | ᠢᠪᠡᠯᠡᠭᠰᠡᠨ᠂ ᠡᠷᠳᠡᠨᠢ ᠶᠢᠨ ᠬᠤᠶᠠᠷ ᠬᠦᠬᠦ ᠲᠠᠢ ᠡᠬᠡᠬᠡ ᠠᠳᠠᠯᠢᠬᠠᠨ ᠬᠦᠮᠤᠨ ᠪᠦᠬᠦᠨ ᠤ ᠬᠠᠶᠢᠷ᠎ᠠ ᠪᠠᠭ᠋ᠠᠷᠬᠠᠯ ᠢ ᠡᠷᠬᠡ | ᠦᠭᠡᠢ ᠲᠠᠳᠠᠭᠰᠡᠨ ᠡᠯᠡᠰᠤ ᠮᠠᠩᠬᠠᠨ ᠤ ᠲᠤᠮᠳᠠᠬᠢ ᠢᠵᠢᠯ ᠬᠤᠶᠠᠷ ᠮᠠᠩᠬ᠎ᠠ ︿ᠮᠦᠮᠤ ᠶᠢᠨ ᠴᠠᠭᠠᠨ﹀ ᠶᠢᠨ ᠢᠶᠠᠨ | ᠲᠤᠯᠠᠭᠠᠨ ᠡᠩᠬᠡᠷ ᠲᠤ ᠬᠦᠷᠤᠯ᠎ᠠ᠃ | ᠢᠩᠬᠢᠬᠡᠳ ᠲᠡᠬᠡᠳᠤᠰ ᠪᠤᠯᠤᠨ ᠦᠩᠬᠡᠷᠡᠵᠤ ᠤᠳᠤᠭᠰᠡᠨ ᠬᠠᠶᠢᠷᠠᠳᠤ ᠬᠦᠮᠤᠰ ᠲᠡᠭᠡᠨ ᠬᠦᠡᠳᠤᠳᠬᠡᠯ | ᠬᠠᠶᠢᠷ᠎ᠠ ᠪᠠᠨ ᠢᠯᠡᠳᠬᠡᠨ ᠮᠦᠷᠬᠦᠬᠦ ᠶᠢᠨ ᠲᠠᠰᠢᠷᠠᠮ ᠲᠠᠬᠢᠨ ᠨᠢᠬᠡ ᠪᠠᠭᠴᠠ ᠬᠦᠵᠢ ᠡᠬᠦᠰᠬᠡᠨ ᠪᠠᠷᠢᠵᠤ ᠮᠦᠷᠬᠦᠬᠦ | ᠬᠡᠪᠡᠯ ᠪᠠᠭ᠎ᠠ ᠰᠤᠷᠭᠠᠭᠤᠯᠢ ᠶᠢᠨ ᠰᠤᠷᠤᠭᠴᠢ ᠪᠢᠴᠢᠬᠠᠨ ᠤᠮᠪᠤᠯᠤ ᠮᠢᠨᠢ ᠶᠡᠬᠡᠳᠡ ᠭᠠᠶᠢᠬᠠᠵᠤ ︽ᠠᠪᠤ ᠡ᠂ ᠡᠨᠡ | ᠪᠠᠭᠴᠠ ᠬᠦᠵᠢ ᠶᠢ ᠬᠡᠨ ᠳᠤ ᠪᠠᠷᠢᠵᠤ ᠪᠠᠶᠢᠭ᠎ᠠ ᠶᠤᠮ︖︾ ᠬᠡᠵᠤ ᠰᠤᠨᠢᠭᠤᠴᠢᠯᠠᠨ ᠠᠰᠠᠭᠤᠯ᠎ᠠ᠃ | ︽ᠠ ᠁ ᠡᠨᠡ ᠪᠠᠭᠴᠠ ᠬᠦᠵᠢ ᠶᠢ ᠤᠤ᠂ ᠨᠢᠬᠡᠨ ᠡᠶᠡᠯᠳᠡᠭ ᠲᠤᠯᠠᠭᠠᠨ ᠬᠠᠷᠠᠴᠠᠲ᠋ᠠᠢ᠂ | ᠡᠨᠡᠷᠢᠩᠭᠦᠢ ᠲᠤᠳᠤᠨᠤ ᠵᠠᠩ ᠲᠠᠢ᠂ ᠨᠤᠳᠤᠭ ᠤᠰᠤᠨ ᠤ ᠪᠠᠨ ᠠᠷᠠᠳ ᠲᠦᠮᠡᠨ ᠤ ᠲᠦᠯᠤᠬᠡ ᠦᠪᠡᠷ ᠤᠨ ᠠᠯᠢᠪᠠ | ᠪᠠᠨ ᠡᠷᠬᠦᠨ ᠬᠦᠮᠤᠨ ᠠᠷᠠᠳ ᠤᠨ ᠵᠶ᠋ᠠᠨᠰᠡᠳᠬᠢᠯ ᠵᠢᠷᠤᠬᠡᠨ ᠳᠤ ᠦᠯᠢᠬᠡᠷ ᠤᠶᠢᠯᠡᠰ ᠢᠶᠠᠷ ᠢᠶᠠᠨ ᠲᠠᠬᠢᠵᠤ | ᠠᠮᠢᠯᠠᠭᠰᠡᠨ ᠭᠠᠴᠠᠭᠠᠨ ᠤ ᠠᠬᠠᠮᠠᠳ ᠱᠦᠵᠢ ᠭᠤᠩᠭᠤᠷ ᠦᠪᠤᠸ᠋ ᠳᠤᠨᠢ ᠡᠬᠦᠰᠬᠡᠨ ᠡᠷᠬᠦᠨ ᠪᠠᠷᠢᠵᠤ ᠪᠠᠶᠢᠭ᠎ᠠ ᠶᠤᠮ | ᠡ︾ ᠬᠡᠳ ᠪᠦᠬᠦ ᠬᠡᠷ ᠢᠶᠠᠷ ᠢᠶᠠᠨ ᠲᠠᠬᠢᠨ ᠨᠢᠬᠡ ᠤᠳᠠᠭ᠎ᠠ ᠮᠦᠷᠬᠦᠨ ᠶᠤᠰᠤᠯᠠᠬᠤ ᠳᠤ ᠦᠯᠢᠬᠡᠷ ᠲᠤ | ᠲᠤᠷᠠᠯᠠᠭᠰᠡᠨ ᠬᠤᠶᠠᠷ ᠤᠮᠪᠤᠯᠤ ᠮᠢᠨᠢ ᠵᠡᠷᠬᠡ ᠪᠠᠷ ︽ᠠᠪᠤ ᠡ᠂ ᠲᠡᠷᠡ ᠰᠠᠶᠢᠬᠠᠨ ᠦᠯᠢᠬᠡᠷ ᠤᠶᠢᠯᠡᠰ ᠢ ᠨᠢ ᠶᠠᠷᠢᠵᠤ | ᠦᠩᠭᠦᠬᠡᠴᠢ︕ ᠪᠤᠯᠤᠨ᠎ᠠ ᠤᠤ︖︾ ᠬᠡᠯᠡ᠃ ᠲᠡᠬᠡᠬᠡᠳ ᠪᠢ ᠬᠡᠤᠬᠡᠳ ᠬᠤᠶᠢᠴᠢ ᠶᠢᠨ ᠢᠶᠠᠨ ᠬᠦᠰᠡᠯ ᠬᠠᠶᠢᠷ᠎ᠠ | ᠶᠢ ᠬᠦᠰᠡᠷᠳᠡᠬᠦᠯᠬᠦ ᠦᠭᠡᠢ ᠶᠢᠨ ᠲᠦᠯᠤᠬᠡ ︽ᠵᠠ ᠁ ᠲᠡᠬᠡᠶᠡ ᠳ᠋ᠡ ᠬᠡᠳ — ᠡᠨᠡ ᠲᠦᠰᠢᠭ ᠪᠤᠯᠵᠤ | ᠰᠡᠬᠦᠶᠢᠵᠤ ᠪᠠᠶᠢᠭ᠎ᠠ ᠡᠵᠢ ᠶᠢᠨ ᠬᠦᠬᠦ ᠲᠠᠢ ᠡᠬᠡᠬᠡ ᠠᠳᠠᠯᠢᠬᠠᠨ ᠪᠤᠡᠳᠤᠭᠠᠷ ᠬᠤᠶᠠᠷ ᠮᠠᠩᠬ᠎ᠠ ᠶᠢ ︿ᠮᠦᠮᠤ ᠶᠢᠨ | ᠴᠠᠭᠠᠨ﹀ ᠬᠡᠳᠡᠭ ᠶᠤᠮ᠃ ᠠᠳᠡ ᠠᠴᠠ ᠲᠡ᠊ ᠁ ᠷᠡ ᠴᠡᠩᠬᠡᠷᠯᠡᠨ ᠬᠠᠷᠠᠭᠳᠠᠬᠤ ᠠᠭᠤᠯᠠᠰ ᠤᠨ ᠲᠤᠮᠳᠠᠬᠢ | ᠤᠷᠬᠢᠯ ᠠᠭᠤᠯᠠᠨ ᠤ ᠲᠡᠬᠡᠷᠡᠬᠢ ᠤᠪᠤᠭ᠎ᠠ ᠶᠢ ︿ᠦᠬᠡᠷᠴᠢᠨ ᠤᠪᠤᠭ᠎ᠠ﹀ ᠬᠡᠳᠡᠭ ᠪᠤᠶᠤ ᠲᠡᠬᠦᠨ ᠠᠴᠠ ᠨᠠᠭᠠᠰᠢᠬᠢ | ᠮᠠᠩᠬ᠎ᠠ ᠪᠦᠷᠢᠳᠤ ᠬᠠᠶᠢᠯᠠᠰᠤ ᠪᠤᠷᠭᠠᠰᠤ ᠵᠢᠨᠲ᠋ᠤᠮᠳᠠᠬᠢ ᠡᠨᠡᠬᠦ ᠲᠠᠯ᠎ᠠ ᠶᠢ ︿ᠬᠦᠢᠰᠤ ᠶᠢᠨ ᠲᠠᠯ᠎ᠠ — ᠭᠠᠩᠭᠠᠡᠳᠠᠯᠠ﹀ | ᠬᠡᠵᠤ ᠴᠦ ᠲᠠᠭᠤᠳᠠᠳᠠᠭ᠃ ᠡᠨᠡ ᠲᠠᠯ᠎ᠠ ᠶᠢᠨ ᠡᠬᠢᠨ ᠳᠤ ᠲᠠᠯᠠᠩᠨᠠᠵᠤ ᠪᠠᠶᠢᠭ᠎ᠠ ᠪᠠᠭᠤᠷᠠᠢ ᠨᠢᠷᠤᠭᠤ ᠨᠤᠭᠤᠳ ᠨᠢ | ᠲᠡᠬᠡᠷ᠎ᠡ ᠵᠠᠭᠤᠨ ᠤ ᠵᠢᠷᠠᠨᠲ᠋ᠦ᠋ᠷᠪᠡᠨ ᠤᠨ ᠠᠴᠠ ᠨᠠᠶᠠᠨ ᠭᠤᠷᠪᠠᠨ ᠤᠨ ᠤ ᠬᠤᠭᠤᠴᠠᠭᠠᠨ ᠳᠤ ᠬᠦᠬᠡᠷᠤᠬᠡᠨ ᠬᠡᠤᠬᠡᠳ | ᠤᠳ ᠤᠨ ᠮᠢᠨᠢ ᠨᠤᠮ ᠪᠢᠴᠢᠭ ᠤᠨ ᠤᠩᠰᠢᠯᠭ᠎ᠠ ᠶᠢᠨ ᠲᠠᠭᠤᠨ ᠬᠦᠳᠡᠭᠡ ᠨᠤᠳᠤᠭ ᠲᠠᠭᠠᠨ ᠤᠶᠠᠩᠭᠠᠯᠠᠭᠰᠡᠨ ᠮᠠᠨ ᠤ | ᠭᠠᠩᠭᠠᠡᠳᠠᠯᠠ ᠭᠠᠴᠠᠭᠠᠨᠨ ᠤ ᠠᠷᠠᠳ ᠠᠴᠠ ᠡᠷᠬᠢᠯᠡᠭᠰᠡᠨ ᠪᠠᠭ᠎ᠠ ᠰᠤᠷᠭᠠᠭᠤᠯᠢ ᠪᠠᠶᠢᠭᠰᠡᠨ ᠶᠤᠮ᠃ ᠡᠨᠡ ᠰᠤᠷᠭᠠᠭᠤᠯᠢ | ᠂ ᠡᠨᠡ ᠨᠤᠳᠤᠭ ᠠᠴᠠ ᠶᠡᠭᠡ ᠰᠤᠷᠭᠠᠭᠤᠯᠢ ᠶᠢᠨ ᠡᠷᠳᠡᠮᠳᠡᠨ ᠪᠠᠭᠰᠢ᠂ ᠤᠶᠤᠳᠠᠨ᠂ ᠴᠢᠳᠠᠪᠤᠷᠢᠳᠠᠨ᠂ ᠴᠡᠷᠢᠭ ᠵᠠᠰᠠᠭ | ᠤᠨ ᠺᠠᠳ᠋ᠷ᠂ ᠤᠯᠤᠰ ᠤᠨ ᠨᠢᠬᠡᠳᠤᠬᠡᠷ ᠲᠡᠰ ᠤᠨ ᠪᠦᠵᠢᠭᠴᠢᠨ ᠪᠠᠭᠰᠢ᠂ ᠠᠵᠤ ᠠᠬᠤᠶᠢᠯᠳᠠᠨ ᠵᠡᠷᠬᠡ ᠤᠯᠠᠨ ᠠᠷᠪᠢᠨ | ᠰᠤᠳᠤᠨ ᠬᠦᠮᠤᠰ ᠴᠤᠯᠭᠤᠷᠠᠨ ᠭᠠᠷᠴᠤ ᠤᠯᠤᠰ ᠦᠡᠳᠤᠰᠤᠳᠡᠨ ᠳᠡᠭᠡᠨ ᠬᠦᠴᠤ ᠵᠢᠳᠬᠦᠯ ᠢᠶᠠᠨ ᠦᠵᠡᠬᠦᠯᠵᠤ ᠪᠠᠶᠢᠭ᠎ᠠ | ᠶᠤᠮ ᠡ︾ ᠬᠡᠵᠤ ᠪᠢ ᠰᠡᠳᠬᠢᠯ ᠲᠤᠭᠳᠤᠯᠤᠨ ᠶᠠᠷᠢᠵᠤ ᠡᠬᠢᠯᠡᠬᠦ ᠳᠤ ᠪᠢᠴᠢᠬᠠᠨ ᠤᠮᠪᠤᠯᠤ ᠮᠢᠨᠢ ᠶᠡᠬᠡᠳᠡ ᠭᠠᠶᠢᠬᠠᠵᠤ | ︽ᠲᠡᠡᠳᠡ ᠠᠴᠠ ᠤᠤ︖︾ ᠬᠡᠵᠤ ᠲᠡᠷᠡ ᠵᠦᠭ ᠨᠢᠳᠤ ᠰᠠᠯᠭᠠᠯ ᠦᠭᠡᠢ ᠰᠢᠷᠳᠠᠨ᠎ᠠ᠃ ᠲᠡᠶᠢᠮᠤ ᠡ︕ ᠶᠠᠭ | ᠲᠡᠡᠳᠡ ᠠᠴᠠ︕ ᠰᠤᠷᠭᠠᠭᠤᠯᠢ ᠪᠠᠶᠢᠭᠤᠯᠤᠭᠳᠠᠮᠠᠭᠴᠠ ᠪᠠᠭ᠎ᠠ ᠰᠤᠷᠭᠠᠭᠤᠯᠢ ᠶᠢᠨ ᠰᠤᠷᠤᠭᠴᠢ ᠶᠢ ᠭᠤᠷᠪᠠ ᠠᠩᠭᠢ | ᠲᠡᠭᠦᠰᠭᠡᠨ ᠪᠠᠯᠭᠠᠰᠤᠨ ᠤ ᠰᠤᠷᠭᠠᠭᠤᠯᠢ ᠳᠤ ᠬᠦᠷᠬᠡᠵᠤ ᠪᠠᠶᠢᠭᠰᠡᠨ ᠪᠤᠯ ᠨᠡᠶᠢᠬᠡᠮ ᠬᠦᠭᠵᠢᠬᠦ ᠶᠢ ᠲᠠᠭᠠᠯᠳᠤᠨ ᠠᠬᠠᠮᠠᠳ | ᠱᠦᠵᠢ ᠮᠢᠨᠢ ᠰᠤᠷᠭᠠᠭᠤᠯᠢ ᠶᠢᠨ ᠢᠶᠠᠨ ᠴᠢᠨᠠᠷ ᠴᠢᠡᠰᠠᠭ᠎ᠠ ᠶᠢ ᠴᠦ ᠲᠡᠬᠡᠭᠰᠢᠯᠡᠬᠦᠯᠤᠨ ᠠᠵᠢᠯᠯᠠᠭᠰᠡᠨ ᠪᠤᠶᠤ᠂ ᠡᠨᠡᠬᠦ | ᠨᠤᠳᠤᠭ ᠤᠨ ᠢᠶᠠᠨ ᠰᠤᠷᠭᠠᠭᠤᠯᠢ ᠠᠴᠠ ᠡᠷᠳᠡᠮ ᠤᠨ ᠵᠢᠯᠤᠭᠤ ᠠᠳᠬᠤᠨ ᠭᠠᠷᠴᠤ ᠬᠤᠰᠢᠭᠤᠨ ᠤ ᠦᠡᠳᠤᠷ | ᠲᠤᠮᠳᠠᠳᠤ ᠪᠠᠨ ᠲᠡᠬᠦᠰᠤᠬᠡᠳ ᠬᠡᠷ ᠲᠡᠭᠡᠨ ᠢᠷᠡᠨ ᠶᠡᠭᠡ ᠰᠤᠷᠭᠠᠤᠯᠢ ᠳᠤ ᠤᠷᠤᠬᠤ ᠪᠠᠷ ᠲᠠᠪᠳᠠᠵᠤ ᠪᠠᠶᠢᠭᠰᠡᠨ | ᠭᠤᠷᠪᠠᠨ ᠤᠶᠤᠳᠠᠨ ᠰᠤᠷᠤᠭᠴᠢ ᠪᠠᠨ ᠤᠷᠢᠨ ᠵᠠᠯᠠᠵᠤ ᠪᠠᠭᠰᠢᠯᠠᠭᠤᠯᠤᠭᠰᠡᠨ ᠢᠶᠠᠷ ᠪᠠᠷᠠᠬᠤ ᠦᠭᠡᠢ ᠠᠩᠬ᠎ᠠ ᠲᠤᠮᠳᠠ | ᠶᠢᠨ ᠠᠩᠭᠢ ᠶᠢ ᠴᠦ ᠠᠮᠵᠢᠯᠳᠠ ᠲᠠᠢ ᠡᠷᠬᠢᠯᠡᠨ ᠲᠡᠬᠦᠰᠤᠭ᠍ᠰᠡᠨ ᠰᠤᠷᠤᠭᠴᠢ ᠪᠠᠨ ᠰᠤᠷᠤᠯᠭ᠎ᠠ ᠶᠢᠨ ᠦᠡᠳᠤᠷ ᠬᠢᠷᠢ | ᠬᠡᠮ ᠲᠠᠢ ᠦᠡᠳᠤᠷ ᠳᠤᠮᠳᠠᠳᠤ ᠶᠢᠨ ᠠᠩᠭᠢ ᠳᠤ ᠲᠡᠪᠰᠢᠬᠦᠯᠳᠡᠭ ᠪᠤᠯᠤᠭᠰᠡᠨ ᠶᠤᠮ᠃ ᠮᠦᠡᠴᠤ ᠰᠤᠷᠴᠤ ᠰᠤᠳᠤᠯᠠᠬᠤ | ᠪᠠᠷ ᠮᠡᠷᠡᠶᠢᠵᠤ ᠪᠠᠶᠢᠭᠰᠡᠨ ᠪᠠᠭᠰᠢ ᠨᠠᠷ ᠲᠠᠭᠠᠨ ᠰᠠᠶᠢᠨ ᠨᠦᠬᠦᠴᠡᠯ ᠬᠠᠩᠭᠠᠵᠤ ᠦᠭᠭᠦᠭᠰᠡᠨᠡᠴᠠ ᠲᠡᠳᠡᠬᠡᠷ ᠪᠠᠭᠰᠢᠨᠠᠷ | ᠨᠢ ᠲᠠᠷᠠᠭ᠎ᠠ ᠲᠠᠷᠠᠭ᠎ᠠ ᠪᠠᠷ ᠦᠪᠤᠷ ᠮᠤᠩᠭᠤᠯ ᠤᠨ ᠡᠯ᠎ᠡ ᠶᠡᠭᠡ ᠰᠤᠷᠭᠠᠭᠤᠯᠢ ᠳᠤ ᠰᠢᠯᠭᠠᠭᠳᠡᠨ ᠤᠷᠤᠭᠰᠡᠨ ᠶᠤᠮ᠃ | ᠨᠡᠩ ᠭᠠᠶᠢᠬᠠᠭᠤᠰᠢᠳᠠᠢ ᠨᠢ ᠬᠡᠪᠡᠯ ᠠᠩᠬ᠎ᠠ ᠳᠤᠮᠳᠠᠳᠤ ᠲᠡᠬᠦᠰᠤᠬᠡᠭᠰᠡᠨ ᠰᠤᠷᠤᠭᠴᠢ ᠲᠤᠳᠤᠷ᠎ᠠ ᠠᠴᠠ ᠨᠢᠬᠡᠨ ᠤᠡᠴᠠ | ᠰᠤᠷᠳᠠᠭ ᠰᠤᠷᠤᠭᠴᠢ ᠨᠢ ᠦᠡᠳᠤᠷ ᠳᠤᠮᠳᠠᠳᠤ ᠶᠢᠨ ᠠᠩᠭᠢ ᠲᠡᠬᠦᠰᠤᠭ᠍ᠰᠡᠨ ᠦᠭᠡᠢ ᠪᠠᠷ ᠦᠪᠤᠷ ᠮᠤᠩᠭᠤᠯ ᠤᠨ ᠶᠡᠭᠡ | ᠰᠤᠷᠭᠠᠭᠤᠯᠢ ᠳᠤ ᠰᠢᠯᠭᠠᠭᠳᠠᠨ ᠤᠷᠤᠭᠰᠡᠨ ᠪᠠᠶᠢᠨ᠎ᠠ᠃ ᠡᠨᠡ ᠨᠢ ᠲᠤᠰ ᠰᠤᠷᠤᠭᠴᠢ ᠶᠢᠨ ᠰᠤᠷᠤᠯᠭ᠎ᠠ ᠶᠢᠨ ᠬᠢᠷᠢ | ᠬᠡᠮ ᠦᠡᠳᠤᠷ ᠬᠡᠬᠦ ᠳᠤ ᠰᠤᠷᠭᠠᠭᠤᠯᠢ ᠶᠢᠨ ᠴᠢᠨᠠᠷ ᠴᠢᠡᠰᠠᠭ᠎ᠠ ᠪᠠᠭᠰᠢ ᠨᠠᠷ ᠤᠨ ᠬᠠᠷᠢᠭᠤᠴᠠᠯᠭ᠎ᠠ ᠵᠢᠭᠠᠨ ᠰᠤᠷᠭᠠᠯᠳᠠ | ᠶᠢᠨ ᠶᠠᠰᠤ ᠴᠢᠨᠠᠷ ᠠᠴᠠ ᠰᠠᠯᠵᠤ ᠴᠢᠳᠠᠬᠤ ᠦᠭᠡᠢ ᠶᠤᠮ᠃ ᠰᠤᠷᠭᠠᠭᠤᠯᠢ ᠡᠷᠬᠢᠯᠡᠭᠰᠡᠨ ᠬᠤᠷᠢᠨ ᠵᠢᠯ ᠤᠨ ᠲᠤᠳᠤᠷ᠎ᠠ | ᠬᠡᠳᠤᠨ ᠵᠠᠭᠤᠨ ᠰᠤᠷᠤᠭᠴᠢ ᠪᠠᠭᠠᠴᠤᠳ ᠢ ᠠᠩᠬᠠᠨ ᠤ ᠲᠦᠷᠤᠬᠡᠨ ᠳᠤᠨᠢ ᠦᠯᠮᠠᠶᠢᠯᠡᠬᠦᠯᠤᠨ ᠠᠯᠤᠰ ᠤᠨ ᠠᠶᠠᠨ | ᠳᠤᠨᠢ ᠮᠤᠷᠳᠠᠭᠤᠯᠤᠭᠰᠡᠨ ᠶᠤᠮ᠃ | ᠠᠬᠠᠮᠠᠳ ᠱᠦᠵᠢ ᠮᠢᠨᠢ ᠪᠤᠶᠢᠳᠠ ᠪᠦᠭᠯᠡᠭᠦᠦ ᠬᠦᠳᠡᠭᠡ ᠨᠤᠳᠤᠭ ᠲᠠᠭᠠᠨ ᠰᠤᠷᠭᠠᠭᠤᠯᠢ ᠡᠷᠬᠢᠯᠡᠭᠰᠡᠨ | ᠢᠶᠠᠷ ᠪᠠᠷᠠᠬᠤ ᠦᠭᠡᠢ ᠭᠠᠴᠠᠭᠠᠨ ᠤ ᠪᠠᠨ ᠠᠷᠠᠳ ᠲᠦᠮᠡᠨ ᠤ ᠠᠮᠢᠳᠤᠷᠠᠵᠤ ᠤᠷᠤᠰᠢᠬᠤ ᠦᠵᠡᠯ ᠤᠬᠠᠮᠰᠠᠷ ᠢ ᠴᠦ | ᠲᠡᠬᠡᠭᠰᠢᠯᠡᠬᠦᠯᠬᠦ ᠪᠠᠷ ᠴᠢᠷᠮᠠᠶᠢᠨ ᠠᠵᠢᠯᠯᠠᠭᠰᠡᠨ ᠶᠤᠮ᠃ ᠵᠠᠰᠠᠭ ᠲᠦᠷᠤ ᠶᠢᠨ ᠲᠡᠭᠰᠢ ᠪᠤᠰᠤ ᠨᠡᠶᠢᠬᠡᠮ ᠨᠡᠶᠢᠳ᠋ᠨ ᠪᠠᠷ | ᠢᠶᠠᠨ ᠠᠮᠢᠳᠤᠷᠠᠵᠤ ᠤᠷᠤᠰᠢᠬᠤ ᠬᠦᠴᠢᠷᠳᠡᠯ ᠲᠠᠢ ᠪᠠᠶᠢᠭᠰᠡᠨ ᠲᠡᠬᠡᠷ᠎ᠡ ᠵᠠᠭᠤᠨ ᠤ ᠲᠠᠪᠢ ᠵᠢᠷᠠᠭᠠᠳ ᠤᠨ ᠤ ᠦᠶ᠎ᠡ | ᠳᠤ ᠵᠠᠯᠠᠭᠤ ᠽᠠᠡᠳᠠᠨ ᠨᠠᠰᠤᠨ ᠤ ᠪᠠᠨ ᠢᠳᠡ ᠬᠦᠴᠤ ᠢᠳᠡᠬᠡᠯ ᠬᠠᠶᠢᠷ᠎ᠠ ᠪᠠᠨ ᠨᠤᠳᠤᠭ ᠤᠰᠤ ᠠᠷᠠᠳ ᠲᠦᠮᠡᠨ ᠤ | ᠪᠠᠨ ᠲᠦᠯᠤᠬᠡ ᠵᠤᠷᠢᠭᠤᠯᠬᠤ ᠶᠢ ᠶᠠᠭᠤᠨ ᠠᠴᠠ ᠴᠦ ᠡᠷᠬᠢᠮ ᠢᠶᠠᠷ ᠰᠠᠨᠠᠵᠤ ᠪᠠᠶᠢᠭᠰᠡᠨ ᠲᠡᠷᠡ ᠮᠠᠨᠢ ᠠᠯᠢᠪᠠ ᠬᠦᠴᠢᠷ | ᠪᠡᠷᠬᠡ ᠵᠤᠪᠠᠭᠤᠷᠢ ᠵᠦᠳᠡᠬᠦᠷᠢ ᠶᠢ ᠢᠯᠠᠨ ᠲᠠᠪᠠᠵᠤ ᠠᠵᠢᠯᠯᠠᠵᠤ ᠪᠠᠶᠢᠭᠰᠡᠨ ᠬᠤᠭᠤᠴᠠᠭᠠᠨ ᠳᠠᠭᠠᠨ ᠦᠵᠡᠯ ᠰᠠᠨᠠᠭᠠᠨ | ᠤ ᠲᠠᠷᠤᠯᠳᠠ ᠴᠤᠬᠢᠯᠳᠠ ᠪᠤᠶᠤ ᠬᠤᠶᠠᠷ ᠤᠳᠠᠭᠠᠨ ᠤ ᠪᠡᠶ᠎ᠡ ᠮᠠᠬᠠᠪᠤᠳ ᠤᠨ ᠬᠦᠡᠳᠤ ᠰᠦᠷᠡᠬᠡᠢ ᠰᠢᠷᠬ᠎ᠠ ᠰᠤᠷᠪᠢ ᠶᠢ | ᠤᠯᠵᠤ ᠦᠩᠬᠡᠷᠡᠭᠰᠡᠨ ᠶᠤᠮ᠃ | ᠨᠢᠬᠡᠳᠤᠬᠡᠷ ᠤᠳᠠᠭ᠎ᠠ ᠨᠢ ᠡᠪᠤᠯ ᠤᠨ ᠲᠡᠰᠬᠢᠮ᠎ᠡ ᠬᠦᠢᠳᠡᠨ ᠴᠠᠭ ᠤᠯᠠᠨ ᠢᠶᠠᠨ ᠲᠠᠭᠠᠭᠤᠯᠤᠨ 《 ᠬᠢ | ᠰᠧ ᠭᠤᠤ 》 ᠬᠡᠳᠡᠭ ᠭᠠᠵᠠᠷ ᠤᠰᠤᠨ ᠰᠤᠪᠠᠭ ᠮᠠᠯᠳᠠᠵᠤ ᠪᠠᠶᠢᠭᠠᠳ ᠬᠦᠯᠳᠡᠬᠦᠤ ᠰᠢᠷᠤᠶᠢᠨ ᠳᠤ ᠲᠠᠷᠤᠭᠳᠠᠨ | ᠲᠦᠷᠬᠡᠨ ᠠᠪᠤᠷᠠᠯ ᠢᠶᠠᠷ ᠠᠷᠠᠢ ᠬᠡᠵᠤ ᠠᠮᠢ ᠤᠷᠤᠭᠰᠡᠨ ᠪᠤᠶᠤ ᠬᠤᠶᠠᠳᠤᠭᠠᠷ ᠤᠳᠠᠭ᠎ᠠ ᠨᠢ ᠨᠤᠳᠤᠭ ᠤᠰᠤᠨ ᠤ ᠪᠠᠨ | ᠵᠠᠭᠠᠭ ᠱᠤᠭᠤᠮ ᠤᠨ ᠲᠤᠬᠠᠢ 5.1 ᠮᠠᠯᠵᠢᠯ ᠤᠨ ᠲᠠᠯᠠᠪᠠᠢ ᠶᠢᠨ ᠬᠢᠳᠡᠳ ᠨᠦᠬᠦᠳ ᠤᠳ ᠲᠠᠢ ᠶᠠᠷᠢᠯᠴᠠᠵᠤ ᠪᠠᠶᠢᠬᠤ | ᠲᠠᠰᠢᠷᠠᠮ ᠳᠤ ᠰᠠᠨᠠᠮᠰᠠᠷ ᠦᠭᠡᠢ ᠶᠢ ᠨᠢ ᠲᠤᠬᠢᠶᠠᠯᠳᠠᠭᠤᠯᠤᠨ ᠵᠢᠰᠤ ᠪᠤᠷᠤᠭᠤ ᠡᠳᠡᠬᠡᠳ ᠲᠤ ᠠᠷᠤ ᠠᠴᠠ ᠪᠠᠨ | ᠴᠤᠬᠢᠭᠳᠠᠨ ᠵᠠᠡᠴᠢᠭ᠌ᠳᠠᠵᠤ ᠰᠤᠶᠢᠨᠢ ᠬᠠᠪᠳᠠᠰᠤᠨ ᠲᠡᠬᠡᠷ᠎ᠡ ᠰᠠᠪᠠᠭᠳᠠᠨ ᠮᠠᠨᠠᠷᠠᠵᠤ ᠤᠨᠠᠭᠰᠡᠨ ᠠᠴᠠ ᠲᠠᠷᠢᠬᠢ ᠮᠡᠳᠡᠷᠡᠯ | ᠨᠢ ᠬᠡᠮᠳᠡᠨ ᠡᠮᠨᠡᠨ ᠵᠠᠰᠠᠭᠤᠯᠤᠭᠰᠡᠨ ᠴᠦ ᠡᠳᠡᠬᠡᠷᠡᠭᠰᠡᠨ ᠦᠭᠡᠢ ᠲᠤᠯᠠ ᠠᠷᠪᠢᠨ ᠲᠠᠬᠢᠨ ᠡᠮᠨᠡᠬᠦᠯᠤᠭ᠍ᠰᠡᠨ ᠦᠭᠡᠢ᠃ | ᠠᠵᠢᠯ ᠤᠨ ᠴᠢᠯᠤᠬᠡ ᠬᠡᠯᠡᠵᠤ ᠪᠡᠶ᠎ᠡ ᠪᠠᠨ ᠰᠤᠪᠢᠯᠠᠨ ᠰᠠᠭᠤᠭᠰᠡᠨ ᠦᠭᠡᠢ ᠲᠡᠬᠡᠷ᠎ᠡ ᠪᠠᠨ ᠡᠮᠵᠡᠭ ᠲᠠᠢ ᠪᠡᠶ᠎ᠡ ᠪᠠᠨ | ᠬᠠᠮᠢᠶᠠᠷᠤᠯ ᠦᠭᠡᠢ ᠪᠠᠷ ᠡᠪᠡᠳᠴᠤ ᠵᠤᠪᠠᠭ᠋ᠤ ᠪᠠᠨ ᠡᠮ ᠲᠠᠩ ᠢᠶᠠᠷ ᠠᠷᠭᠠᠴᠠᠭᠠᠨ ᠭᠠᠴᠠᠭ᠎ᠠ ᠲᠤᠰᠬᠤᠨ ᠤ ᠪᠠᠨ | ᠲᠦᠯᠤᠬᠡ ᠠᠵᠢᠯᠯᠠᠨ ᠠᠵᠢᠯᠯᠠᠭᠰᠠᠭᠠᠷ 1983 ᠤᠨ ᠤ ᠨᠠᠮᠤᠷ ᠤᠨ ᠰᠡᠬᠦᠯᠴᠢ ᠰᠠᠷ᠎ᠠ ᠰᠠᠶ᠋ᠢ ᠲᠦᠴᠢᠨ | ᠵᠢᠷᠭᠤᠭᠠᠬᠠᠨ ᠨᠠᠰᠤᠨ ᠰᠡᠬᠦᠳᠡᠷ ᠲᠠᠢ ᠬᠡᠷ ᠨᠤᠳᠤᠭ ᠬᠡᠷᠬᠡᠢ ᠬᠡᠤᠬᠡᠳ ᠪᠤᠯᠤᠨ ᠪᠢᠳᠡᠨᠡᠴᠠ ᠪᠠᠨ ᠦᠨᠢᠳᠡ ᠰᠠᠯᠤᠨ | ᠤᠳᠴᠤ ᠰᠡᠳᠬᠢᠯ ᠵᠢᠷᠤᠬᠡᠨ ᠳᠤ ᠮᠢᠨᠢ ᠮᠦᠩᠬᠡᠷᠡᠭᠰᠡᠨ ᠶᠤᠮ᠃ ᠠᠬᠠᠮᠠᠳ ᠱᠦᠵᠢ ᠮᠢᠨᠢ ᠴᠤᠬᠤᠮ ᠨᠢᠬᠡᠨ ᠮᠤᠩᠭᠤᠯ | ᠬᠦᠮᠤᠨ ᠤ ᠠᠷᠢᠭᠤᠨ ᠴᠢᠬᠡᠴᠢ ᠠᠰᠪᠤᠷᠢ ᠴᠠᠭᠠᠪᠤᠷᠢ ᠪᠤᠳᠤᠯᠭ᠎ᠠ ᠲᠠᠢ ᠠᠵᠢᠯ ᠤᠶᠢᠯᠡᠰ ᠢᠶᠠᠨ ᠬᠡᠪᠡᠯ ᠠᠮᠢ ᠠᠴᠠ ᠪᠠᠨ | ᠢᠯᠡᠬᠦᠤ ᠰᠠᠨᠠᠳᠠᠭ ᠰᠠᠶᠢᠨ ᠬᠦᠮᠤᠨ ᠪᠠᠶᠢᠭᠰᠡᠨ ᠶᠤᠮ ᠰᠢᠤ ᠁ ᠲᠡᠷᠡ ᠮᠢᠨᠢ ᠶᠠᠮᠠᠷ ᠨᠢᠬᠡᠨ ᠠᠯᠳᠠᠷ ᠨᠡᠷ᠎ᠡ ᠠᠰᠢᠭ | ᠬᠤᠨᠵᠢᠪᠤᠷᠢ᠂ ᠵᠡᠷᠬᠡ ᠲᠡᠰ᠂ ᠵᠢᠩᠰᠡ ᠤᠳᠤᠭ ᠲᠤ ᠲᠤᠷᠠᠯᠠᠳᠠᠭ ᠦᠭᠡᠢ᠃ ᠡᠯᠡᠰᠤ ᠮᠠᠩᠬᠠᠨ ᠡᠬᠡ ᠨᠤᠳᠤᠭ᠂ | ᠡᠯᠢᠬᠡᠨ ᠲᠤᠳᠤᠨᠤ ᠬᠦᠮᠤᠨ ᠠᠷᠠᠳ ᠢᠶᠠᠨ ᠬᠡᠰᠡᠨ ᠡᠪ ᠡᠩ ᠤᠨ ᠡᠬᠡᠯ ᠵᠢᠷ ᠤᠨ ᠨᠢᠬᠡᠨ ᠡᠪ ᠬᠠᠮᠳᠤ ᠨᠠᠮ ᠤᠨ | ᠬᠡᠰᠢᠬᠦᠨ ᠪᠠᠶᠢᠭᠰᠡᠨ ᠶᠤᠮ ᠬᠡᠵᠤ ᠪᠢ ᠠᠯᠤᠰ ᠢ ᠰᠢᠷᠳᠡᠨ ᠪᠤᠳᠤᠯᠭᠠᠰᠢᠷᠠᠪᠠᠯ ︽ᠠᠪᠤ ᠡ᠂ ᠲᠠ ᠲᠡᠬᠡᠬᠡᠳ ᠭᠤᠩᠭᠤᠷ | ᠦᠪᠤᠸ᠋ ᠶᠢ ᠲᠠᠬᠢᠵᠤ ᠠᠮᠢᠯᠠᠯ᠎ᠠ ᠬᠡᠰᠡᠨ ᠪᠢᠰᠢᠤ︖︾ ᠬᠡᠵᠤ ᠪᠢᠴᠢᠬᠠᠨ ᠤᠮᠪᠤᠯᠤ ᠮᠢᠨᠢ ᠶᠡᠬᠡᠳᠡ ᠭᠠᠶᠢᠬᠠᠵᠤ | ᠮᠡᠯᠳᠡᠭᠡᠨᠡᠭᠰᠡᠨ ᠬᠠᠷᠠᠴᠠ ᠪᠠᠷ ᠨᠠᠮᠠᠢᠢ ᠴᠤ᠋ ᠰᠢᠷᠳᠡᠨ ᠠᠰᠠᠭᠤᠯ᠎ᠠ᠃ ︽ᠲᠡᠶᠢᠮᠤ ᠰᠢᠤ᠂ ᠲᠡᠷᠡ ᠨᠢ ᠨᠢᠬᠡ ᠬᠦᠮᠤᠨ ᠤ | ᠨᠢᠬᠡ ᠨᠠᠰᠤᠨ ᠤ ᠬᠢᠨᠢ ᠬᠦᠮᠤᠨ ᠠᠷᠠᠳ ᠤᠨ ᠢᠶᠠᠨ ᠲᠦᠯᠤᠬᠡ ᠵᠢᠳᠬᠦᠵᠤ ᠶᠠᠪᠤᠭᠰᠡᠨ ᠠᠭᠤᠤ ᠭᠠᠪᠢᠶ᠎ᠠ ᠠᠤᠭ᠎ᠠ | ᠤᠶᠢᠯᠡᠰ ᠨᠢ ᠤᠨ ᠴᠠᠭ ᠤᠯᠠᠷᠢᠭᠰᠡᠨ ᠴᠦ ᠬᠢᠵᠢᠶᠡ ᠡᠬᠦᠷᠢᠳᠡ᠂ ᠤᠳᠤ ᠴᠦ ᠬᠡᠰᠡᠨ᠂ ᠢᠷᠡᠬᠡᠳᠤᠢ ᠳᠤ ᠴᠦ ᠬᠡᠰᠡᠨ | ᠴᠠᠭ ᠢᠮᠬᠠᠳᠠ ᠲᠤᠷᠠᠰᠬᠠᠭᠳᠠᠵᠤ ᠪᠠᠶᠢᠳᠠᠭ ᠢ ᠨᠢ ᠬᠡᠯᠡᠭᠰᠡᠨ ᠶᠤᠮ᠃ ᠲᠠᠷᠤᠢ ᠬᠦᠮᠤᠨ ᠨᠢ ᠦᠭᠡᠢ ᠪᠤᠯᠤᠭᠰᠡᠨ ᠴᠦ | ᠤᠶᠢᠯᠡᠰ ᠨᠢ ᠮᠦᠩᠬᠡᠷᠡᠨ ᠠᠮᠢᠯᠠᠭᠰᠡᠨ ᠢ ᠬᠡᠯᠡᠭᠰᠡᠨ ᠶᠤᠮ ᠰᠢᠤ ᠤᠮᠪᠤᠯᠤ ᠮᠢᠨᠢ︾ ᠬᠡᠵᠤ ᠪᠢ ᠲᠥᠭᠳᠡᠷᠡᠰᠬᠢᠨ᠂ | 《ᠱᠦᠵᠢ ᠶᠢ ᠮᠢᠨᠢ ᠨᠠᠰᠤ ᠪᠤᠯᠤᠭᠰᠡᠨ ᠲᠡᠷᠡ ᠵᠢᠯ ᠬᠦᠰᠡᠯ ᠬᠠᠶᠢᠷ᠎ᠠ ᠶᠢᠨ ᠬᠢᠨᠢ ᠵᠢᠬᠦᠷ ᠪᠤᠯᠤᠭᠰᠡᠨ ᠰᠤᠷᠭᠠᠭᠤᠯᠢ | ᠮᠢᠨᠢ ᠴᠦ ᠰᠤᠮᠤᠨ ᠳᠤ ᠲᠦᠪᠯᠡᠷᠡᠬᠦᠯᠬᠦ ᠲᠡᠬᠡᠷᠡᠬᠢ ᠶᠢᠨ ᠲᠤᠭᠳᠠᠭᠠᠯ ᠢᠶᠠᠷ ᠡᠬᠦᠳᠡ ᠪᠠᠨ ᠬᠠᠭᠠᠵᠤ ᠡᠷᠤᠬᠡ ᠪᠠᠨ | ᠪᠦᠳᠡᠬᠡᠭᠰᠡᠨ ᠢᠶᠠᠷ ᠦᠨᠤᠳᠤᠷ ᠤᠨ ᠡᠨᠡᠬᠦ ᠭᠤᠴᠢᠨ ᠲᠦᠷᠪᠡᠨ ᠵᠢᠯ ᠤᠨ ᠡᠮᠤᠨᠡᠬᠢ ᠰᠤᠷᠭᠠᠭᠤᠯᠢ ᠶᠢᠨ ᠪᠠᠭᠤᠷᠢ ᠮᠢᠨᠢ | ᠲᠡᠤᠬᠡ ᠴᠠᠳᠢᠭ ᠢ ᠨᠢ ᠦᠬᠦᠯᠡᠨ ᠵᠢᠯ ᠵᠢᠯ ᠤᠨ ᠬᠠᠩᠰᠢ ᠶᠢᠨ ᠡᠳᠤᠷ ᠤᠢᠷᠠᠳᠣᠭᠰᠠᠭᠠᠷ ᠦᠩᠬᠡ ᠦᠩᠬᠡ ᠶᠢᠨ | ᠴᠡᠴᠡᠭ ᠰᠤᠯᠤᠩᠭᠠᠷᠠᠨ ᠲᠡᠯᠬᠡᠷᠡᠵᠤ ᠰᠡᠳᠬᠢᠯ ᠳᠤ ᠡᠮᠵᠡᠭᠬᠡᠨ ᠰᠠᠨᠠᠭᠳᠠᠳᠠᠭ ᠪᠢᠯᠡ 》ᠬᠡᠵᠤ ᠪᠢ ᠲᠦᠬᠦᠮᠬᠡᠨ | ᠶᠠᠷᠢᠭᠠᠳ ᠬᠡᠷ ᠲᠡᠭᠡᠨ ᠪᠤᠴᠠᠬᠤ ᠶᠢ ᠰᠠᠨᠠᠪᠠᠯ ︽ᠠᠪᠤ ᠡ᠂ ᠲᠡᠡᠳᠡ ᠯᠠᠪ ᠭᠤᠶᠤ ᠰᠠᠶᠢᠬᠠᠨ ᠪᠠᠷᠢᠯᠭ᠎ᠠ ᠤᠳ ᠪᠠᠶᠢᠭᠰᠡᠨ | ᠪᠠᠶᠢᠬ᠎ᠠ︖︾ ᠬᠡᠵᠤ ᠤᠮᠪᠤᠯᠤ ᠮᠢᠨᠢ ᠰᠤᠨᠢᠭᠤᠴᠢᠯᠠᠨ ᠠᠰᠠᠭᠤᠯ᠎ᠠ᠃ ᠲᠡᠶᠢᠮᠤ ᠰᠢᠤ᠂ ᠭᠤᠶᠤ ᠰᠠᠶᠢᠬᠠᠨ ᠪᠠᠷᠢᠯᠭ᠎ᠠ | ᠪᠠᠶᠢᠭᠰᠡᠨ︕ ᠲᠡᠷᠡᠬᠦ ᠪᠠᠷᠢᠯᠭ᠎ᠠ ᠶᠢᠨ ᠠᠩᠬ᠎ᠠ ᠡᠬᠦᠰᠤᠯ ᠨᠢ ᠤᠳᠤ ᠠᠴᠠ ᠲᠠᠪᠢ ᠵᠢᠷᠠᠨ ᠵᠢᠯ ᠤᠨ ᠡᠮᠤᠨᠡᠬᠢ ᠶᠢᠨ | ᠭᠠᠴᠠᠭ᠎ᠠ ᠲᠤᠰᠬᠤᠨ ᠤ ᠬᠦᠮᠤᠨ ᠠᠷᠠᠳ ᠤᠨ ᠠᠮᠢᠳᠤᠷᠠᠯ ᠤᠨ ᠤᠷᠤᠰᠢᠨ ᠲᠤᠭᠳᠠᠨᠢᠯ ᠠᠴᠠ ᠢᠷᠡᠯᠳᠠᠢ ᠰᠢᠤ︕ | ᠲᠡᠷᠡ ᠦᠶ᠎ᠡ ᠬᠦᠳᠡᠭᠡ ᠨᠤᠳᠤᠭ ᠤᠨ ᠮᠢᠨᠢ ᠠᠵᠤ ᠠᠮᠢᠳᠤᠷᠠᠯ ᠬᠡᠵᠤ ᠲᠤᠶᠢᠯ ᠤᠨ ᠶᠠᠳᠠᠭᠤ ᠬᠤᠴᠤᠷᠤᠩᠭᠤᠢ | ᠪᠠᠶᠢᠭᠰᠡᠨ ᠳ᠋ᠠ᠃ ᠠᠬᠠᠮᠠᠳ ᠱᠦᠵᠢ ᠮᠢᠨᠢ ︿ᠬᠦᠮᠤᠨ ᠠᠷᠠᠳ ᠤᠨ ᠵᠶ᠋ᠠᠨᠠᠮᠢᠳᠤᠷᠠᠯ ᠤᠨ ᠲᠦᠪᠰᠢᠨ ᠢ | ᠰᠠᠶᠢᠵᠢᠷᠠᠭᠤᠯᠤᠶ᠎ᠠ ᠬᠡᠪᠡᠯ ᠬᠠᠮᠤᠭ ᠤᠨ ᠴᠢᠬᠤᠯᠠ ᠨᠢ ᠰᠤᠶᠤᠯ ᠮᠡᠳᠡᠯᠬᠡ ᠡᠵᠡᠮᠰᠢᠬᠦᠯᠬᠦ ᠬᠡᠷᠡᠭᠳᠠᠢ﹀ ᠬᠡᠵᠤ ᠬᠠᠮᠳᠤ | ᠤᠳᠤᠷᠢᠳᠤᠯᠭ᠎ᠠ ᠲᠠᠢ ᠪᠠᠨ ᠵᠦᠪᠳᠡᠯᠴᠠᠨ ᠭᠠᠴᠠᠭᠠᠨ ᠤ ᠪᠠᠨ ᠡᠳᠤᠷ ᠤᠨ ᠤᠳᠤ ᠬᠡᠮᠡᠷ ᠰᠤᠶᠤᠯ ᠲᠠᠢ ᠬᠦᠮᠤᠰ | ᠵᠶ᠋ᠠᠨᠵᠤᠬᠢᠶᠠᠨ ᠪᠠᠶᠢᠭᠤᠯᠵᠤ ᠬᠤᠳᠠ ᠤᠰᠤ ᠪᠠᠨ ᠲᠤᠭᠤᠷᠢᠭᠤᠯᠤᠨ ᠨᠡᠷ᠎ᠡ ᠨᠠᠰᠤ ᠪᠠᠨ ᠴᠦ ᠭᠠᠷᠭᠠᠬᠤ ᠦᠭᠡᠢ ᠰᠤᠶᠤᠯ | ᠤᠨ ᠪᠠᠯᠠᠶᠢᠴᠤᠳ ᠢᠶᠠᠨ ︿ᠴᠠᠭᠠᠨ ᠲᠤᠯᠤᠭᠠᠢ﹀ ᠠᠴᠠ ᠡᠬᠢᠯᠡᠨ ᠰᠤᠶᠤᠯ ᠡᠵᠡᠮᠰᠢᠭᠦᠯᠬᠦ ᠬᠡᠵᠤ ᠴᠦᠬᠦᠷᠡᠯ ᠦᠭᠡᠢ | ᠵᠢᠭᠠᠯᠭᠠᠭᠰᠡᠨ ᠠᠴᠠ ᠰᠤᠨᠢᠨ ᠤᠩᠰᠢᠬᠤ ᠂ ᠲᠡᠮᠳᠡᠭᠯᠡᠯ ᠬᠢᠬᠦ ᠵᠡᠷᠬᠡ ᠰᠤᠶᠤᠯ ᠤᠨ ᠬᠡᠮᠵᠢᠶ᠎ᠡ ᠲᠠᠢ ᠪᠤᠯᠭᠠᠨ ᠮᠡᠳᠡᠯᠬᠡ | ᠮᠡᠳᠡᠴᠡ ᠶᠢ ᠨᠢ ᠨᠡᠭᠡᠭᠡᠭᠳᠡᠭᠦᠯᠦᠭᠰᠡᠨ ᠲᠤᠯᠠ ᠬᠡᠤᠬᠡᠳ ᠪᠠᠭᠠᠴᠤᠳ ᠢᠶᠠᠨ ᠬᠡᠷ ᠬᠤᠳᠠ ᠠᠴᠠ ᠪᠠᠨ ᠤᠶᠢᠷᠬᠠᠨ | ᠰᠤᠷᠭᠠᠭᠤᠯᠢ ᠳᠤ ᠰᠠᠭᠤᠯᠭᠠᠵᠤ ᠨᠤᠮ ᠪᠢᠴᠢᠭ ᠰᠤᠷᠭᠠᠬᠤ ᠶᠢ ᠰᠠᠨᠠᠭᠠᠰᠢᠷᠠᠭᠰᠡᠨ ᠢ ᠠᠬᠠᠮᠠᠳ ᠱᠦᠵᠢ ᠮᠢᠨᠢ ᠮᠡᠳᠡᠵᠤ | ᠦᠪᠡᠷ ᠤᠨ ᠪᠤᠳᠤᠯ ᠢᠶᠠᠨ ᠬᠡᠰᠢᠬᠦᠳ ᠤᠨ ᠢᠶᠠᠨ ᠨᠠᠶᠢᠳᠠᠯᠭ᠎ᠠ ᠪᠠᠷ ᠲᠡᠬᠡᠷ᠎ᠡ ᠵᠠᠭᠤᠨ ᠤ ᠵᠢᠷᠠᠨ ᠲᠦᠷᠪᠡᠨ ᠤᠨ ᠳᠤ | ᠵᠢᠩᠬᠢᠨᠢ ᠪᠠᠷ ᠰᠤᠷᠭᠠᠭᠤᠯᠢ ᠪᠠᠶᠢᠭᠤᠯᠤᠨ ᠠᠩᠬᠠᠨ ᠤ ᠬᠤᠶᠠᠷ ᠭᠤᠷᠪᠠᠭ᠋ᠠᠨ ᠲᠠᠰᠤᠯᠭ᠎ᠠ ᠰᠢᠪᠡᠷ ᠪᠠᠶᠢᠰᠢᠩ ᠳᠠᠭᠠᠨ | ᠲᠤᠯᠤᠭᠠᠨ ᠰᠤᠷᠤᠭᠴᠢ ᠠᠴᠠ ᠡᠬᠢᠯᠡᠨ ᠰᠤᠷᠤᠯᠴᠠᠬᠤ ᠨᠤᠮ᠂ ᠰᠠᠭᠤᠬᠤ ᠬᠡᠷ᠂ ᠰᠠᠮᠪᠠᠷ᠎ᠠ᠂ ᠰᠠᠡᠳᠠᠯᠢ ᠵᠡᠷᠬᠡ | ᠰᠤᠷᠤᠯᠭ᠎ᠠ ᠠᠮᠢᠳᠤᠷᠠᠯ ᠳᠤ ᠬᠡᠷᠡᠭᠰᠡᠬᠦ ᠪᠦᠬᠦᠨ ᠢᠶᠠᠨ ᠬᠡᠰᠢᠬᠦᠳ ᠲᠠᠢ ᠪᠠᠨ ᠬᠠᠮᠵᠢᠯᠴᠠᠨ ᠦᠪᠡᠷ ᠢᠶᠠᠨ ᠲᠡᠷᠢᠬᠦᠯᠤᠨ | ᠲᠦᠪᠬᠢᠨᠡᠬᠦᠯᠵᠤ ᠠᠯᠢ ᠪᠤᠯᠬᠤ ᠪᠠᠷ ᠠᠮᠢᠳᠤᠷᠠᠯ ᠬᠦᠴᠢᠷᠳᠠᠯ ᠲᠠᠢ ᠬᠡᠰᠢᠬᠦᠳ ᠳᠡᠭᠡᠨ ᠲᠠᠷᠤᠭᠠᠰᠤ ᠪᠤᠯᠬᠤ ᠦᠭᠡᠢ ᠶᠢ | ᠬᠢᠴᠢᠶᠡᠵᠤ ᠢᠳᠡᠬᠦ ᠨᠤᠭᠤᠭ᠎ᠠ ᠲᠠᠷᠢᠶ᠎ᠠ ᠲᠦᠮᠤᠰᠤ ᠪᠠᠨ ᠪᠠᠭᠰᠢ ᠰᠤᠷᠤᠭᠴᠢᠳ ᠦᠪᠡᠷ ᠢᠶᠠᠨ ᠪᠡᠯᠡᠳᠬᠡᠵᠤ ᠵᠢᠯ ᠠᠴᠠ | ᠵᠢᠯ ᠴᠢᠷᠮᠠᠶᠢᠨ ᠠᠵᠢᠯᠯᠠᠭᠰᠡᠨ ᠪᠤᠶᠤ ︽ᠰᠤᠶᠤᠯ ᠤᠨ ᠬᠤᠪᠢᠰᠬᠠᠯ︾ ᠤᠨ ᠤᠶᠢᠮᠡᠬᠡᠨ ᠲᠡᠪᠵᠢᠶᠡᠨ ᠳᠤ ᠴᠦ ᠱᠦᠵᠢ | ᠮᠢᠨᠢ ᠦᠪᠡᠷ ᠢᠶᠠᠨ ᠴᠤᠬᠢᠭᠳᠠᠵᠤ ᠬᠢᠯᠢᠰᠳᠡᠭᠰᠡᠨ ᠴᠦ ᠰᠤᠷᠤᠭᠴᠢᠳ ᠤᠨ ᠢᠶᠠᠨ ᠰᠤᠷᠤᠯᠭ᠎ᠠ ᠶᠢ ᠵᠤᠭᠰᠤᠭᠠᠭᠰᠡᠨ | ᠦᠭᠡᠢ ᠠᠯᠢᠪᠠ ᠬᠦᠴᠢᠷ ᠪᠡᠷᠬᠡ ᠶᠢ ᠲᠡᠰᠪᠤᠷᠢᠯᠡᠨ ᠦᠩᠬᠡᠷᠡᠬᠡᠵᠤ ᠰᠤᠷᠭᠠᠭᠤᠯᠢ ᠪᠠᠨ ᠤᠯᠠᠮ ᠢᠯᠡᠬᠦᠤ ᠪᠡᠬᠢᠵᠢᠭᠥᠯᠥᠨ | ᠭᠦᠭᠵᠢᠬᠦᠯᠵᠤ ᠭᠠᠴᠠᠭᠠᠨ ᠤ ᠪᠠᠨ ᠰᠤᠷᠬᠤ ᠨᠠᠰᠤᠨ ᠤ ᠬᠡᠤᠬᠡᠳ ᠪᠠᠭᠠᠴᠤᠳ ᠢᠶᠠᠨ ᠪᠦᠬᠦᠨ ᠢ | ᠰᠤᠶᠤᠯᠵᠢᠭᠤᠯᠤᠭᠰᠠᠨ ᠢᠶᠠᠷ ᠪᠠᠷᠠᠬᠤ ᠦᠭᠡᠢ ᠵᠡᠷᠬᠡᠯᠳᠡᠭᠡ ᠭᠠᠴᠠᠭᠠᠨ ᠤ ᠬᠡᠤᠬᠡᠳ ᠪᠠᠭᠠᠴᠤᠳ ᠢ ᠴᠦ ᠬᠡᠷ ᠤᠨ | ᠠᠬᠠᠮᠠᠳ ᠤᠨ ᠬᠢᠨᠢ ᠬᠦᠰᠡᠯ ᠶᠤᠰᠤᠭᠠᠷ ᠲᠤᠰ ᠰᠤᠷᠭᠠᠭᠤᠯᠢ ᠳᠠᠭᠠᠨ ᠰᠠᠭᠤᠯᠭᠠᠨ ᠰᠤᠷᠤᠯᠴᠠᠭᠤᠯᠵᠤ ᠬᠦᠮᠤᠨ ᠠᠷᠠᠳ | ᠤᠨ ᠢᠶᠠᠨ ᠬᠦᠷᠢᠶᠡᠯᠡᠯ᠂ ᠨᠠᠮ ᠵᠠᠰᠠᠭ ᠤᠨ ᠢᠶᠠᠨ ᠱᠠᠩᠨᠠᠯ ᠬᠦᠬᠢᠬᠦᠯᠤᠯ ᠢ ᠤᠯᠠᠡᠳᠠ ᠤᠯᠵᠤ ᠦᠩᠬᠡᠷᠡᠭᠰᠡᠨ ᠶᠤᠮ᠃ | ᠠᠬᠠᠮᠠᠳ ᠱᠦᠵᠢ ᠶᠢᠨ ᠮᠢᠨᠢ ᠰᠤᠶᠤᠯ ᠮᠡᠳᠡᠯᠬᠡ ᠶᠢ ᠡᠷᠬᠢᠮᠨᠡᠨ ᠬᠡᠰᠢᠬᠦᠳ ᠤᠨ ᠢᠶᠠᠨ ᠰᠠᠶᠢᠨ ᠰᠠᠶᠢᠬᠠᠨ | ᠠᠮᠢᠳᠤᠷᠠᠯ ᠳᠤ ᠰᠠᠭᠤᠷᠢ ᠲᠠᠯᠪᠢᠭᠰᠡᠨ ᠬᠤᠯᠠ ᠶᠢᠨ ᠪᠤᠳᠤᠯᠭ᠎ᠠ ᠬᠤᠵᠢᠮ ᠤᠨ ᠲᠦᠰᠤᠪ ᠪᠠᠶᠢᠭᠰᠡᠨ ᠠᠴᠠ ᠦᠨᠤᠳᠤᠷ | ᠤᠨ ᠠᠮᠢᠳᠤᠷᠠᠯ ᠤᠨ ᠪᠠᠶᠠᠵᠢᠨ ᠴᠢᠨᠡᠬᠡᠯᠢᠭᠵᠢᠭᠰᠡᠨ ᠳᠤ ᠶᠡᠬᠡᠬᠡᠨ ᠬᠤᠪᠢ ᠨᠡᠮᠡᠬᠦᠷᠢ ᠪᠤᠯᠤᠭᠰᠡᠨ ᠨᠢ ᠶᠠᠷᠢᠶᠠᠨ ᠦᠭᠡᠢ | ᠶᠤᠮᠰᠠᠨ᠃ ᠰᠤᠷᠭᠠᠭᠤᠯᠢ ᠮᠢᠨᠢ ᠰᠤᠮᠤᠨ ᠳᠤ ᠰᠢᠯᠵᠢᠬᠦ ᠦᠶ᠎ᠡ ᠴᠡᠯ ᠨᠤᠭᠤᠭᠠᠨ ᠬᠦᠢᠰᠤ ᠶᠢᠨ ᠲᠠᠯ᠎ᠠ ᠶᠢᠨ ᠢᠶᠠᠨ | ᠡᠬᠢᠨ ᠲᠡᠬᠡᠷ᠎ᠡ ᠴᠢᠮᠡᠭ ᠪᠤᠯᠤᠨ ᠵᠡᠷᠬᠡᠯᠡᠩᠳᠡᠭᠰᠡᠨ — ᠦᠡᠳᠤᠷ ᠰᠦᠷᠯᠢᠭ ᠦᠬᠡᠷᠴᠢᠨ ᠤᠪᠤᠭ᠎ᠠ ᠪᠠᠨ ᠪᠠᠷᠠᠳᠠᠵᠤ᠂ | ᠦᠷᠬᠡᠨ ᠠᠭᠤᠳᠠᠮ ᠬᠦᠢᠰᠤ ᠶᠢᠨ ᠲᠠᠯ᠎ᠠ ᠪᠠᠨ ᠵᠠᠭᠳᠠᠭᠰᠡᠨ ᠮᠦᠷᠤᠬᠡᠳᠤᠯ ᠬᠠᠶᠢᠷ᠎ᠠ ᠶᠢᠨ ︿ᠮᠦᠮᠤ ᠶᠢᠨ ᠴᠠᠭᠠᠨ﹀ | ᠢᠶᠠᠨ ᠲᠦᠰᠢᠵᠤ᠂ ᠮᠦᠩᠬᠡ ᠶᠢᠨ ᠮᠦᠩᠬᠡ ᠶᠢᠨ ᠲᠡᠤᠬᠡ ᠰᠤᠶᠤᠯ ᠢᠶᠠᠨ ᠨᠠᠡᠳᠢᠩᠨᠠᠭᠰᠡᠨ ᠰᠠᠷᠠᠪᠴᠢ ᠨᠢ | ᠵᠢᠭᠳᠡᠷᠡᠭᠰᠡᠨ ᠰᠠᠷᠠᠭᠤᠯ ᠠᠭᠤᠳᠠᠮ ᠬᠢᠴᠢᠶᠡᠯ ᠤᠨ ᠬᠡᠷ᠂ ᠪᠡᠶ᠎ᠡ ᠪᠤᠯᠪᠠᠰᠤᠷᠠᠭᠤᠯᠬᠤ ᠲᠠᠮᠢᠷ ᠤᠨ ᠲᠠᠯᠠᠪᠠᠢ᠂ ᠪᠢᠯᠢᠭ | ᠮᠦᠷᠤᠶᠢᠴᠡᠬᠡᠨ ᠤ ᠤᠩᠰᠢᠯᠭ᠎ᠠ ᠶᠢᠨ ᠦᠷᠤᠬᠡ᠂ ᠬᠤᠭᠤᠯᠠᠨ ᠬᠡᠷ᠂ ᠬᠤᠨᠤᠬᠤ ᠪᠠᠶᠢᠷᠢ ᠵᠡᠷᠬᠡ ᠬᠦᠮᠤᠨ ᠪᠦᠬᠦᠨ ᠤ | ᠬᠠᠶᠢᠷ᠎ᠠ ᠪᠠᠭ᠋ᠠᠷᠬᠠᠯ ᠢ ᠲᠠᠳᠠᠭᠰᠡᠨ ᠬᠦᠳᠡᠭᠡ ᠨᠤᠳᠤᠭ ᠤᠨ ᠮᠢᠨᠢ ᠬᠡᠶᠢᠮᠤᠷᠢ ᠵᠢᠪᠬᠤᠭ᠎ᠠ ᠶᠢ ᠲᠠᠯᠠᠯᠤᠭᠰᠡᠨ ᠴᠤᠬᠤᠮ | ᠨᠢᠬᠡ ᠭᠤᠶᠤ ᠰᠠᠶᠢᠬᠠᠨ ᠰᠤᠷᠭᠠᠭᠤᠯᠢ ᠪᠠᠶᠢᠭᠰᠡᠨ ᠰᠢᠤ︕︾ ᠬᠡᠪᠡᠯ ︽ᠶᠠᠮᠠᠷ ᠭᠤᠶᠤ ᠪᠤᠢ︖︾ ᠬᠡᠵᠤ ᠰᠠᠭᠤᠬᠤ | ᠰᠠᠨᠠᠭ᠎ᠠ ᠰᠤᠷᠤᠯᠴᠠᠬᠤ ᠤᠷᠮ᠎ᠠ ᠨᠢ ᠭᠦᠭᠵᠢᠭᠰᠡᠨ ᠪᠢᠴᠢᠬᠠᠨ ᠬᠤᠶᠠᠷ ᠤᠮᠪᠤᠯᠤ ᠶᠢᠨ ᠮᠢᠨᠢ ᠲᠤᠭᠳᠤᠯᠤᠭᠰᠠᠨ | ᠰᠡᠳᠬᠢᠯ ᠲᠤᠷᠮᠤᠯᠵᠠᠬᠤ ᠬᠠᠷᠠᠴᠠ ᠨᠢ ᠬᠡᠷᠡᠯᠳᠤᠨ ᠲᠤᠶᠠᠭᠠᠷᠠᠵᠤ ᠪᠠᠶᠢᠯ᠎ᠠ᠃ | ᠬᠠᠩᠰᠢ ᠶᠢᠨ ᠡᠳᠤᠷ ᠤᠨ ᠡᠶᠡᠪᠡᠷᠭᠦᠦ ᠰᠠᠯᠬᠢᠨ ᠡᠯᠴᠢᠳᠤ ᠨᠠᠷᠠ ᠴᠢᠬᠢᠭ ᠬᠤᠷ᠎ᠠ ᠴᠡᠯᠬᠡᠷᠡᠬᠦ ᠨᠤᠭᠤᠭ᠎ᠠ | ᠶᠢ ᠲᠠᠭᠤᠳᠠᠨ ᠲᠠᠯᠠᠯᠬᠤᠶᠠ ᠴᠡᠯᠮᠡᠭ ᠲᠡᠭᠷᠢ ᠴᠡᠩᠬᠡᠷ ᠠᠭᠠᠷ ᠲᠠᠭᠠᠨ ᠴᠡᠭᠴᠤᠬᠡᠢ ᠰᠢᠪᠠᠭᠤ ᠵᠢᠷᠬᠢᠨ ᠲᠤᠩᠭᠤᠳᠤᠵᠤ | ᠬᠦᠳᠡᠭᠡ ᠨᠤᠳᠤᠭ ᠬᠦᠬᠡᠷᠡᠬᠦ ᠠᠯᠤᠰ ᠲᠤ ᠬᠦᠬᠦᠬᠡ ᠰᠢᠪᠠᠭᠤ ᠬᠦᠭᠵᠢᠮᠯᠡᠨ ᠤᠶᠠᠩᠭᠠᠯᠠᠨ᠎ᠠ᠃ | | | | ᠵᠤᠬᠢᠶᠠᠭᠴᠢ ᠶᠢᠨ ᠬᠠᠶ᠋ᠢᠭ᠄ ᠰᠢᠯᠤᠭᠤᠨ ᠬᠦᠬᠡ ᠬᠤᠰᠢᠭᠤᠨ ᠤ ᠰᠠᠩ ᠤᠨ ᠲᠠᠯᠠᠢ ᠪᠠᠯᠭᠠᠰᠤᠨ ᠤ ᠭᠠᠨᠭ᠍ᠭᠠᠨᠳᠠᠯᠠ | ᠭᠠᠴᠠᠭ᠎ᠠ |