ᠦᠶ᠎ᠠ ᠲᠠᠮᠵᠢᠨ ᠬᠠᠳᠠᠭᠠᠭᠯᠠᠭᠰᠠᠨ ᠪᠤᠷᠭᠠᠰᠤᠨ ᠬᠦᠷᠦᠮᠡᠯ ᠤᠨ ᠮᠡᠷᠬᠡᠵᠢᠯ ᠢᠶᠠᠷ ᠢᠶᠠᠨ ᠠᠮᠢᠳᠤᠷᠠᠯ ᠢᠶᠠᠨ ᠦᠬᠡᠳᠡ ᠲᠠᠳᠠᠵᠦ ᠶᠠᠪᠤᠭ᠎ᠠ—— ᠲᠡᠮᠦᠷᠪᠠᠭᠠᠨ᠎ᠠ
ᠨᠡᠶᠢᠲᠡᠯᠡᠭᠰᠡᠨ ᠴᠠᠭ᠄
2018/5/17
        ᠰᠢᠯᠤᠭᠤᠨ ᠬᠦᠬᠡ ᠬᠤᠰᠢᠭᠤᠨ ᠤ ᠰᠠᠩ ᠤᠨ ᠲᠠᠯᠠᠢ ᠪᠠᠯᠭᠠᠰᠤᠨ ᠤ ᠲᠠᠪᠤᠨ ᠤᠳᠤ ᠭᠠᠴᠠᠭᠠᠨ ᠤ ᠮᠠᠯᠴᠢᠨ ᠲᠡᠮᠦᠷᠪᠠᠭᠠᠨ᠎ᠠ ᠤᠷᠤᠨ ᠨᠤᠳᠤᠭ ᠤᠨ ᠢᠶᠠᠨ ᠪᠤᠷᠭᠠᠰᠤ ᠡᠯᠪᠡᠭ ᠲᠠᠢ ᠨᠦᠬᠦᠴᠡᠯ ᠵᠢᠴᠢ ᠤᠶᠢᠷ᠎ᠠ ᠶᠢᠨ ᠬᠤᠶᠠᠷ ᠵᠢᠯ ᠠᠴᠠ ᠤᠯᠠᠮᠵᠢᠯᠠᠯᠳᠤ ᠪᠤᠷᠭᠠᠰᠤᠨ ᠬᠦᠷᠦᠮᠡᠯ ᠤᠨ ᠬᠡᠷᠡᠭᠰᠡᠯ ᠢᠶᠠᠨ ᠵᠠᠷᠤᠵᠦ ᠬᠡᠷᠡᠭᠯᠡᠬᠦ ᠬᠦᠮᠦᠨ ᠠᠷᠪᠢᠳᠤᠭᠰᠠᠨ ᠠᠰᠢᠭᠳᠠᠢ ᠨᠦᠬᠦᠴᠡᠯ ᠎ ᠳᠤ ᠲᠤᠬᠢᠶᠠᠯᠳᠤᠭᠤᠯᠤᠨ ᠪᠤᠷᠭᠠᠰᠤᠨ ᠬᠦᠷᠦᠮᠡᠯ ᠤᠨ ᠡᠳ᠋ᠯᠡᠯ ᠬᠡᠷᠡᠭᠯᠡᠯ ᠬᠢᠵᠦ ᠬᠤᠳᠠᠯᠳᠤᠭᠠᠳ ᠠᠮᠢᠳᠤᠷᠠᠯ ᠢᠶᠠᠨ ᠦᠬᠡᠳᠡ ᠲᠠᠳᠠᠵᠦ ᠶᠠᠪᠤᠨ᠎ᠠ᠃
        ᠰᠤᠷᠪᠤᠯᠵᠢᠯᠠᠭᠴᠢ ᠲᠡᠮᠦᠷᠪᠠᠭᠠᠨ᠎ᠠ ᠶᠢᠨ ᠳᠤ ᠬᠦᠷᠬᠦ ᠳᠤ ᠲᠡᠷᠡ ᠶᠠᠭ ᠰᠠᠶᠢᠬᠠᠨ ᠵᠠᠬᠢᠶᠠᠯᠠᠭ᠎ᠠ ᠶᠢᠨ ᠠᠷᠤᠭ ᠢᠶᠠᠨ ᠪᠤᠭᠤᠭᠠᠳ ᠶᠠᠭᠠᠷᠠᠤ ᠪᠠᠶᠢᠯ᠎ᠠ᠃ ᠲᠡᠮᠦᠷᠪᠠᠭᠠᠨ᠎ᠠ ᠭᠤᠷᠪᠠᠳᠤᠭᠠᠷ ᠰᠠᠷ᠎ᠠ ᠶᠢᠨ ᠰᠡᠬᠦᠯᠴᠢ ᠠᠴᠠ ᠡᠬᠢᠯᠡᠨ ᠬᠤᠰᠢᠭᠤᠨ ᠤ ᠪᠠᠨ ᠤᠢ ᠰᠢᠭᠤᠢ ᠶᠢᠨ ᠬᠠᠮᠠᠭᠠᠯᠠᠯᠳᠠ ᠶᠢᠨ ᠰᠠᠯᠠᠭ᠎ᠠ ᠮᠦᠴᠢᠷ ᠠᠴᠠ ᠪᠤᠷᠭᠠᠰᠤ ᠬᠠᠳᠤᠬᠤ ᠵᠦᠪᠰᠢᠶᠡᠷᠡᠯ ᠢᠶᠠᠨ ᠠᠪᠴᠦ ᠡᠨᠡ ᠬᠠᠪᠤᠷ ᠤᠨ ᠵᠠᠬᠢᠶᠠᠯᠠᠭ᠎ᠠ ᠪᠠᠷ ᠲᠤᠭᠳᠠᠭᠰᠠᠨ ᠠᠷᠤᠭ᠂ ᠵᠠᠮᠪᠠ᠂ ᠪᠤᠩᠬᠤᠷ᠂ ᠪᠦᠬᠦᠬᠡᠭ ᠵᠡᠷᠬᠡ ᠳᠤ ᠬᠡᠷᠡᠭᠯᠡᠬᠦ ᠪᠤᠷᠭᠠᠰᠤ ᠪᠠᠨ ᠬᠠᠳᠤᠵᠦ ᠪᠡᠯᠡᠳᠬᠡᠵᠡᠢ᠃
        ᠲᠡᠮᠦᠷᠪᠠᠭᠠᠨ᠎ᠠ ᠶᠢ ᠠᠷᠪᠠᠨ ᠬᠡᠳᠦᠳᠡᠢ ᠪᠠᠶᠢᠬᠤ ᠳᠤᠨᠢ ᠮᠠᠯᠵᠢᠬᠤ ᠤᠷᠤᠨ ᠳᠤ ᠠᠷᠤᠭ ᠰᠠᠪᠠᠷ᠂ ᠪᠤᠩᠬᠤᠷ᠂ ᠠᠶᠢᠷᠠᠭ ᠤᠨ ᠭᠠᠨᠭ᠌᠂ ᠪᠦᠷᠬᠦᠬᠡᠷ᠂ ᠪᠦᠬᠦᠭᠡᠭ ᠬᠡᠳ ᠪᠦᠬᠦ ᠶᠠᠭᠤᠮ᠎ᠠ ᠪᠠᠨ ᠪᠤᠷᠭᠠᠰᠤ ᠮᠤᠳᠤᠨ ᠳᠤ ᠲᠦᠰᠢᠭᠯᠡᠨ ᠦᠪᠡᠷ ᠢᠶᠠᠨ ᠬᠢᠳᠡᠭ ᠪᠠᠶᠢᠭᠰᠠᠨ᠃ ᠲᠡᠬᠦᠨ ᠤ ᠨᠠᠭ᠎ᠠ ᠪᠤᠭᠤᠷᠤᠯ ᠪᠠ ᠡᠵᠢ ᠨᠢ ᠪᠦᠷ ᠭᠠᠷ ᠤᠷᠠᠨ ᠲᠠᠢ ᠬᠦᠮᠦᠰ ᠪᠠᠶᠢᠵᠦ᠂ ᠪᠤᠷᠭᠠᠰᠤᠨ ᠬᠦᠷᠦᠮᠡᠯ ᠮᠤᠳᠤᠴᠢᠨ ᠤ ᠠᠵᠢᠯ ᠢ ᠮᠠᠰᠢ ᠰᠠᠶᠢᠬᠠᠨ ᠬᠢᠳᠡᠭ ᠪᠠᠶᠢᠭᠰᠠᠨ ᠢᠶᠠᠷ ᠲᠡᠷᠡ ᠪᠤᠷᠭᠠᠰᠤᠨ ᠬᠦᠷᠦᠮᠡᠯ ᠤᠨ ᠮᠡᠷᠬᠡᠵᠢᠯ ᠢ ᠴᠦ ᠤᠯᠠᠮᠵᠢᠯᠠᠨ ᠠᠪᠴᠠᠢ᠃
        ᠲᠡᠮᠦᠷᠪᠠᠭᠠᠨ᠎ᠠ ᠪᠤᠷᠭᠠᠰᠤᠨ ᠬᠦᠷᠦᠮᠡᠯ ᠢ ᠠᠷᠪᠠᠨ ᠲᠤᠯᠤᠭ᠎ᠠ ᠨᠠᠢᠮᠠᠳᠠᠢ ᠠᠴᠠ ᠪᠠᠨ ᠡᠬᠢᠯᠡᠵᠦ ᠰᠤᠷᠤᠭᠰᠠᠨ ᠪᠠᠶᠢᠯ᠎ᠠ ᠃ ᠲᠡᠬᠦᠨ ᠤ ᠠᠷᠤᠭ ᠪᠤᠭᠤᠵᠦ ᠰᠤᠷᠤᠭᠰᠠᠨ ᠨᠢ ᠪᠠᠰᠠ ᠦᠯᠢᠬᠡᠷ ᠲᠠᠢ ᠪᠠᠶᠢᠵᠠᠢ᠃ ᠡᠵᠢ ᠨᠢ ᠲᠠᠩᠳᠠ ᠪᠠᠨ ᠠᠷᠤᠭ ᠢᠶᠠᠨ ᠡᠬᠦᠷᠦᠬᠡᠳ ᠠᠷᠭᠠᠯ ᠢᠶᠠᠨ ᠲᠡᠬᠦᠳᠡᠭ ᠪᠠᠶᠢᠬᠰᠠᠨ᠂ ᠡᠵᠢ ᠶᠢᠨ ᠬᠢᠨᠢ ᠭᠡᠷᠡᠭᠯᠡᠵᠦ ᠪᠠᠶᠢᠭᠰᠠᠨ ᠠᠷᠤᠭ ᠨᠢ ᠤᠨ ᠤᠳᠠᠭᠠᠨ ᠵᠠᠷᠤᠭᠰᠠᠨ ᠠᠴᠠ ᠪᠦᠷ ᠦᠵᠢᠷᠠᠵᠦ ᠦᠳᠡᠬᠡᠷᠢ ᠨᠢ ᠲᠠᠯᠪᠢᠭᠳᠠᠭᠠᠳ ᠬᠡᠷᠡᠭᠯᠡᠬᠦ ᠶᠢᠨ ᠠᠷᠭ᠎ᠠ ᠦᠬᠡᠢ ᠪᠤᠯᠤᠭᠰᠠᠨ ᠦᠶ᠎ᠡ ᠳᠤ ᠡᠵᠢ ᠳᠡᠭᠡᠨ ᠨᠢᠬᠡ ᠰᠠᠶᠢᠬᠠᠨ ᠰᠢᠨ᠎ᠠ ᠠᠷᠤᠭ ᠪᠤᠭᠤᠵᠦ ᠦᠭᠬᠦᠶ᠎ᠡ ᠬᠡᠳ ᠠᠩᠬ᠎ᠠ ᠠᠷᠤᠭ ᠪᠤᠭᠤᠬᠤ ᠳᠠᠭᠠᠨ ᠪᠦᠬᠡᠷᠡᠩᠬᠡᠢ ᠢᠷᠤᠭᠠᠷ ᠲᠠᠢ ᠰᠠᠭᠤᠷᠢ ᠮᠠᠭᠤᠳᠠᠢ ᠲᠤᠭᠳᠠᠳᠠᠭ ᠦᠬᠡᠢ ᠠᠷᠤᠭ ᠪᠤᠭᠤᠭᠰᠠᠨ ᠬᠡᠨ᠎ᠡ᠂ ᠲᠡᠬᠦᠨ ᠠᠴᠠ ᠬᠤᠶᠢᠰᠢ ᠤᠷᠤᠯᠳᠤᠭᠰᠠᠭᠠᠷ ᠪᠠᠶᠢᠵᠦ ᠨᠢᠬᠡᠮᠦᠰᠦᠨ ᠲᠤᠷ᠎ᠠ ᠪᠠᠭ᠋ᠠᠳᠠᠢ ᠪᠤᠯᠵᠦ ᠮᠠᠰᠢ ᠰᠠᠶᠢᠨᠬᠠᠨ ᠠᠷᠤᠭ ᠪᠤᠭᠤᠳᠠᠭ ᠪᠤᠯᠵᠠᠢ᠃
         ᠡᠷᠳᠡᠨᠢᠳᠡᠨ᠎ᠠ ᠪᠤᠯ ᠵᠢᠭᠠᠰᠤᠳᠠᠢ ᠰᠤᠮᠤᠨ ᠤ ᠮᠠᠯᠴᠢᠨ ᠪᠠᠶᠢᠵᠦ ᠦᠷᠬᠦᠯᠵᠢ ᠲᠠᠮᠤᠷᠪᠠᠭᠠᠨ᠎ᠠ ᠠᠴᠠ ᠠᠷᠤᠭ ᠠᠪᠴᠦ ᠬᠡᠷᠡᠭᠯᠡᠳᠡᠭ ᠪᠠᠶᠢᠨ᠎ᠠ᠃         ᠤᠶᠢᠷ᠎ᠠ ᠶᠢᠨ ᠵᠢᠯ ᠠᠴᠠ ᠮᠠᠯᠵᠢᠯ ᠤᠨ ᠬᠡᠷᠡᠭᠴᠡᠭᠡ ᠪᠠ‌‍ᠺᠢᠨᠤ᠋ ᠲᠤᠭᠯᠠᠬᠤ᠂ ᠦᠵᠡᠬᠦᠯᠬᠡᠨ ᠳᠤ ᠲᠠᠯᠪᠢᠬᠤ᠂ ᠵᠤᠭᠠᠴᠠᠯ ᠤᠨ ᠦᠢᠯᠡᠰ ᠲᠤ ᠬᠡᠷᠡᠭᠯᠡᠬᠦ ᠵᠡᠷᠬᠡ ᠱᠠᠭᠠᠷᠳᠠᠯᠭ᠎ᠠ ᠠᠴᠠ ᠪᠤᠯᠵᠦ ᠪᠤᠷᠭᠠᠰᠤᠨ ᠬᠦᠷᠦᠮᠡᠯ ᠠᠪᠬᠤ ᠬᠦᠮᠦᠨ ᠤᠯᠠᠰᠢᠷᠠᠵᠦ ᠡᠬᠢᠯᠡᠵᠡᠢ᠃ ᠲᠡᠮᠦᠷᠪᠠᠭᠠᠨ᠎ᠠ‌ᠦᠨᠦ ᠬᠠᠪᠤᠷ 60 ᠭᠠᠷᠤᠢ ᠠᠷᠤᠭ᠂ ᠪᠤᠷᠭᠠᠰᠤᠨ ᠮᠤᠩᠭᠤᠯ ᠬᠡᠷ 2᠂ ᠪᠤᠩᠬᠤᠷ᠂ ᠮᠤᠳᠤᠨ ᠲᠡᠷᠭᠡ ᠵᠡᠷᠭᠡ ᠶᠢ ᠵᠠᠬᠢᠶᠠᠯᠠᠭ᠎ᠠ ᠪᠠᠷ ᠬᠦᠯᠦᠨ ᠪᠤᠶᠢᠷ᠂ ᠵᠡᠭᠦᠨ ᠪᠠᠷᠠᠭᠤᠨ ᠦᠵᠦᠮᠦᠴᠢᠨ᠂ ᠠᠪᠠᠭ᠎ᠠ ᠬᠤᠰᠢᠭᠤ ᠵᠡᠷᠭᠡ ᠬᠤᠰᠢᠭᠤ ᠨᠤᠳᠤᠭ ᠢᠶᠠᠷ ᠪᠤᠷᠤᠯᠠᠭᠤᠯᠵᠦ 3 ᠲᠦᠮᠡᠨ ᠲᠦᠬᠦᠷᠢᠭ ᠤᠨ ᠤᠷᠤᠯᠭ᠎ᠠ ᠡᠬᠦᠳᠴᠠᠢ᠃         ᠪᠤᠷᠭᠠᠰᠤ ᠶᠢ ᠶᠠᠭ ᠬᠠᠳᠤᠬᠤ ᠪᠠᠨ ᠪᠠᠶᠢᠴᠢᠬᠠᠪᠠᠯ ᠦᠬᠦᠬᠦ ᠨᠤᠷᠮ᠎ᠠ ᠨᠢ ᠦᠨᠳᠦᠷ᠂ ᠬᠠᠪᠤᠷ ᠡᠷᠳᠡ ᠪᠤᠶᠤ ᠨᠠᠮᠤᠷ ᠬᠦᠢᠳᠡᠨ ᠤᠷᠤᠭᠰᠠᠨ ᠠᠴᠠ ᠬᠤᠶᠢᠰᠢ ᠪᠤᠷᠭᠠᠰᠤ ᠬᠦᠯᠳᠡᠬᠦᠦ ᠪᠠᠶᠢᠬᠤ ᠳᠤ ᠬᠠᠳᠤᠵᠦ ᠰᠢᠩᠭᠡᠯᠡᠵᠦ ᠪᠠᠶᠢᠪᠠᠯ ᠪᠤᠷᠭᠠᠰᠤ ᠤᠷᠭᠤᠬᠤ ᠤᠷᠤᠨ ᠵᠠᠢ ᠭᠠᠷᠴᠦ᠂ ᠤᠷᠭᠤᠯᠳᠠ ᠳᠤ ᠰᠠᠶᠢᠨ ᠪᠠᠶᠢᠳᠠᠭ ᠬᠡᠵᠦ ᠲᠡᠮᠦᠷᠪᠠᠭᠠᠨ᠎ᠠ ᠰᠤᠷᠪᠤᠯᠵᠢᠯᠠᠭᠴᠢ ᠳᠤ ᠲᠤᠷᠰᠢᠯᠭ᠎ᠠ ᠪᠠᠨ ᠶᠠᠷᠢᠵᠦ ᠦᠭᠬᠦᠨ᠎ᠠ᠃         ᠠᠮᠢᠳᠤᠷᠠᠯ ᠤᠨ ᠭᠡᠷᠡᠭᠯᠡᠭᠡᠨ ᠠᠴᠠ ᠢᠳᠡᠭ ᠢᠳᠡᠭ ᠢᠶᠠᠷ ᠬᠤᠯᠠᠳᠠᠭᠰᠠᠨ ᠴᠦ ᠮᠠᠯᠵᠢᠬᠤ ᠨᠡᠬᠦᠳᠡᠯ ᠰᠤᠶᠤᠯ ᠤᠨ ᠤᠬᠢ ᠰᠤᠳᠤ ᠶᠢ ᠬᠠᠳᠠᠭᠠᠯᠠᠵᠦ᠂ ᠰᠤᠶᠤᠯ ᠵᠤᠭᠠᠴᠠᠯ ᠳᠤ ᠲᠠᠬᠢᠨ ᠤᠷᠤᠨ ᠪᠠᠶᠢᠷᠢ ᠪᠠᠨ ᠤᠯᠵᠦ ᠪᠠᠶᠢᠭ᠎ᠠ ᠪᠤᠷᠭᠠᠰᠤᠨ ᠰᠤᠶᠤᠯ ᠢᠶᠠᠨ ᠤᠷᠬᠢᠭᠳᠠᠭᠤᠯᠵᠦ ᠬᠠᠶᠠᠭᠳᠠᠭᠤᠯᠬᠤ ᠦᠬᠡᠢ ᠬᠡᠵᠦ ᠮᠦᠨ ᠬᠦ ᠡᠬᠦᠪᠡᠷ ᠢᠶᠠᠨ ᠤᠷᠤᠯᠭ᠎ᠠ ᠪᠠᠨ ᠨᠡᠮᠡᠭᠳᠡᠬᠦᠯᠵᠦ ᠶᠠᠪᠤᠭ᠎ᠠ ᠲᠡᠮᠦᠷᠪᠠᠭᠠᠨ᠎ᠠ ᠰᠤᠷᠪᠤᠯᠵᠢᠯᠠᠬᠴᠢ ᠶᠢ ᠡᠳᠡᠨ ᠤ ᠬᠢ ᠠᠴᠠ ᠶᠠᠪᠤᠬᠤ ᠳᠤ ᠮᠦᠨ ᠯᠠ ᠭᠠᠷ ᠲᠠᠬᠢ ᠠᠵᠢᠯ ᠳᠠᠭᠠᠨ ᠶᠠᠭᠠᠷᠠᠭᠰᠠᠭᠠᠷ ᠬᠤᠴᠤᠷᠤᠯ᠎ᠠ᠃ ︵ᠠᠯᠳᠠᠨᠰᠢᠬᠦᠷ︶
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号