ᠠᠯᠳᠠᠨᠵᠢᠭᠠᠰᠤ | | | | ᠠᠭᠤᠤ ᠰᠤᠳᠤᠨ ᠡᠷᠳᠡᠮᠳᠠᠨ ᠪᠠᠭᠰᠢ ᠮᠢᠨᠢ ᠳᠡᠯᠡᠭᠡᠢ ᠶᠢᠨ ᠭᠡᠭᠡᠷᠡᠯ ᠢ ᠤᠭᠳᠤᠨ ᠡᠷᠳᠡᠮ ᠰᠤᠶᠤᠯ ᠤᠨ | ᠮᠦᠷ ᠭᠦᠭᠡᠭᠡᠵᠦ᠂ ᠬᠦᠭᠵᠢᠭᠰᠡᠨ ᠬᠠᠷᠢ ᠶᠠᠫᠤᠨ ᠤᠯᠤᠰ ᠲᠤ ᠤᠴᠢᠵᠦ᠂ ᠳᠠᠪᠰᠢᠩᠭᠤᠢ ᠰᠤᠶᠤᠯ ᠪᠤᠯᠪᠠᠰᠤᠷᠠᠯ ᠢ | ᠰᠤᠷᠤᠨ ᠰᠤᠳᠤᠯᠵᠦ᠂ ᠤᠭᠰᠠᠭ᠎ᠠ ᠦᠨᠳᠤᠰᠤᠳᠠᠨ ᠤ ᠬᠦᠰᠡᠯ ᠮᠦᠷᠦᠭᠡᠳᠦᠯ ᠢ ᠪᠠᠶᠡᠯᠡᠬᠦᠯᠬᠦ ᠪᠠᠷ ᠳᠡᠭᠡᠳᠦᠰ ᠤᠨ | ᠰᠦᠷ ᠢᠶᠠᠨ ᠳᠠᠬᠢᠨ ᠪᠠᠳᠠᠷᠠᠭᠤᠯᠬᠤ ᠡᠷᠡᠯᠭᠡᠭ ᠵᠤᠷᠢᠭ ᠢᠶᠠᠷ ᠨᠢᠭᠡᠨ ᠵᠠᠭᠤᠨ ᠤ ᠳᠤᠷᠰᠢ ᠬᠦᠮᠦᠨ ᠤ ᠶᠠᠪᠤᠭ᠎ᠠ ᠦᠭᠡᠢ | ᠶᠢ ᠶᠠᠪᠤᠵᠦ᠂ ᠰᠡᠳᠬᠢᠭᠡ ᠦᠭᠡᠢ ᠶᠢ ᠰᠡᠳᠬᠢᠵᠦ᠂ ᠬᠡᠯᠡᠭᠡ ᠦᠭᠡᠢ ᠶᠢ ᠬᠡᠯᠡᠵᠦ᠂ ᠪᠢᠴᠢᠭᠡ ᠦᠭᠡᠢ ᠶᠢ ᠪᠢᠴᠢᠵᠦ᠂ | ᠦᠨᠳᠤᠰᠤᠳᠠᠨ ᠢᠶᠠᠨ ᠰᠡᠭᠡᠭᠡᠷᠡᠬᠦᠯᠬᠦ ᠮᠠᠰᠢ ᠤᠯᠠᠨ ᠨᠤᠮ ᠵᠤᠬᠢᠶᠠᠯ ᠢ ᠪᠢᠴᠢᠭᠰᠡᠨ ᠴᠤᠷ ᠤᠨ ᠭᠠᠭᠴᠠ ᠡᠷᠳᠡᠮᠳᠠᠨ | ᠭᠡᠵᠦ ᠬᠡᠯᠡᠬᠦ ᠳᠤ ᠢᠯᠡᠬᠦᠳᠠᠬᠦ ᠦᠭᠡᠢ᠃ ᠡᠶᠢᠨᠬᠦ ᠳᠤᠷᠠᠰᠤᠨ ᠶᠠᠷᠢᠬᠤ ᠳᠤ ᠬᠦᠮᠦᠨ ᠤ ᠭᠡᠯᠡᠳᠡᠭ ︽ᠡᠷᠳᠡᠮᠳᠠᠨ᠂ | ᠠᠯᠳᠠᠷᠳᠦ ᠰᠢᠯᠦᠭᠴᠢ ᠨᠠ᠊ ᠰᠠᠶᠢᠨᠴᠤᠭᠳᠤ︾ ᠭᠡᠬᠦ ᠳᠤᠮᠤ ᠦᠭᠡ ᠬᠡᠷᠡᠭᠯᠡᠬᠦ ᠦᠭᠡᠢ᠂ ︽ᠮᠢᠨᠦ ᠪᠠᠭᠰᠢ ᠰᠠᠶᠢᠴᠤᠩᠭ᠎ᠠ︾ | ᠭᠡᠵᠦ ᠦᠪᠠᠷ ᠤᠨ ᠪᠤᠳᠤᠯ ᠢᠶᠠᠨ ᠶᠠᠷᠢᠮᠠᠷ ᠪᠠᠶᠢᠨ᠎ᠠ᠃ | ᠪᠠᠭᠰᠢ ᠮᠢᠨᠢ ᠶᠠᠫᠤᠨ ᠤᠯᠤᠰ ᠲᠤ ᠰᠤᠷᠤᠯᠴᠠᠵᠦ ᠪᠠᠶᠢᠬᠤ ᠳᠠᠭᠠᠨ ᠬᠦᠭᠵᠢᠭᠰᠡᠨ ᠤᠯᠤᠰ ᠤᠨ ᠰᠤᠶᠤᠯ | ᠰᠤᠷᠭᠠᠨ ᠬᠦᠮᠦᠵᠢᠯ ᠢ ᠪᠠᠭ᠋ᠠᠷᠬᠠᠵᠦ᠂ ᠬᠦᠨ ᠬᠦᠨᠵᠡᠭᠡᠢ ᠰᠤᠷᠴᠦ ᠰᠤᠳᠤᠯᠵᠦ ᠡᠷᠳᠡᠮ ᠡᠪᠤᠷᠯᠠᠨ ᠡᠭᠡ ᠤᠯᠤᠰ ᠲᠠᠭᠠᠨ | ᠢᠷᠡᠵᠦ᠂ ᠦᠨᠳᠤᠰᠤᠳᠠᠨ ᠤ ᠰᠤᠶᠤᠯ ᠰᠤᠷᠭᠠᠨ ᠬᠦᠮᠦᠵᠢᠯ ᠳᠤ ᠦᠨ᠎ᠡ ᠲᠠᠢ ᠴᠡᠨ᠎ᠠ ᠲᠠᠢ ᠪᠢᠴᠢᠭ ᠮᠠᠲ᠋ᠧᠷᠢᠶᠠᠯ ᠢ | ᠳᠤᠭᠤᠷᠪᠢᠨ ᠪᠢᠴᠢᠵᠦ᠂ ᠳᠠᠷᠢᠬᠦᠨ ᠨᠤᠶᠠᠨ ᠤ ᠬᠡᠪᠯᠡᠯ ᠳᠠᠷᠤᠮᠠᠯᠠᠯ ᠤᠨ ᠤᠷᠳᠤᠨ ᠳᠤ ᠬᠡᠪᠯᠡᠬᠦᠯᠵᠦ ᠪᠠᠶᠢᠭᠰᠠᠨ ᠶᠤᠮ᠃ | ᠳᠠᠷᠠᠴᠢᠯᠠᠨ ᠤᠯᠤᠰ ᠪᠠᠶᠢᠭᠤᠯᠤᠭᠳᠠᠭᠰᠠᠨ ᠠᠴᠠ ᠨᠠᠰᠢ ︽ᠪᠠᠶᠠᠷ ᠤᠨ ᠳᠠᠭᠤᠯᠠᠯ︾ ᠠᠴᠠ ᠡᠬᠢᠯᠡᠨ ᠨᠠᠮ ᠳᠦᠷᠦ ᠪᠠᠨ | ᠮᠠᠭᠳᠠᠭᠰᠠᠨ ᠠᠯᠢ ᠤᠯᠠᠨ ᠤᠶᠠᠩᠭ᠎ᠠ ᠳᠠᠭᠤᠯᠠᠯ᠂ ᠵᠤᠬᠢᠶᠠᠯ ᠂ ᠤᠷᠴᠢᠭᠤᠯᠭ᠎ᠠ ᠶᠢᠨ ᠤᠯᠠᠨ ᠨᠤᠮ ᠤᠨ ᠬᠦᠷᠦᠩᠭᠡ | ᠲᠠᠢ ᠬᠦᠮᠦᠨ ᠶᠤᠮ᠃ ᠳᠠᠷᠠ ᠪᠦᠬᠦᠢ ᠨᠤᠮ ᠵᠤᠬᠢᠶᠠᠯ ᠢ ᠪᠦᠷᠢᠨ ᠴᠤᠭᠯᠠᠭᠤᠯᠪᠠᠯ ᠳᠠᠬᠢᠨ ᠨᠢᠭᠡ ᠨᠠᠢᠮᠠᠨ ᠪᠤᠳᠢ ᠪᠤᠯᠬᠤ | ᠪᠠᠷ ᠰᠤᠶᠤᠯ ᠤᠨ ᠦᠪ ᠦᠯᠡᠳᠡᠭᠡᠭᠰᠡᠨ ᠬᠦᠮᠦᠨ ᠶᠤᠮ᠃ | ︽ᠭᠡᠭᠡᠷ᠎ᠡ ᠶᠢᠨ ᠭᠠᠯᠠᠭᠤ ᠨᠢᠰᠦᠭᠡᠳ ᠬᠦᠷᠬᠦ ᠦᠭᠡᠢ ᠭᠠᠵᠠᠷ ᠠᠴᠠ ᠬᠦᠮᠦᠨ ᠤ ᠬᠦᠦ ᠡᠷᠳᠡᠮ ᠡᠪᠤᠷᠯᠠᠨ | ᠢᠷᠡᠬᠦ︾ ᠳᠤ ᠮᠤᠩᠭᠤᠯ ᠤᠨ ᠰᠡᠭᠡᠭᠡᠷᠡᠭᠰᠡᠨ ᠸᠠᠩ ᠳᠠᠮᠴᠤᠭᠳᠤᠩᠷᠤᠪ ᠤᠭᠳᠤᠨ ᠬᠦᠯᠢᠶᠡᠵᠦ᠂ ᠭᠡᠪᠯᠡᠯ ᠳᠠᠷᠤᠮᠯᠠᠯ ᠤᠨ | ᠤᠷᠳᠤᠨ ᠤ ᠨᠠᠷᠢᠨ ᠪᠢᠴᠢᠭᠡᠴᠢ ᠪᠤᠯᠭᠠᠵᠦ᠂ ᠦᠭᠢᠳ ᠤᠨ ᠬᠦᠮᠦᠵᠢᠯ ᠬᠢᠭᠡᠳ ᠪᠦᠰᠡᠬᠦᠶᠢᠴᠤᠳ ᠤᠨ ᠤᠩᠰᠢᠬᠤ | ᠪᠢᠴᠢᠭ ᠢ ᠨᠠᠶᠢᠷᠠᠭᠤᠯᠬᠤ ᠡᠬᠦᠷᠭᠡ ᠦᠭᠴᠦ᠂ ᠳᠦᠰᠢᠮᠡᠯ ᠤᠨ ᠪᠠᠶᠢᠷᠢ ᠳᠡᠭᠡᠷ᠎ᠡ ᠬᠠᠶᠢᠷ᠎ᠠ ᠶᠢᠨ ᠮᠠᠶᠢᠷᠠᠨ ᠳᠤᠰᠢᠶᠠᠯ ᠳᠤ | ᠳᠠᠪᠰᠢᠭᠤᠯᠤᠭᠰᠠᠨ ᠭᠡᠳᠡᠭ᠃ ᠳᠤᠬᠠᠢ ᠶᠢᠨ ᠹᠸᠤᠳᠠᠯ ᠤᠨ ᠨᠠᠶᠢᠭᠡᠮ ᠤᠨ ᠡᠭᠡᠳᠡᠷᠭᠡᠨ ᠪᠤᠳᠤᠯᠢᠶᠠᠨ ᠲᠠᠢ ᠴᠠᠭ ᠦᠶ᠎ᠡ | ᠪᠤᠯᠪᠠᠴᠦ ᠦᠨᠳᠤᠰᠤᠳᠠᠨ ᠤ ᠰᠤᠷᠭᠠᠨ ᠬᠦᠮᠦᠵᠢᠯ ᠤᠨ ᠦᠢᠯᠡᠰ ᠲᠤ ᠵᠢᠷᠦᠭᠡᠨ ᠳᠠᠮᠢᠷ ᠢᠶᠠᠨ ᠰᠢᠪᠬᠠᠵᠦ᠂ ᠬᠠᠭᠤᠴᠢᠨ | ᠬᠡᠷ ᠤᠨ ᠰᠤᠷᠭᠠᠭᠤᠯᠢ ᠶᠢᠨ ᠬᠢᠴᠢᠶᠡᠯ ᠬᠦᠮᠦᠵᠢᠯ ᠤᠨ ᠰᠤᠷᠬᠤ ᠨᠤᠮ ᠴᠦᠭᠡᠨ ᠪᠠᠶᠢᠵᠦ᠂ ︽ᠪᠤᠭᠳᠠ ᠶᠢᠨ ᠰᠤᠷᠭᠠᠯ | ᠤᠨ ᠠᠷᠪᠠᠨ ᠵᠢᠷᠭᠤᠭ᠎ᠠ︾᠂ ︽ᠺᠦᠩᠽᠢ ᠮᠧᠩᠽᠢ ᠶᠢᠨ ᠰᠤᠷᠭᠠᠯ︾ ᠢ ᠤᠩᠰᠢᠨ ᠴᠡᠭᠡᠵᠢᠯᠡᠬᠦ ᠳᠠᠳᠤᠢ ᠦᠭᠡᠢ᠂ ︽ | ᠦᠬᠢᠨ ᠬᠦᠮᠦᠨ ᠤ ᠶᠤᠰᠤ ᠵᠢᠷᠤᠮ︾᠂ ︽ᠪᠦᠰᠡᠬᠦᠢ ᠬᠦᠮᠦᠨ ᠤ ᠠᠷᠬᠠᠭ ᠭᠡᠮ︾ ᠭᠡᠬᠦ ᠬᠠᠭᠤᠴᠢᠨ ᠰᠤᠷᠭᠠᠨ | ᠬᠦᠮᠦᠵᠢᠯ ᠤᠨ ᠭᠡᠪᠰᠢᠮᠡᠯ ᠳᠦᠷᠢᠮ ᠢ ᠰᠢᠨᠡᠴᠢᠯᠡᠵᠦ᠂ ᠰᠢᠨ᠎ᠡ ᠮᠢᠩᠭᠠᠨ ᠤ ᠰᠤᠷᠭᠠᠭᠤᠯᠢ ᠶᠢᠨ ᠬᠦᠷᠢᠶᠠᠨ ᠤ ᠰᠤᠶᠤᠯ | ᠪᠤᠯᠪᠠᠰᠤᠷᠠᠯ᠂ ᠬᠢᠴᠢᠶᠡᠯ ᠬᠦᠮᠦᠵᠢᠯ ᠢ ᠦᠷᠭᠡᠳᠭᠡᠵᠦ᠂ ᠳᠡᠦᠭᠡ ᠪᠠᠶᠢᠭᠠᠯᠢ ᠭᠠᠵᠠᠷ ᠵᠦᠢ ᠶᠡᠷᠤ ᠶᠢᠨ ᠮᠡᠳᠡᠯᠭᠡ᠂ | ᠳᠠᠭᠤᠤ ᠤᠷᠠᠯᠢᠭ᠂ ᠵᠢᠷᠤᠭ᠂ ᠪᠠᠶ᠎ᠠ ᠳᠠᠮᠢᠷ᠂ ᠶᠠᠫᠤᠨ ᠤ ᠤᠳᠤᠬᠢᠴᠢᠯᠡᠠᠭᠰᠠᠨ ᠪᠠᠶ᠎ᠠ ᠳᠠᠮᠢᠷ ᠤᠨ ᠪᠤᠯᠪᠠᠰᠤᠷᠠᠯ᠂ | ᠵᠢᠭᠰᠠᠵᠦ ᠠᠯᠬᠤᠬᠤ᠂ ᠳᠠᠮᠢᠷ ᠤᠨ ᠤᠬᠠᠭᠠᠨ ᠢ ᠤᠶᠠᠯᠳᠠᠭᠤᠯᠤᠨ ᠴᠤ᠋ ᠰᠢᠨ᠎ᠡ ᠳᠦᠪᠰᠢᠨ ᠳᠤ ᠬᠦᠷᠭᠡᠭᠰᠡᠨ ᠪᠠᠶᠢᠨ᠎ᠠ᠃ | ᠡᠩ ᠳᠡᠷᠢᠬᠦᠨ ᠳᠤ ᠰᠤᠷᠭᠠᠭᠤᠯᠢ ᠶᠢᠨ ᠬᠦᠷᠢᠶᠠᠨ ᠤ ᠰᠤᠷᠬᠤ ᠨᠤᠮ ︽ᠠᠶᠢᠯ ᠢᠶᠠᠨ ᠦᠭᠡᠳᠡᠯᠡᠬᠦᠯᠬᠦ ᠪᠢᠴᠢᠭ ︾ ᠢ | ᠨᠠᠶᠢᠷᠠᠭᠤᠯᠵᠦ ᠰᠤᠷᠬᠤ ᠶᠢᠨ ᠡᠮᠦᠨ᠎ᠡ ᠬᠦᠮᠦᠨ ᠪᠤᠯᠬᠤ ᠶᠢ ᠰᠤᠷᠭᠠᠵᠦ᠂ ᠢᠷᠡᠭᠡᠳᠦᠢ ᠶᠢᠨ ᠡᠭᠡ ᠬᠦᠮᠦᠨ ᠤ ᠤᠶᠤᠨ | ᠤᠬᠠᠭᠠᠨ ᠰᠤᠶᠤᠯ ᠪᠤᠯᠪᠠᠰᠤᠷᠠᠯ ᠢ ᠡᠵᠡᠮᠰᠢᠬᠦᠯᠬᠦ ᠳᠠᠳᠤᠢ ᠦᠭᠡᠢ ᠪᠦᠰᠡᠬᠦᠶᠢᠴᠤᠳ ᠤᠨ ᠤᠩᠰᠢᠬᠤ ᠪᠢᠴᠢᠭ᠂ ︽ | ᠠᠶᠢᠯ ᠭᠡᠷ ᠬᠢᠭᠡᠳ ᠪᠦᠰᠡᠬᠦᠢ ᠬᠦᠮᠦᠨ᠂ ᠠᠶᠢᠯ ᠭᠡᠷ ᠬᠢᠭᠡᠳ ᠤᠭᠰᠠᠭ᠎ᠠ ᠦᠨᠳᠤᠰᠤᠳᠠᠨ︾ ᠭᠡᠬᠦ ᠳᠤᠮᠤ ᠵᠤᠬᠢᠶᠠᠯ ᠢ | ᠨᠠᠶᠢᠷᠠᠭᠤᠯᠵᠦ᠂ ᠦᠨᠳᠤᠰᠤᠳᠠᠨ ᠢᠶᠠᠨ ᠭᠡᠭᠡᠷᠡᠬᠦᠯᠦᠨ ᠳᠡᠯᠡᠭᠡᠢ ᠶᠢᠨ ᠳᠠᠪᠴᠠᠩ ᠳᠤ ᠮᠦᠷ ᠵᠡᠷᠭᠡᠴᠠᠨ ᠤᠷᠤᠭᠰᠢᠯᠠᠬᠤ | ᠦᠵᠡᠯ ᠤᠬᠠᠮᠰᠠᠷ ᠡᠷᠴᠢ ᠬᠦᠴᠦ ᠶᠢ ᠤᠯᠭᠤᠵᠦ᠂ ᠡᠭᠡ ᠰᠤᠷᠭᠠᠭᠤᠯᠢ ᠶᠢᠨ ᠳᠡᠦᠭᠡ ᠶᠢ ᠵᠢᠷᠤᠭᠯᠠᠵᠦ ᠦᠯᠡᠳᠡᠭᠡᠭᠰᠡᠨ | ᠶᠤᠮ᠃ ᠳᠠᠷᠡᠴᠢᠯᠠᠨ ᠴᠠᠭᠠᠨ ᠳᠤᠯᠤᠭᠠᠢ ᠶᠢᠨ ᠠ ᠠᠴᠠ ᠡᠬᠢᠯᠡᠨ ︽ᠠᠰᠠᠷᠠᠯ ᠡᠨᠡᠷᠢᠯ ᠤᠨ ᠳᠤᠷᠠᠰᠢᠯ ᠶᠡᠭᠡᠳᠠᠢ᠂ | ᠠᠭᠠᠯᠢ ᠳᠤᠩᠭᠠᠯᠠᠭ ᠬᠦᠮᠦᠨ ᠪᠤᠯᠵᠠᠭᠠᠶ᠎ᠠ ᠁︾ ᠭᠡᠬᠦ ᠵᠠᠭᠤᠨ ᠪᠠᠳᠠᠭ ᠰᠢᠯᠦᠭ ᠤᠨ ᠵᠤᠬᠢᠶᠠᠯ ᠨᠠᠶᠢᠷᠠᠭᠤᠯᠵᠦ | ᠮᠤᠩᠭᠤᠯ ᠪᠦᠰᠡᠬᠦᠢ ᠡᠭᠡ ᠬᠦᠮᠦᠨ ᠤ ᠡᠷᠬᠢᠮ ᠳᠡᠭᠡᠳᠦ ᠬᠡᠪ ᠰᠤᠷᠳᠠᠯ᠂ ᠤᠶᠠᠷᠠᠭᠤᠨ ᠤᠶᠠᠬᠠᠨ ᠵᠠᠩ ᠠᠷᠠᠨᠰᠢᠨ᠂ | ᠠᠶᠢᠯ ᠭᠡᠷ᠂ ᠠᠵᠦ ᠠᠮᠢᠳᠤᠷᠠᠯ ᠤᠨ ᠪᠤᠷᠬᠠᠨ ᠤᠬᠠᠭᠠᠨ᠂ ᠳᠠᠷᠬᠠᠨ ᠡᠬᠦᠷᠭᠡ ᠶᠢ ᠳᠠᠨᠢᠭᠤᠯᠤᠭᠰᠠᠨ ᠶᠤᠮ᠃ ᠨᠢᠭᠡᠨ | ᠦᠶ᠎ᠡ ᠶᠢᠨ ᠳᠤᠷᠤᠶᠢᠳᠠᠨ ᠪᠠᠭᠤᠷᠠᠭᠰᠠᠨ ᠦᠨᠳᠤᠰᠤᠳᠠᠨ ᠤ ᠬᠤᠴᠤᠷᠠᠩᠭᠤᠢ ᠪᠠᠯᠠᠷᠯᠢᠭ ᠠᠮᠢᠳᠤᠷᠠᠯ ᠪᠠ ᠨᠡᠶᠢᠭᠡᠮ ᠤᠨ | ᠡᠷᠭᠡ ᠳᠡᠭᠰᠢ ᠪᠤᠰᠤ ᠂ ᠡᠷᠡᠬᠦᠯ ᠰᠠᠷᠠᠭᠤᠯ ᠢ ᠰᠠᠨᠠᠭᠠᠰᠢᠷᠠᠨ ᠪᠢᠴᠢᠭᠰᠡᠨ ︽ᠮᠠᠨ ᠤ ᠮᠤᠩᠭᠤᠯ ᠤᠨ ᠬᠦᠴᠦᠷᠭᠡᠭ | ᠳᠠᠭᠤᠨ︾᠂ ︽ᠮᠠᠨ ᠤ ᠮᠤᠩᠭᠤᠯ ᠤᠨ ᠮᠠᠨᠳᠤᠬᠤ ᠳᠠᠭᠤᠨ︾ ᠬᠤᠶᠠᠷ ᠵᠤᠬᠢᠶᠠᠯ ᠪᠤᠯ ᠪᠦᠬᠦ ᠮᠤᠩᠭᠤᠯ | ᠵᠠᠯᠠᠭᠤᠴᠤᠳ ᠤᠨ ᠰᠤᠷᠬᠤ ᠨᠤᠮ ᠪᠠᠶᠢᠭᠰᠠᠨ ᠶᠤᠮ᠃ ᠵᠢᠱᠢᠶᠡᠯᠡᠪᠡᠯ ︽ᠤᠷᠤᠭᠰᠢᠯᠠᠬᠤ ᠪᠢᠳᠠᠨ ᠤ ᠤᠭᠤᠷ ᠤᠨ | ᠳᠠᠭᠤᠨ︾ ᠰᠢᠯᠦᠭ ᠪᠤᠯ ᠰᠤᠷᠤᠭᠴᠢᠳ ᠤᠨ ᠤᠷᠤᠰᠤᠮ᠎ᠠ ᠢᠷᠠᠭᠤ ᠤᠩᠰᠢᠯᠭ᠎ᠠ ᠶᠢᠨ ᠬᠢᠴᠢᠶᠡᠯ ᠪᠠᠶᠢᠭᠰᠠᠨ᠃ ᠡᠨᠡᠬᠦ | ᠵᠤᠬᠢᠶᠠᠯ ᠤᠨ ᠶᠡᠭᠡᠩᠬᠢ ᠨᠢ ᠭᠡᠭᠡᠭᠳᠡᠭᠰᠡᠨ ᠪᠤᠯᠪᠠᠴᠤ ᠰᠠᠶᠢᠡᠭᠡᠷᠡᠯ᠂ ᠳᠤᠩᠭᠠᠯᠠᠭᠳᠠᠯᠠᠢ ᠨᠠᠷ ᠤᠨ ᠬᠠᠳᠠᠭᠠᠯᠠᠵᠦ | ᠪᠠᠶᠢᠭᠰᠠᠨ ᠳᠠᠯ᠎ᠠ ᠭᠠᠷᠤᠢ ᠪᠠᠳᠠᠭ ᠰᠢᠯᠦᠭ ᠨᠢ ᠪᠦᠷᠢᠨ ᠵᠤᠬᠢᠶᠠᠯ ᠤᠨ ᠨᠢᠭᠡ ᠳᠤᠯᠭᠠᠭᠤᠷᠢ ᠨᠢ ᠪᠤᠯᠤᠭᠰᠠᠨ ᠶᠤᠮ᠃ | ᠭᠡᠪᠡᠴᠦ ᠤᠳᠤ ︽ᠮᠠᠨ ᠤ ᠮᠤᠩᠭᠤᠯ ᠤᠨ ᠬᠦᠴᠦᠷᠭᠡᠭ ᠳᠠᠭᠤᠨ︾ ᠤ ᠮᠤᠩᠭᠤᠯ ᠭᠡᠳᠡᠭ ᠢ ᠨᠢ ᠬᠠᠰᠤᠭᠠᠳ ᠤᠤᠯ | ᠵᠤᠬᠢᠶᠠᠯ ᠳᠤ ᠪᠠᠶᠢᠭ᠎ᠠ ᠦᠭᠡᠢ ︽ᠳᠦᠪ ᠵᠠᠰᠠᠭ ᠤᠨ ᠤᠷᠳᠤᠨ ᠤ ᠤᠨᠴᠠ ᠶᠢᠨ ᠳᠦᠯᠦᠭᠡᠯᠡᠭᠴᠢ ᠁︾᠂ ︽ | ᠳᠤᠮᠳᠠᠳᠤ ᠤᠯᠤᠰ ᠤᠨ ᠪᠠᠭᠠᠳᠤᠷᠯᠢᠭ ᠠᠷᠠᠳ ᠤᠨ ᠬᠦᠴᠦᠷᠭᠡᠭ ᠳᠠᠭᠤᠨ᠂ ᠡᠭᠡ ᠤᠷᠤᠨᠴᠢ ᠳᠠᠩᠭᠠᠷᠢᠭ︾ ᠭᠡᠰᠡᠨ | ᠪᠤᠶᠤ ︽ᠬᠠᠭᠤᠷᠮᠠᠭ ᠤᠨ ᠵᠠᠰᠠᠭ ᠤᠨ ᠤᠷᠳᠤᠨ᠂ ᠮᠤᠩᠭᠤᠯ ᠤᠨ ᠵᠠᠯᠢᠬᠠᠢ ᠳ᠋ᠧ ᠸᠠᠩ︾ ᠭᠡᠬᠦ ᠮᠡᠳᠦ ᠨᠡᠮᠡᠵᠦ | ᠬᠠᠰᠤᠵᠦ ᠦᠭᠡᠷᠡᠴᠢᠯᠡᠭᠰᠡᠨ ᠨᠢ ᠢᠯᠡᠷᠭᠡᠢ ᠬᠠᠷᠠᠭᠳᠠᠨ᠎ᠠ᠃ ᠳᠠᠷᠠᠴᠢᠯᠠᠨ ︽ᠬᠦᠴᠦᠷᠭᠡᠭ ᠳᠠᠭᠤᠨ︾ ᠶᠢ ᠳᠠᠪᠢᠨ ᠤᠨ | ᠳᠤ ᠪᠢᠴᠢᠭᠰᠡᠨ ᠭᠡᠳᠡᠭ ᠢ ᠦᠵᠡᠬᠦ ᠳᠤ ᠬᠠᠭᠤᠴᠢᠨ ᠵᠤᠬᠢᠶᠠᠯ ᠨᠢ ᠪᠦᠷᠢᠨ ᠤᠯᠳᠠᠭ᠎ᠠ ᠦᠭᠡᠢ ᠨᠢ ᠮᠡᠳᠡᠭᠡᠵᠢ᠃ | ᠭᠡᠪᠡᠴᠦ᠂ ᠠᠷᠭ᠎ᠠ ᠦᠭᠡᠢ ᠨᠢᠭᠡ ᠦᠶ᠎ᠡ ᠶᠢᠨ ᠬᠡᠷᠡᠯ ᠰᠠᠴᠤᠷᠠᠩᠭᠤᠢ ᠵᠤᠬᠢᠶᠠᠯ ᠳᠤ ᠵᠠᠰᠠᠪᠤᠷᠢ ᠤᠷᠤᠭᠤᠯᠤᠭᠰᠠᠨ ᠨᠢ | ᠭᠡᠨᠡᠳᠳᠠ ᠶᠢᠨ ᠵᠠᠬᠦᠨ ᠤ ᠰᠠᠯᠬᠢᠨ ᠳᠤ ᠴᠤᠬᠢᠭᠳᠠᠭᠰᠠᠨ ᠠᠴᠠ ᠮᠤᠩᠭᠤᠯ ᠤᠯᠤᠰ ᠲᠤ ᠰᠤᠷᠤᠯᠴᠠᠵᠦ ᠪᠠᠶᠢᠬᠤ ᠳᠠᠭᠠᠨ | ᠵᠠᠷᠢᠮ ᠵᠤᠬᠢᠶᠠᠯ ᠳᠤ ᠵᠠᠰᠠᠪᠤᠷᠢ ᠤᠷᠤᠭᠤᠯᠤᠭᠰᠠᠨ ᠨᠢ ᠮᠡᠳᠡᠭᠡᠵᠢ᠃ ᠵᠢᠱᠢᠶᠡᠯᠡᠬᠦ ᠳᠤ ︽ᠬᠠᠶᠢᠷᠠᠳᠠᠢ ᠦᠯᠦᠭᠡᠢ | ᠨᠤᠳᠤᠭ ᠢᠶᠠᠨ ᠬᠠᠷᠬᠢᠰ ᠭᠤᠮᠢᠨᠳᠠᠩ ᠪᠠᠷ ᠬᠢᠰᠬᠢᠬᠦᠯᠬᠦ ᠦᠭᠡᠢ᠂ ᠡᠪᠦᠭᠡ ᠡᠪᠤᠭᠡᠳ ᠤᠨ ᠮᠢᠨᠢ ᠨᠤᠳᠤᠭ ᠰᠢᠦ᠂ ᠡᠪ | ᠬᠠᠮᠳᠤ ᠨᠠᠮ ᠤᠨ ᠵᠠᠮ ᠢᠶᠠᠷ ᠡᠷᠭᠡ ᠴᠢᠯᠦᠭᠡ ᠪᠠᠨ ᠮᠠᠨᠳᠤᠭᠤᠯᠤᠶ᠎ᠠ︾ ᠭᠡᠮᠡᠨ ᠢᠯᠡᠷᠭᠡᠢ ᠵᠠᠰᠠᠭᠰᠠᠨ ᠪᠠᠶᠢᠳᠠᠭ᠃ | ᠡᠶᠢᠨᠬᠦ ᠵᠠᠷᠢᠮ ᠡᠷᠳᠡᠮᠳᠠᠨ ᠰᠤᠳᠤᠯᠤᠭᠠᠴᠢᠳ ︽ᠨᠠ᠊᠂ ᠰᠠᠶᠢᠨᠴᠤᠭᠳᠤ ᠶᠢᠨ ᠪᠦᠷᠢᠨ ᠵᠤᠬᠢᠶᠠᠯ ᠦᠨᠡᠭᠡᠷ | ᠪᠦᠷᠢᠨ ᠤᠤ︖︾ ᠭᠡᠵᠦ ᠳᠡᠦᠭᠡᠨ ᠮᠠᠲ᠋ᠧᠷᠢᠶᠠᠯ ᠤᠨ ᠤᠬᠤᠷ ᠴᠢᠨᠠᠷ ᠲᠤ ᠰᠠᠨᠠᠭᠠᠰᠢᠷᠠᠭᠰᠠᠨ ᠶᠢ ᠨᠢ ᠪᠢ ᠠᠩᠬᠠᠷᠤᠯ | ᠳᠠᠭᠠᠨ ᠠᠪᠴᠦ ᠡᠨᠡ ᠪᠦᠬᠦᠨ ᠢ ᠶᠠᠷᠢᠵᠦ ᠪᠠᠶᠢᠭ᠎ᠠ ᠪᠢᠯᠠ᠃ ᠶᠠᠭ ᠦᠨᠡᠨ ᠦᠭᠡ ᠬᠡᠯᠡᠪᠡᠯ᠂ ᠡᠷᠳᠡᠨ ᠤ ᠪᠢᠴᠢᠭᠰᠡᠨ | ᠵᠤᠬᠢᠶᠠᠯ ᠨᠢ ᠦᠨᠡᠭᠡᠷ ᠪᠦᠷᠢᠨ ᠪᠤᠰᠤ ᠶᠤᠮ᠃ ᠮᠤᠩᠭᠤᠯ ᠤᠯᠤᠰ ᠪᠤᠶᠤ ᠤᠯᠤᠰ ᠴᠢᠯᠦᠭᠡᠯᠡᠭᠳᠡᠭᠰᠡᠨ ᠤ ᠬᠤᠶᠢᠨ᠎ᠠ | ᠪᠢᠴᠢᠭᠰᠡᠨ ᠵᠤᠬᠢᠶᠠᠯ ᠨᠢ ᠰᠤᠶᠤᠯ ᠤᠨ ᠬᠤᠪᠢᠰᠬᠠᠯ ᠤᠨ ᠭᠠᠮᠰᠢᠭ ᠲᠤ ᠦᠷᠡᠭᠳᠡᠭᠰᠡᠨ ᠢ ᠭᠠᠷᠭᠠᠪᠠᠯ ᠪᠦᠷᠢᠨ ᠯᠠ | ᠪᠠᠶᠢᠬ᠎ᠠ᠃ | ᠡᠬᠦᠨ ᠢ ᠶᠠᠷᠢᠬᠤ ᠦᠭᠡᠢ᠂ ᠰᠢᠨ᠎ᠡ ᠬᠠᠭᠤᠴᠢᠨ ᠠᠯᠢ ᠴᠦ ᠦᠶ᠎ᠡ ᠶᠢᠨ ᠪᠤᠯᠤᠭ᠂ ᠠᠷᠪᠠᠨ ᠵᠢᠯ ᠤᠨ | ᠰᠠᠮᠠᠭᠤᠷᠠᠯ ᠤᠨ ᠳᠤᠮᠳᠠ ᠦᠷᠡᠭᠳᠡᠵᠦ ᠭᠡᠭᠡᠭᠳᠡᠵᠦ ᠤᠯᠳᠠᠬᠤ ᠪᠤᠯᠤᠮᠵᠢ ᠦᠭᠡᠢ ᠪᠤᠯᠤᠭᠰᠠᠨ ᠨᠢᠭᠡᠨ ᠵᠠᠭᠤᠨ ᠤ ᠳᠡᠦᠭᠡᠨ | ᠨᠤᠮ ᠵᠤᠬᠢᠶᠠᠯ ᠢ ᠮᠦᠷᠳᠡᠨ ᠰᠤᠷᠪᠤᠯᠵᠢᠯᠠᠵᠦ ᠡᠷᠢᠨ ᠴᠤᠭᠯᠠᠭᠤᠯᠵᠦ ᠳᠢᠭᠯᠡᠨ ᠨᠠᠶᠢᠷᠠᠭᠤᠯᠵᠦ᠂ ᠪᠦᠷᠢᠨ ᠵᠤᠬᠢᠶᠠᠯ | ᠬᠡᠪᠯᠡᠬᠦᠯᠵᠦ ᠮᠤᠩᠭᠤᠯᠴᠤᠳ ᠤᠨ ᠬᠠᠯᠠᠭᠤᠨ ᠠᠯᠠᠭᠠᠨ ᠳᠤ ᠳᠠᠯᠪᠢᠭᠳᠠᠭᠰᠠᠨ ᠡᠨᠡᠬᠦ ᠰᠤᠶᠤᠯ ᠤᠨ ᠦᠪ ᠪᠤᠯ ᠳᠠᠷᠤᠢ | ᠳᠡᠦᠭᠡᠨ ᠦᠨᠡᠨ ᠤ ᠤᠯᠠ ᠮᠦᠷ ᠢ ᠳᠤᠷᠠᠶᠢᠯᠭᠠᠭᠰᠠᠨ᠂ ᠰᠢᠨ᠎ᠡ ᠮᠢᠩᠭᠠᠨ ᠤ ᠰᠤᠶᠤᠯ ᠤᠨ ᠵᠢᠳᠬᠦᠯᠳᠠᠳ᠂ ᠡᠷᠳᠡᠮᠳᠠᠨ | ᠵᠤᠬᠢᠶᠠᠯᠴᠢᠳ ᠠᠰᠠᠷᠤ ᠶᠡᠭᠡ ᠵᠢᠳᠬᠦᠯ᠂ ᠤᠶᠤᠨ ᠤ ᠬᠦᠴᠦ ᠬᠦᠳᠠᠯᠮᠤᠷᠢ ᠤᠷᠤᠭᠤᠯᠤᠭᠰᠠᠨ ᠢ ᠮᠠᠷᠳᠠᠵᠦ ᠪᠤᠯᠤᠰᠢ | ᠦᠭᠡᠢ ᠮᠦᠩᠭᠡ ᠳᠤᠷᠠᠰᠤᠭᠳᠠᠬᠤ ᠭᠠᠪᠢᠶ᠎ᠠ ᠶᠤᠮ᠃ ᠳᠠᠷᠠᠴᠢᠯᠠᠨ ᠨᠢᠭᠡᠨ ᠦᠶ᠎ᠡ ᠶᠢᠨ ᠠᠵᠠ ᠲᠠᠢ᠂ ᠰᠦᠨᠢᠳ | ᠦᠬᠢᠳ᠂ ᠦᠨᠦᠳᠤᠷ ᠤᠨ ᠰᠠᠮᠠᠭᠠᠨ ᠪᠤᠭᠤᠷᠤᠯ ᠱᠠᠪᠢ ᠨᠠᠷ ᠴᠢᠨᠢ ᠳᠡᠦᠭᠡᠨ ᠤᠨ ᠵᠢᠯ ᠢ ᠳᠤᠷᠠᠰᠴᠦ᠂ ᠳᠡᠦᠭᠡᠨ ᠨᠤᠮ | ᠵᠤᠬᠢᠶᠠᠯ ᠤᠨ ᠳᠤᠳᠠᠭᠤ ᠭᠡᠰᠡᠭ ᠢ ᠡᠷᠢᠨ ᠴᠤᠭᠯᠠᠭᠤᠯᠵᠦ ᠡᠷᠬᠢᠴᠡᠬᠦᠯᠦᠨ ᠳᠤᠷᠠᠳᠴᠦ᠂ ᠪᠦᠷᠢᠨ ᠵᠤᠬᠢᠶᠠᠯ ᠳᠤ | ᠴᠦᠭᠡᠨ ᠪᠤᠰᠤ ᠦᠨᠡᠨ ᠮᠠᠲ᠋ᠧᠷᠢᠶᠠᠯ ᠬᠠᠩᠭᠠᠭᠰᠠᠨ ᠢ ᠤᠴᠢᠷᠯᠠᠨ ᠭᠡᠯᠡᠬᠦ ᠤᠴᠢᠷᠳᠠᠢ᠃ | ᠦᠨᠡᠭᠡᠷ ᠨᠢᠭᠡᠨ ᠦᠶ᠎ᠡ ᠶᠢᠨ ᠠᠴᠢᠳᠠᠨ ᠮᠢᠨᠦ ᠪᠠᠭᠰᠢ ᠰᠠᠶᠢᠴᠤᠩᠭ᠎ᠠ ᠤᠳᠤ ᠦᠶ᠎ᠡ ᠶᠢᠨ ᠤᠳᠬ᠎ᠠ ᠵᠤᠬᠢᠶᠠᠯ | ᠪᠠᠷ ᠢᠶᠠᠨ ᠦᠨᠳᠤᠰᠤᠳᠠᠨ ᠢᠶᠠᠨ ᠰᠡᠭᠡᠭᠡᠷᠡᠬᠦᠯᠦᠨ ᠭᠡᠭᠡᠷᠡᠬᠦᠯᠵᠦ᠂ ᠦᠨᠦᠳᠤᠷ ᠤᠨ ᠳᠡᠦᠭᠡ ᠶᠢ ᠡᠬᠦᠳᠴᠦ᠂ ᠪᠠᠶ᠎ᠠ ᠪᠠᠨ | ᠤᠷᠤᠰᠬᠠᠭᠰᠠᠨ ᠨᠢᠭᠡ ᠰᠢᠷᠭᠡᠭ ᠯᠠ ᠭᠡᠵᠦ ᠪᠢ ᠪᠤᠳᠤᠳᠠᠭ᠃ ︽ᠮᠠᠨ ᠤ ᠮᠤᠩᠭᠤᠯ ᠤᠨ ᠮᠠᠨᠳᠤᠬᠤ ᠳᠠᠭᠤᠨ︾ ᠴᠦ | ᠠᠳᠠᠯᠢ᠂ ᠦᠨᠳᠤᠰᠤᠳᠠᠨ ᠤ ᠪᠦᠬᠦᠶᠢᠯᠡ ᠢᠷᠡᠭᠡᠳᠦᠢ ᠶᠢᠨ ᠮᠠᠨᠳᠤᠵᠦ ᠮᠦᠬᠦᠬᠦ ᠬᠤᠪᠢ ᠵᠠᠶᠠᠭ᠎ᠠ ᠶᠢ ᠬᠤᠯᠪᠤᠨ | ᠰᠡᠳᠬᠢᠵᠦ᠂ ᠦᠨᠳᠤᠰᠤᠳᠠᠨ ᠤ ᠳᠤᠷᠤᠮᠵᠢᠯᠠᠯ ᠢ ᠵᠠᠨᠤᠨ ᠵᠢᠭᠰᠢᠵᠦ᠂ ᠪᠢᠷ ᠤᠨ ᠦᠵᠦᠬᠦᠷ ᠬᠤᠷᠴᠠᠯᠠᠨ ︽ᠵᠠᠨᠤᠯᠳᠤ | ᠳᠠᠶᠢᠰᠤᠨ︾᠂ ︽ᠵᠠᠨᠤᠯᠳᠤ ᠬᠢᠯᠢᠩ︾ ᠬᠤᠶᠠᠷ ᠰᠢᠯᠦᠭ ᠢᠶᠠᠷ ᠢᠶᠠᠨ ᠨᠡᠶᠢᠭᠡᠮ ᠢ ᠢᠯᠡᠴᠢᠯᠡᠨ ᠨᠢᠴᠤᠭᠠᠵᠦ ᠪᠠᠶᠢᠭᠰᠠᠨ | ᠨᠢ ᠡᠷᠡᠯᠭᠡᠭ ᠵᠤᠷᠢᠭ ᠬᠦᠴᠦᠷᠭᠡᠭ ᠳᠠᠭᠤᠨ ᠶᠤᠮ᠃ ᠳᠡᠪᠬᠡᠷᠡᠨ ᠪᠤᠰᠤᠭᠰᠠᠨ ᠮᠤᠩᠭᠤᠯ ᠵᠠᠯᠠᠭᠤᠰ ᠳᠠᠪᠰᠢᠯᠳᠤ ᠤᠯᠠᠨ | ᠢ ᠠᠩᠬᠠᠷᠤᠨ ᠦᠵᠡᠭᠡᠷᠡᠢ︾ ᠭᠡᠮᠡᠨ ᠦᠬᠦᠰᠢᠷᠠᠨ ᠤᠨᠳᠠᠭᠰᠠᠨ ᠮᠤᠩᠭᠤᠯᠴᠤᠳ ᠢ ᠵᠠᠬᠦᠳᠤᠨ ᠠᠴᠠ ᠨᠢ ᠰᠡᠷᠡᠭᠡᠵᠦ᠂ ︽ | ᠦᠨᠳᠤᠰᠤᠳᠠᠨ ᠤ ᠳᠤᠷᠤᠮᠵᠢᠯᠠᠯ ᠢᠴᠢᠬᠦᠷᠢ ᠶᠢ ᠬᠡᠷᠭᠢᠨ ᠠᠷᠢᠯᠭᠠᠵᠦ ᠴᠢᠳᠠᠬᠤ ᠪᠤᠢ︾᠂ ︽ᠳᠡᠭᠡᠳᠦᠰ ᠤᠨ ᠰᠦᠷ | ᠢᠶᠠᠨ ᠳᠠᠬᠢᠨ ᠮᠠᠨᠳᠤᠭᠤᠯᠤᠶ᠎ᠠ᠃ ᠤᠳᠤ ᠬᠤᠷᠳᠤᠨ ᠪᠠᠭᠠᠳᠤᠷᠯᠠᠨ ᠪᠤᠰᠴᠠᠭᠠᠶᠠ︾᠂ ︽ᠬᠠᠭᠤᠴᠢᠨ ᠶᠠᠭᠤᠮ᠎ᠠ | ᠰᠦᠨᠦᠵᠦ᠂ ᠰᠢᠨ᠎ᠡ ᠬᠦᠴᠦᠨ ᠦᠰᠤᠨ ᠳᠡᠯᠭᠡᠷᠡᠬᠦ︾ ᠦᠨᠡᠨ ᠶᠤᠰᠤ ᠶᠢ ᠦᠬᠦᠯᠡᠵᠦ᠂ ᠪᠠᠯᠠᠷᠯᠢᠭ ᠨᠠᠶᠢᠭᠡᠮ ᠢ | ᠵᠢᠭᠰᠢᠵᠦ ︽ᠡᠵᠢ ᠶᠢᠨ ᠮᠢᠨᠢ ᠬᠦᠮᠦᠵᠢᠬᠦᠯᠦᠭᠰᠡᠨ ᠡᠷᠬᠢᠮ ᠪᠠᠶ᠎ᠠ ᠶᠢ ᠡᠪᠡᠳᠴᠢᠨ ᠲᠠᠢ ᠪᠤᠯᠭᠠᠬᠤ ᠰᠠᠮᠠᠭᠤᠨ ᠤ ᠬᠤᠤᠷ᠂ | ᠤᠯᠤᠰ ᠤᠭᠰᠠᠭ᠎ᠠ ᠶᠢᠨ ᠤᠯᠠᠮᠵᠢᠯᠠᠬᠤ ᠴᠢᠰᠤ ᠶᠢ ᠤᠯᠪᠠᠷᠭᠠᠨ ᠬᠡᠮᠳᠡᠭᠡᠬᠦ ᠰᠠᠮᠠᠭᠤᠨ ᠤ ᠬᠤᠤᠷ︾ ᠢ ᠢᠯᠡᠴᠢᠯᠠᠵᠦ᠂ | ᠡᠷᠬᠢᠮ ᠳᠡᠭᠡᠳᠦ ᠡᠷᠡᠬᠦᠯ ᠰᠠᠷᠠᠭᠤᠯ ᠤᠬᠠᠭᠠᠯᠢᠭ ᠦᠰᠤᠨ ᠪᠤᠶᠢᠵᠢᠬᠤ ᠶᠢ ᠤᠬᠠᠭᠠᠷᠠᠭᠤᠯᠵᠦ ᠂ ᠡᠷᠳᠡ ᠪᠢᠴᠢᠭᠰᠡᠨ | ᠵᠤᠬᠢᠶᠠᠯ ᠤᠨ ᠨᠢᠭᠡ ᠶᠤᠮ᠃ | ︽ᠡᠯᠡᠰᠤ ᠮᠠᠩᠬᠠᠨ ᠤ ᠡᠭᠡ ᠨᠤᠳᠤᠭ︾ ᠤᠨ ᠳᠡᠮᠳᠡᠭᠯᠡᠯ ᠢ ᠭᠡᠳᠤᠨ ᠡᠳᠦᠷ᠂ ᠭᠡᠳᠦᠨ ᠰᠠᠷ᠎ᠠ ᠯᠠ | ᠪᠢᠴᠢᠭᠰᠡᠨ ᠪᠢᠰᠢ᠂ ᠵᠦᠪᠭᠡᠨ ᠳᠦᠴᠢᠨ ᠤᠨ ᠤ ᠨᠢᠭᠡᠯᠡ ᠵᠢᠯ ᠤᠨ ᠳᠡᠮᠳᠡᠭᠯᠡᠯ ᠴᠦ ᠪᠢᠰᠢ ᠶᠤᠮ᠃ ᠶᠡᠭᠡᠩᠬᠢ ᠶᠢ ᠨᠢ | ᠭᠤᠴᠢᠭᠠᠳ ᠤᠨ ᠤ ᠰᠡᠬᠦᠯᠴᠢ᠂ ᠳᠦᠴᠢᠭᠡᠳ ᠤᠨ ᠤ ᠡᠬᠢ ᠪᠠᠷ ᠬᠠᠷᠢ ᠬᠦᠷᠦᠨ᠂ ᠪᠤᠯᠪᠠᠰᠤᠨ ᠤᠯᠤᠰ ᠤᠨ | ᠬᠦᠭᠵᠢᠭᠰᠡᠨ ᠰᠤᠶᠤᠯ ᠢ ᠰᠤᠷᠴᠦ ᠰᠤᠳᠤᠯᠵᠦ᠂ ᠦᠵᠡᠵᠦ ᠪᠠᠭ᠋ᠠᠷᠬᠠᠵᠦ ᠶᠠᠪᠤᠭᠰᠠᠨ ᠤᠨ ᠵᠢᠯ ᠤᠳ ᠲᠤ ᠡᠭᠡ | ᠨᠤᠳᠤᠭ ᠢᠶᠠᠨ ᠰᠠᠨᠠᠨ ᠮᠦᠷᠦᠭᠡᠳᠴᠦ᠂ ᠡᠳᠦᠷ ᠤᠨ ᠳᠡᠮᠳᠡᠭᠯᠡᠯ ᠤᠨ ᠬᠡᠯᠪᠡᠷᠢ ᠪᠠᠷ ᠪᠢᠴᠢᠭᠰᠡᠨ ᠵᠤᠬᠢᠶᠠᠯ ᠪᠦᠭᠡᠳ ᠵᠤᠨ | ᠤ ᠠᠮᠠᠷᠠᠯᠳᠠ ᠪᠠᠷ ᠨᠤᠳᠤᠭ ᠲᠠᠭᠠᠨ ᠢᠷᠡᠭᠡᠳ ᠶᠠᠭᠤ ᠨᠢᠭᠡ ᠶᠢ ᠰᠠᠨᠠᠭᠠᠰᠢᠷᠠᠨ ︽ᠳᠡᠷᠭᠡᠨ ᠪᠧᠯᠧᠲ ᠬᠦᠯᠢᠶᠡᠭᠰᠡᠨ︾᠂ | ︽ᠡᠯᠡᠰᠤ ᠮᠠᠩᠬᠠᠨ ᠤ ᠡᠭᠡ ᠨᠤᠳᠤᠭ ᠤᠨ ᠨᠢᠭᠡᠨ ᠠᠶᠢᠯ︾᠂ ︽ᠳᠤᠶᠤᠩ ᠰᠦᠮ᠎ᠡ ᠶᠢᠨ ᠬᠤᠷᠠᠯ︾᠂ ︽ᠰᠠᠭᠠᠯᠢ | ᠶᠢᠨ ᠦᠨᠤᠷ ᠲᠠᠢ ᠪᠦᠰᠡᠬᠦᠢ︾ ᠭᠡᠬᠦᠴᠢᠯᠠᠨ ᠰᠠᠭᠦᠳᠠᠷ ᠲᠠᠢ ᠨᠡᠶᠢᠭᠡᠮ ᠤᠨ ᠡᠮᠵᠡᠭ ᠲᠠᠢ ᠵᠦᠢᠯ ᠢ ᠠᠵᠢᠭᠯᠠᠨ | ᠳᠡᠮᠳᠡᠭᠯᠡᠬᠦ ᠶᠢᠨ ᠳᠠᠭᠠᠤ ︽ᠠᠯᠳᠠᠨ ᠰᠢᠷᠭᠠᠯ ᠡᠯᠡᠰᠤ ᠮᠢᠨᠢ᠂ ᠠᠰᠢᠳᠠ ᠶᠢᠨ ᠵᠠᠶᠠᠭᠠᠭᠰᠠᠨ ᠤᠷᠤᠨ᠂ ᠮᠢᠨᠦ | ᠳᠦᠷᠦᠭᠰᠡᠨ ᠨᠤᠳᠤᠭ︾᠂ ︽ᠰᠠᠬᠦᠶᠢᠨ ᠰᠦᠨᠳᠡᠷᠯᠡᠭᠰᠡᠨ ᠹᠦᠵᠢ ᠠᠭᠤᠯᠠ ᠰᠦᠷᠯᠢᠬᠦᠨ ᠰᠠᠶᠢᠬᠠᠨ᠂ ᠰᠡᠳᠬᠢᠯ | ᠬᠦᠳᠡᠯᠭᠡᠮ᠎ᠡ ᠰᠤᠶᠤᠯ ᠤᠨ ᠬᠦᠢᠰᠤ ᠳᠤᠤᠺᠢᠤ᠋ ᠬᠤᠳᠠ ᠬᠦᠭᠵᠢᠶᠠᠨ ᠲᠠᠢ︾ ᠬᠡᠮᠡᠨ ᠬᠠᠷᠢ ᠭᠠᠳᠠᠭᠠᠳᠤ ᠳᠤ ᠪᠢᠴᠢᠭᠰᠡᠨ | ᠵᠤᠬᠢᠶᠠᠯ ᠢᠶᠠᠨ ᠬᠠᠷᠢᠴᠠᠭᠤᠯᠤᠨ ᠤᠶᠠᠩᠭᠠᠯᠠᠵᠦ ᠦᠨᠳᠤᠰᠤᠳᠠᠨ ᠤ ᠪᠠᠭ᠋ᠠᠷᠬᠠᠯ ᠢ ᠳᠠᠳᠠᠳᠠᠭ᠃ ︽ᠰᠡᠳᠬᠢᠯ ᠤᠨ | ᠬᠦᠩᠰᠢᠷᠠᠯ︾ ︽ᠠᠶᠢᠯ ᠢᠶᠠᠨ ᠦᠭᠡᠳᠡᠯᠡᠬᠦᠯᠬᠦ ︾ ᠬᠤᠶᠠᠷ ᠵᠤᠬᠢᠶᠠᠯ ᠢ ᠪᠤᠯ ᠦᠬᠢᠳ ᠤᠨ ᠰᠤᠷᠭᠠᠭᠤᠯᠢ ᠳᠤ | ᠪᠠᠭᠰᠢᠯᠠᠵᠦ ᠪᠠᠶᠢᠬᠤ ᠳᠠᠭᠠᠨ ᠨᠦᠬᠦᠳ ᠤᠨ ᠬᠠᠶᠢᠷ᠎ᠠ ᠰᠠᠳᠬᠢᠯ᠂ ᠪᠠᠭᠰᠢ ᠱᠠᠪᠢ ᠶᠢᠨ ᠬᠠᠯᠠᠮᠵᠢ ᠬᠦᠨᠳᠤᠳᠭᠡᠯ ᠢᠶᠠᠷ | ᠭᠤᠤᠯᠯᠠᠭᠰᠠᠨ ︽ᠬᠦᠴᠦᠯᠡᠬᠦᠨ ᠤᠷᠬᠢᠯᠬᠤ ᠬᠦᠨ ᠵᠢᠷᠦᠭᠡᠨ ᠤ ᠬᠠᠶᠢᠷ᠎ᠠ᠂ ᠰᠡᠭᠡᠭᠡᠷᠡᠨ ᠤᠬᠠᠭᠠᠷᠠᠬᠤ ᠰᠠᠯᠠᠬᠦᠨ | ᠳᠤᠭᠳᠠᠭᠤᠨ ᠪᠤᠳᠤᠯᠭ᠎ᠠ᠂ ᠬᠦᠭᠡᠷᠦᠬᠦᠨ ᠢᠨᠢᠶᠡᠬᠦ ᠬᠦᠩᠭᠡᠮᠰᠦᠭ ᠡᠶᠡᠯᠳᠡᠭ ᠠᠭᠠᠯᠢ᠂ ᠬᠦᠮᠦᠨ ᠤ ᠰᠡᠳᠬᠢᠯ ᠢ | ᠪᠠᠶᠠᠰᠬᠠᠨ ᠳᠤᠩᠭᠠᠭᠰᠢᠯᠠᠭᠤᠯᠤᠨᠠ︾ ᠵᠢᠴᠢ ︽ᠵᠠᠮᠪᠠ ᠳᠤᠷ ᠳᠠᠷᠤᠭᠳᠠᠭᠰᠠᠨ ᠨᠢᠯᠬ᠎ᠠ ᠨᠤᠭᠤᠭ᠎ᠠ︾᠂ ︽ᠨᠢᠳᠤ | ᠦᠨᠡᠭᠡᠷ ᠭᠠᠶᠢᠬᠠᠮᠰᠢᠭ︾᠂ ︽ ᠮᠠᠨᠳᠤᠭᠠᠷᠠᠢ︾ ᠭᠡᠬᠦ ᠤᠬᠢ ᠰᠢᠯᠢᠳᠡᠭ ᠵᠤᠬᠢᠶᠠᠯ ᠨᠢ ᠰᠤᠷᠤᠭᠴᠢᠳ ᠤᠨ ᠤᠶᠤᠨ ᠶᠢ | ᠨᠡᠭᠡᠭᠡᠭᠳᠡᠬᠦᠯᠵᠦ ᠵᠢᠷᠦᠭᠡ ᠵᠠᠬᠦᠳᠤᠨ ᠳᠤ ᠬᠤᠨᠤᠭᠰᠢᠭᠰᠠᠨ ᠬᠢᠴᠢᠶᠡᠯ ᠤᠨ ᠨᠢᠭᠡ ᠶᠤᠮ᠃ ᠪᠠᠭᠴᠠᠯᠠᠭᠠᠳ ᠬᠡᠯᠡᠪᠡᠯ ᠮᠢᠨᠦ | ᠪᠠᠭᠰᠢ ᠰᠠᠶᠢᠴᠤᠩᠭ᠎ᠠ ᠬᠤᠷᠢᠳᠤᠭᠠᠷ ᠵᠠᠭᠤᠨ ᠤ ᠠᠭᠤᠤ ᠬᠤᠪᠢᠰᠬᠠᠯᠴᠢ ︽ᠪᠢᠯᠢᠭ ᠤᠨ ᠬᠤᠶᠠᠷ ᠴᠢᠬᠢᠨ ᠳᠤ | ᠪᠡᠭᠡᠵᠢᠩ ᠤᠨ ᠳᠠᠭᠤᠨ ᠰᠠᠶᠢᠬᠠᠨ︾ ᠬᠡᠮᠡᠨ ᠨᠠᠮ ᠳᠦᠷᠦ ᠶᠢᠨ ᠳᠠᠭᠤᠨ ᠬᠤᠭᠤᠯᠠᠢ ᠶᠢ ᠨᠡᠪᠳᠡᠷᠡᠬᠦᠯᠦᠨ ᠳᠠᠶᠠᠩ | ᠳᠠᠯᠠᠭᠡᠢ ᠳᠤ ᠮᠦᠩᠭᠡ ᠳᠤᠷᠠᠰᠬᠠᠭᠳᠠᠭᠰᠠᠨ ᠬᠦᠮᠦᠨ ᠶᠤᠮ᠃ | ᠴᠠᠭ ᠳᠦᠷᠦ ᠳᠡᠭᠰᠢᠷᠡᠭᠰᠡᠨ ᠬᠦᠭᠡ ᠬᠤᠨᠢᠨ ᠵᠢᠯ ᠬᠦᠷᠴᠦ ᠢᠷᠡᠬᠦ ᠳᠤ᠂ ᠳᠠᠨ ᠤ ᠮᠠᠨᠳᠤᠯᠡᠭᠰᠡᠨ ᠵᠠᠭᠤᠨ | ᠵᠢᠯ ᠤᠨ ᠤᠢ᠂ ᠳᠦᠪ ᠷᠠᠳᠢᠤ᠋ ︵ᠪᠡᠭᠡᠵᠢᠩ ᠤᠨ ᠮᠤᠩᠭᠤᠯ ᠳᠠᠭᠤᠨ︶ ᠶᠢᠨ ᠵᠢᠷᠠᠨ ᠳᠠᠪᠤᠨ ᠵᠢᠯ ᠤᠨ ᠪᠠᠶᠠᠷ ᠲᠠᠢ | ᠵᠡᠷᠭᠡᠴᠡᠵᠦ᠂ ᠳᠦᠷᠦᠭᠰᠡᠨ ᠨᠤᠳᠤᠭ ᠰᠢᠯᠤᠭᠤᠨ ᠬᠦᠭᠡ ᠬᠤᠰᠢᠭᠤᠨ ᠤ ᠨᠠᠮ ᠵᠠᠰᠠᠭ᠂ ᠠᠷᠠᠳ ᠳᠦᠮᠡᠨ ᠤᠳᠬ᠎ᠠ | ᠤᠷᠠᠯᠢᠭ ᠤᠨ ᠬᠤᠯᠪᠤᠭ᠎ᠠ ᠨᠢᠵᠡᠭᠡᠷ ᠶᠡᠭᠡ ᠳᠤᠷᠠᠰᠬᠠᠨ ᠪᠡᠯᠭᠡᠯᠡᠬᠦ ᠳᠤ ᠳᠦᠷᠪᠡᠨ ᠵᠦᠭ ᠨᠠᠢᠮᠠᠨ ᠵᠤᠪᠬᠢᠰ ᠤᠨ | ᠮᠤᠩᠭᠤᠯᠴᠤᠳ ᠰᠤᠶᠤᠯ ᠤᠨ ᠵᠢᠳᠬᠦᠯᠳᠠᠨ ᠢᠷᠠᠭᠤ ᠨᠠᠶᠢᠷᠠᠭᠴᠢ᠂ ᠡᠷᠳᠡᠮᠳᠠᠨ ᠵᠤᠬᠢᠶᠠᠯᠴᠢᠳ᠂ ᠵᠤᠬᠢᠶᠠᠯ ᠪᠦᠳᠦᠭᠡᠯ | ᠳᠤᠷᠠᠳᠬᠠᠯ ᠳᠤᠷᠠᠰᠤᠮᠵᠢ ᠪᠠᠷ ᠢᠶᠠᠨ ᠪᠡᠯᠭᠡᠯᠡᠨ᠂ ᠮᠤᠩᠭᠤᠯᠴᠤᠳ ᠤᠨ ᠬᠠᠯᠭᠠᠤᠨ ᠮᠡᠯᠮᠡᠢ ᠳᠤ ᠬᠦᠷᠭᠡᠵᠦ ᠰᠡᠳᠬᠢᠯ | ᠴᠠᠯᠬᠢᠭᠤᠯᠤᠨᠠᠮ᠃ | ᠡᠨᠡᠬᠦ ᠪᠠᠶᠠᠷᠳᠤ ᠴᠠᠭ ᠢ ᠬᠦᠯᠢᠶᠡᠭᠰᠡᠨ ᠪᠢ ᠡᠭᠡ ᠰᠤᠷᠭᠠᠭᠤᠯᠢ᠂ ᠡᠨᠡᠷᠢᠯᠳᠤ ᠪᠠᠭᠰᠢ ᠶᠢᠨ ᠢᠶᠠᠨ | ᠳᠤᠷᠠᠰᠤᠮᠵᠢ ᠳᠡᠦᠭᠡ ᠶᠢ ᠡᠷᠬᠢᠴᠡᠬᠦᠯᠦᠭᠰᠡᠨ ᠬᠤᠶᠠᠷ ᠨᠤᠮ ᠢᠶᠠᠨ ᠮᠦᠩᠭᠡ ᠳᠤᠷᠠᠰᠤᠭᠳᠠᠬᠤ ᠳᠡᠦᠭᠡᠨ ᠳᠤ ᠨᠢ | ᠪᠡᠯᠡᠭᠯᠡᠬᠦ ᠶᠢ ᠰᠠᠨᠠᠭᠰᠠᠨ ᠶᠤᠮ᠃ ᠡᠶᠢᠨᠬᠦ ︽ᠮᠢᠨᠦ ᠪᠠᠭᠰᠢ ᠰᠠᠶᠢᠴᠤᠩᠭ᠎ᠠ︾᠂ ︽ᠪᠡᠭᠡᠵᠢᠩ ᠤᠨ ᠳᠠᠭᠤᠨ ᠮᠤᠩᠭᠤᠯ | ᠷᠠᠳᠢᠤ᠋ ᠪᠠᠨ ᠪᠠᠭ᠋ᠠᠷᠬᠠᠵᠦ ᠶᠠᠪᠤᠭᠰᠠᠨ ᠤᠨ ᠵᠢᠯ︾ ᠭᠡᠬᠦ ᠬᠤᠶᠠᠷ ᠤᠬᠤᠷ ᠵᠤᠬᠢᠶᠠᠯ ᠢᠶᠠᠨ ᠳᠤᠰ ᠳᠤᠰ ᠳᠠᠪᠰᠢᠬᠦᠯᠵᠦ᠂ | ᠰᠢᠯᠤᠭᠤᠨ ᠬᠦᠭᠡ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ ᠠᠴᠠ ᠠᠭᠤᠤ ᠬᠦᠮᠦᠨ ᠤ ᠬᠠᠭᠠᠰ | ᠪᠠᠶ᠎ᠠ ᠶᠢᠨ ᠪᠤᠯᠤᠷ ᠰᠢᠯᠢᠨ ᠬᠦᠷᠦᠭ᠂ ᠳ᠋ᠧ ᠰᠧᠩ ᠳᠡᠮᠳᠡᠭᠳᠦ ᠷᠠᠳᠢᠤ᠋᠂ ᠵᠤᠬᠢᠶᠠᠯ ᠤᠨ ᠤᠨᠴᠠ ᠳᠡᠰ ᠤᠨ ᠱᠠᠩᠨᠠᠯ | ᠳᠤᠰᠴᠦ ᠪᠠᠶᠠᠷᠯᠠᠨ ᠰᠠᠭᠤᠨᠠᠮ᠃ | ᠳᠦᠪ ᠷᠠᠳᠢᠤ᠋ ᠶᠢᠨ ᠤᠳᠤᠨ ᠰᠤᠳᠤᠨ ᠬᠦᠳᠦᠯᠦᠭᠴᠢᠳ ᠤᠨ ᠢᠷᠠᠭᠤ ᠠᠯᠳᠠᠷ ᠤᠨ ᠴᠤᠮᠤᠭ᠂ ᠳ᠋ᠧ ᠰᠧᠩ | ᠳᠡᠮᠳᠡᠭᠳᠦ ᠷᠠᠳᠢᠤ᠋᠂ ᠵᠤᠬᠢᠶᠠᠯ ᠤᠨ ᠭᠤᠷᠪᠠᠳᠤᠭᠠᠷ ᠳᠡᠰ ᠤᠨ ᠬᠦᠬᠢᠬᠦᠯᠦᠯ ᠭᠠᠷᠳᠠᠵᠦ᠂ ᠮᠤᠩᠭᠤᠯ ᠷᠠᠳᠢᠤ᠋ ᠪᠠᠨ | ᠪᠠᠭ᠋ᠠᠷᠬᠠᠬᠤ ᠮᠢᠨᠦ ᠵᠢᠷᠭᠠᠯ ᠶᠤᠮ᠃ | ᠦᠩᠭᠡᠷᠡᠭᠰᠡᠨ ᠳᠡᠦᠭᠡ ᠶᠢ ᠡᠳᠦᠭᠡ ᠡᠷᠬᠢᠴᠡᠬᠦᠯᠦᠨ ᠰᠠᠨᠠᠬᠤ ᠳᠤ ᠮᠤᠩᠭᠤᠯᠴᠤᠳ ᠮᠢᠨᠢ ︽ᠤᠭᠤᠷ ᠤᠨ | ᠳᠠᠭᠤᠨ ︾ ᠢ ᠤᠩᠰᠢᠭ᠎ᠠ ᠦᠭᠡᠢ᠂ ᠵᠠᠨᠤᠯᠳᠤ ᠳᠠᠶᠢᠰᠤᠨ ᠳᠤ ᠬᠢᠯᠢᠩᠨᠠᠵᠦ ᠴᠦ ᠴᠢᠳᠠᠭ᠎ᠠ ᠦᠭᠡᠢ᠃ ᠵᠠᠨᠤᠯᠳᠤ | ᠬᠢᠯᠢᠩ ᠢ ᠤᠶᠢᠯᠭᠠᠵᠦ ᠴᠦ ᠵᠠᠪᠳᠠᠭᠠ ᠦᠭᠡᠢ᠃ ᠶᠠᠷᠤ ᠨᠢ ᠳᠡᠦᠭᠡ ᠶᠢ ᠳᠤᠯᠢᠳᠠᠵᠦ᠂ ᠰᠢᠯᠦᠭ ᠢ ᠨᠢ ᠤᠩᠰᠢᠭ᠎ᠠ | ᠦᠭᠡᠢ᠃ ᠤᠶᠢᠷ᠎ᠠ ᠶᠢᠨ ᠦᠶ᠎ᠡ ᠶᠢᠨ ︽ᠬᠦᠭᠡ ᠳᠤᠷᠭᠠᠨ ᠳᠡᠷᠯᠢᠭ︾ ᠢ ᠤᠶᠠᠩᠭᠠᠯᠠᠵᠦ ᠤᠩᠰᠢᠳᠠᠭ ᠪᠤᠯᠪᠠᠴᠦ | ᠵᠠᠭᠤᠨ ᠰᠤᠨᠳᠠᠯᠠᠭᠰᠠᠨ ᠠᠶᠠᠨ ᠵᠠᠮ ᠤᠨ ᠭᠠᠶᠢᠬᠠᠮᠰᠢᠭᠳᠤ ᠤᠶᠠᠩᠭ᠎ᠠ ᠰᠢᠯᠦᠭ ᠢ ᠨᠢ ᠤᠶᠠᠩᠭᠠᠯᠠᠭᠰᠠᠨ ᠬᠦᠮᠦᠨ | ᠳᠠᠩᠴᠦ ᠬᠤᠪᠤᠷ ᠶᠤᠮ᠃ ᠡᠶᠢᠨᠬᠦ ᠳᠤᠷᠠᠰᠬᠤ ᠦᠭᠡᠢ ᠪᠠᠶᠢᠬᠤ ᠶᠢᠨ ᠠᠷᠭ᠎ᠠ ᠦᠭᠡᠢ᠂ ᠡᠨᠡᠬᠦ ᠰᠢᠯᠦᠭ ᠤᠨ ᠳᠡᠦᠭᠡ ᠶᠢ | ᠳᠤᠷᠠᠳᠪᠠᠯ᠂ ᠳᠡᠭᠡᠷ᠎ᠡ ᠵᠠᠭᠤᠨ ᠤ ᠳᠦᠴᠢᠭᠡᠳ ᠤᠨ ᠤ ᠡᠮᠦᠨ᠎ᠡ ᠰᠦᠨᠢᠳ ᠶᠠᠮᠤᠨ ᠤ ᠵᠢᠯᠤᠭᠤᠴᠢ᠂ ᡀᠠᠪᠵᠢᠨ | ᠭᠤᠸᠠᠢ᠂ ᠴᠢᠴᠧ ᠫᠧᠷᠠᠩᠯᠢ ᠭᠤᠸᠠᠢ ᠨᠠᠷ ᠤᠨ ᠠᠴᠢᠶᠠᠨ ᠤ ᠮᠠᠰᠢᠨ ᠳᠤ ᠰᠢᠬᠠᠯᠳᠠᠨ ᠰᠠᠭᠤᠵᠦ᠂ ᠰᠠᠯᠬᠢ | ᠰᠦᠷᠦᠭᠰᠡᠨ ᠠᠶᠠᠨ ᠵᠠᠮ ᠢ ᠳᠤᠷᠠᠰᠬᠤ ᠳᠤ ᠬᠠᠷᠢᠨ ᠳᠦᠴᠢᠨ ᠬᠤᠶᠠᠷ ᠤᠨ ᠳᠤ ᠮᠢᠨᠦ ᠪᠠᠭᠰᠢ ᠰᠠᠶᠢᠴᠤᠩᠭ᠎ᠠ | ᠳᠦᠷᠪᠡᠨ ᠠᠩᠬᠢ ᠶᠢᠨ ᠵᠠᠭᠤ ᠭᠠᠷᠤᠢ ᠰᠤᠷᠤᠭᠴᠢ ᠶᠢ ᠳᠠᠭᠠᠭᠤᠯᠤᠨ ᠭᠡᠳᠦᠨ ᠠᠷᠪᠠᠨ ᠬᠠᠰᠠᠭ ᠳᠡᠷᠭᠡ ᠶᠢ | ᠵᠦᠷᠬᠡᠯᠡᠬᠦᠯᠦᠨ ᠠᠷᠠᠯ ᠤᠨ ᠱᠠᠷ ᠤᠨ ᠠᠯᠬᠤᠭ᠎ᠠ ᠪᠠᠷ ᠭᠠᠯ ᠠᠶᠠᠨ ᠢ ᠬᠦᠳᠦᠯᠵᠦ᠂ ᠭᠠᠩ ᠪᠢᠷ ᠬᠢᠯᠠᠯᠵᠠᠭᠤᠯᠤᠨ | ᠭᠠᠶᠢᠬᠠᠮ᠎ᠠ ᠰᠢᠯᠦᠭ ᠤᠶᠠᠩᠭ᠎ᠠ ᠪᠢᠯᠬᠠᠭᠤᠯᠤᠭᠰᠠᠭᠠᠷ᠃ | ᠡᠨᠡ ᠨᠢᠭᠡᠨ ᠨᠠᠰᠤᠨ ᠳᠠᠭᠠᠨ ᠤᠴᠠᠷᠠᠬᠤ ᠢᠷᠦᠭᠡᠯ ᠲᠠᠢ | ᠡᠩ ᠤᠨ ᠳᠠᠨᠢᠬᠤ ᠦᠭᠡᠢ ᠨᠦᠬᠦᠳ ᠡ | ᠡᠭᠡᠭᠡᠨ ᠤᠴᠠᠷᠠᠭᠰᠠᠨ ᠡᠨᠡ ᠨᠢᠭᠡᠨ ᠴᠢᠯᠦᠭᠡᠨ᠎ᠡ | ᠡᠷᠬᠢᠮ ᠰᠠᠶᠢᠨ ᠢ ᠢᠯᠡᠳᠭᠡᠴᠡᠭᠡᠶᠡ ᠭᠡᠮᠡᠨ ᠵᠤᠭᠠᠴᠠᠨ ᠠᠶᠠᠯᠠᠵᠦ ᠬᠡᠭᠡᠷ᠎ᠡ ᠳᠠᠯ᠎ᠠ ᠳᠤ ᠳᠤᠯᠭ᠎ᠠ ᠶᠢᠨ | ᠭᠤᠷᠪᠠᠨ ᠴᠢᠯᠠᠭᠤ ᠪᠤᠰᠬᠠᠵᠦ ᠤᠮᠳᠠ ᠬᠤᠭᠤᠯᠠ ᠪᠠᠨ ᠪᠡᠯᠡᠳᠭᠡᠵᠦ ᠢᠳᠡᠭᠡᠳ ᠪᠤᠷᠬᠠᠨ ᠳᠠᠭᠠᠨ ᠮᠦᠷᠬᠦᠵᠦ᠂ ᠴᠠᠮ | ᠦᠵᠡᠭᠡᠳ ᠢᠷᠡᠳᠡᠭ ᠳᠤᠷᠠᠰᠤᠮᠵᠢ ᠰᠠᠨᠠᠭᠳᠠᠯ᠎ᠠ᠃ | ᠳᠠᠪᠤᠨ ᠰᠠᠷᠠᠶᠢᠨ ᠠᠷᠪᠠᠨ ᠭᠤᠷᠪᠠᠨ ᠤ ᠳᠠᠷᠬᠠᠨ ᠳᠠᠬᠢᠯᠭ᠎ᠠ ᠲᠠᠢ᠂ ᠪᠠᠶᠠᠨ ᠪᠤᠭᠳᠠ ᠤᠪᠤᠭᠠᠨ ᠳᠠᠭᠠᠨ | ᠮᠦᠷᠬᠦᠵᠦ᠂ ᠳᠤᠯᠤᠭᠠᠨ ᠰᠠᠷ᠎ᠠ ᠶᠢᠨ ᠬᠤᠷᠢᠨ ᠳᠤᠯᠤᠭᠠᠨ᠎ᠠ ᠪᠤᠷᠵᠢᠬᠢᠨ ᠤᠳᠤᠮ ᠤᠨ ᠬᠠᠯᠠᠭᠤᠨ ᠶᠠᠰᠤᠳᠠᠨ ᠤ | ᠤᠩᠭᠤᠨ — ᠠᠯᠳᠠᠨ ᠤᠪᠤᠭᠠᠨ ᠳᠠᠭᠠᠨ ᠮᠦᠷᠬᠦᠨ ᠭᠡᠴᠢᠨᠡᠨ ᠤᠳᠠᠭ᠎ᠠ ᠠᠶᠠᠯᠠᠭᠰᠠᠨ ᠮᠢᠨᠢ ᠦᠴᠦᠭᠡᠳᠦᠷᠭᠡᠨ ᠰᠢᠭ | ᠰᠠᠠᠨᠠᠭᠳᠠᠨᠠᠮ᠃ | ᠮᠡᠷᠳᠡᠵᠦ ᠴᠢᠳᠠᠬᠤ ᠦᠭᠡᠢ ᠠᠶᠠᠨ ᠤ ᠵᠠᠮ ᠤᠨ ᠠᠩᠬᠠᠨ ᠤ ᠰᠢᠯᠦᠭ᠂ ᠳᠤᠷᠠᠳᠬᠠᠯ ᠳᠤᠷᠠᠰᠤᠮᠵᠢ ᠪᠠᠷ | ᠶᠠᠷᠢᠶ᠎ᠠ ᠪᠠᠨ ᠦᠨᠳᠤᠷᠯᠠᠬᠦᠯᠦᠶᠡ᠃ | ᠳᠤᠭᠳᠠᠰᠢ ᠦᠭᠡᠢ ᠰᠡᠷᠢᠬᠦᠨ ᠨᠠᠮᠤᠷ ᠤᠨ ᠪᠤᠷᠤᠭᠠᠨ ᠲᠠᠢ | ᠳᠤᠯᠤᠭᠠᠨ ᠰᠠᠷ᠎ᠠ ᠶᠢᠨ ᠬᠤᠷᠢᠨ ᠳᠠᠪᠤᠨᠠ ︵42 ᠤᠨ ᠤ︶ | ᠳᠤᠭᠳᠠᠭᠤᠨ ᠬᠦᠭᠡᠷᠦᠬᠦᠨ ᠰᠤᠷᠤᠭᠴᠢ ᠨᠠᠷ ᠮᠢᠨᠢ | ᠳᠤᠳᠤᠭᠠᠳᠤ ᠰᠡᠳᠬᠢᠯ ᠠᠴᠠ ᠪᠠᠨ ᠪᠠᠶᠠᠷᠯᠠᠨ ᠬᠦᠳᠠᠯᠪᠠ᠃ | ᠳᠠᠯᠠᠶᠢᠴᠤᠷᠵᠢ ᠶᠢᠨ ᠴᠠᠮ ᠢ ᠦᠵᠡᠬᠦ ᠪᠠᠷ | ᠳᠠᠩᠴᠦ ᠪᠠᠶᠠᠷ ᠲᠠᠢ ᠬᠦᠳᠡᠯᠦᠭᠰᠡᠨ ᠪᠢᠳᠠ | ᠳᠠᠭᠠᠷᠠᠭᠤᠯᠤᠮᠠᠷ ᠰᠠᠷᠢᠬᠦᠨ ᠨᠠᠮᠤᠷ ᠤᠨ ᠪᠤᠷᠤᠭᠠᠨ | ᠳᠠᠪᠠᠭᠤ ᠶᠡᠭᠡ ᠵᠢᠭᠡᠬᠦᠨ ᠦᠭᠡᠢ ᠳ᠋ᠠ᠃ | ᠦᠭᠡᠷ ᠳᠡᠷᠭᠡᠨ ᠤ ᠤᠳᠠᠭᠠᠨ ᠶᠠᠪᠤᠯᠳᠠ | ᠡᠬᠦᠯᠡ ᠲᠠᠢ ᠤᠭᠳᠠᠷᠭᠤᠢ ᠶᠢᠨ ᠰᠡᠷᠢᠬᠦᠨ ᠠᠮᠢᠰᠬᠤᠯ ᠳᠤᠷ | ᠦᠶᠡᠷᠭᠡᠨ ᠨᠠᠭᠠᠳᠬᠤ ᠪᠢᠳᠠ ᠪᠦᠬᠦᠨ ᠤ | ᠤᠷᠤᠭᠰᠢᠯᠠᠬᠤ ᠵᠠᠮ ᠮᠢᠨᠢ ᠳᠦᠷᠭᠡᠨ ᠦᠩᠭᠡᠷᠡᠨ᠎ᠡ᠃ | ᠦᠵᠦᠬᠦᠷ ᠬᠢᠵᠠᠭᠠᠷ ᠦᠭᠡᠢ ᠠᠭᠤᠳᠠᠮ ᠳᠠᠯ᠎ᠠ ᠶᠢ | ᠦᠭᠡᠷ ᠳᠡᠷᠭᠡᠨ ᠢᠶᠠᠷ ᠳᠤᠭᠤᠴᠢᠭᠤᠯᠤᠨ ᠶᠠᠪᠤᠬᠤᠢ ᠳᠤᠷ | ᠦᠢᠮᠡᠯᠳᠤᠨ ᠱᠤᠤᠬᠢᠯᠳᠤᠬᠤ ᠴᠤᠪᠤᠭᠤ ᠰᠤᠷᠤᠭᠴᠢ ᠨᠠᠷ ᠮᠢᠨᠢ | ᠦᠶᠡᠷᠭᠡᠨ ᠨᠠᠭᠠᠳᠤᠭᠰᠠᠭᠠᠷ ᠵᠠᠮ ᠶᠢ ᠬᠤᠷᠤᠭᠠᠨ᠎ᠠ᠃ | ᠤᠰᠤ ᠲᠠᠢ ᠬᠤᠳᠳᠤᠭ ᠭᠡᠳ ᠦᠳᠠᠯᠠᠨ ᠪᠠᠭᠤᠭᠰᠠᠨ ᠴᠢᠨᠢ | ᠤᠤᠭᠤᠭᠠᠳ ᠠᠪᠤᠭᠰᠠᠨ ᠨᠢ ᠱᠠᠯ ᠰᠢᠪᠠᠷ ᠡ | ᠤᠷᠮ᠎ᠠ ᠬᠤᠭᠤᠷᠠᠰᠢ ᠦᠭᠡᠢ ᠪᠢᠳᠠ ᠪᠦᠬᠦᠨ | ᠤᠷᠤᠭᠰᠢ ᠶᠠᠪᠤᠬᠤ ᠪᠠᠷ ᠳᠡᠷᠭᠡ ᠪᠠᠨ ᠬᠦᠯᠦᠯᠠ᠃ | ᠪᠠᠷ᠎ᠠ ᠳᠠᠰᠤᠷᠠᠰᠢ ᠦᠭᠡᠢ ᠴᠠᠯᠠᠶᠢᠨ ᠬᠠᠷᠠᠭᠳᠠᠬᠤ | ᠪᠠᠷᠠᠭᠤᠨ ᠰᠦᠨᠢᠳ ᠤᠨ ᠴᠠᠭᠠᠨ ᠨᠠᠭᠤᠷ ᠡ | ᠪᠠᠯᠠᠷ ᠡᠯᠡᠰᠤ ᠶᠢ ᠳᠤᠭᠤᠯᠤᠨ ᠦᠩᠭᠡᠷᠡᠬᠦ ᠨᠢ | ᠪᠠᠭᠰᠢ ᠰᠤᠷᠤᠭᠴᠢ ᠶᠢᠨ ᠬᠦᠭᠵᠢᠶᠠᠨ ᠴᠡᠩᠭᠡᠯ ᠡ | ᠠᠯᠢᠪᠠ ᠬᠦᠨᠳᠤ ᠪᠠᠨ ᠳᠡᠭᠡᠭᠡᠭᠡᠳ | ᠠᠶᠢᠬᠤᠪᠳᠤᠷ ᠡᠯᠡᠰᠤ ᠶᠢ ᠭᠡᠳᠦᠯᠬᠦᠢ ᠳᠤᠷ | ᠠᠶᠤᠯᠭᠠᠨ ᠭᠤᠶᠠᠳᠠᠨ ᠵᠤᠳᠤᠪᠠᠴᠦ | ᠠᠭᠠᠬᠢᠯᠠᠨ ᠵᠢᠳᠬᠦᠬᠦ ᠦᠭᠡᠷ ᠤᠳ ᠡ᠃ | ᠬᠡᠷᠡᠭᠰᠡᠯ ᠬᠤᠴᠢᠯᠭ᠎ᠠ ᠪᠠᠨ ᠳᠡᠭᠡᠭᠡᠭᠡᠳ | ᠭᠡᠪᠷᠡᠭ ᠡᠯᠡᠰᠤ ᠶᠢ ᠬᠡᠳᠦᠯᠬᠦᠢ ᠳᠤᠷ | ᠬᠡᠯᠡ ᠪᠠᠨ ᠭᠠᠷᠭᠠᠨ ᠵᠢᠳᠬᠦᠬᠦ | ᠬᠦᠨᠳᠤ ᠠᠴᠢᠶᠠᠳᠠᠢ ᠦᠭᠡᠷ ᠤᠳ ᠡ᠃ | ᠠᠶᠠᠨ ᠤ ᠵᠠᠮ ᠳᠤ ᠤᠨᠤᠬᠤ ᠪᠠᠷ | ᠠᠪᠴᠦ ᠢᠷᠡᠭᠰᠡᠨ ᠭᠤᠷᠪᠠᠨ ᠮᠤᠷᠢ ᠶᠢ | ᠠᠳᠤᠭᠤᠨ ᠳᠤ ᠳᠤᠷᠠᠳᠠᠢ ᠰᠤᠷᠤᠭᠴᠢ ᠨᠠᠷ ᠮᠢᠨᠢ | ᠠᠮᠤᠰᠬᠢᠯᠭᠡᠬᠦ ᠦᠭᠡᠢ ᠭᠤᠶᠤᠨ ᠤᠨᠤᠯᠤᠭᠠ᠃ | ᠠᠶᠠᠨ ᠤ ᠳᠡᠷᠭᠡ ᠶᠢ ᠬᠦᠳᠡᠯᠬᠦ ᠪᠠᠷ | ᠠᠯᠪᠠᠨ ᠳᠤ ᠢᠷᠡᠭᠰᠡᠨ ᠡᠪᠦᠭᠡᠨ ᠭᠤᠸᠠᠢ | ᠠᠯᠠᠭ ᠦᠭᠡᠷ ᠢᠶᠠᠨ ᠬᠦᠳᠦᠯᠦᠭᠡᠳ | ᠠᠴᠢᠶᠠᠳᠠᠢ ᠳᠡᠷᠭᠡ ᠶᠢ ᠳᠠᠭᠠᠨ᠎ᠠ᠃ | ᠦᠷᠪᠦᠭᠡᠷ ᠦᠷᠪᠦᠭᠡᠷ ᠳᠤᠪᠤᠴᠠᠭ ᠤᠳ ᠢ | ᠦᠪᠴᠢ ᠴᠢᠮᠡᠭᠯᠡᠨ ᠪᠦᠷᠬᠦᠭᠰᠡᠨ | ᠦᠩᠭᠡ ᠦᠩᠭᠡ ᠪᠠᠷ ᠨᠤᠭᠤᠭᠠᠷᠠᠬᠤ | ᠦᠷᠪᠦᠭᠡᠷ ᠨᠠᠮᠠᠭ᠎ᠠ ᠲᠠᠢ ᠪᠤᠳᠠᠷᠭᠠᠨ᠎ᠠ᠃ | ᠳᠠᠩᠬᠡᠶᠢᠨ ᠬᠠᠷᠠᠭᠳᠠᠬᠤ ᠠᠭᠤᠯᠠ ᠶᠢᠨ ᠳᠤᠯᠤᠭᠠᠢ ᠳᠤ | ᠳᠡᠪᠡᠨᠡᠬᠦᠷ ᠡᠬᠦᠯᠡ ᠦᠶᠡᠯᠡᠨ ᠨᠡᠬᠦᠭᠡᠳ | ᠳᠠᠯᠡᠭᠡᠢ ᠶᠢ ᠰᠡᠷᠢᠬᠦᠴᠡᠬᠦᠯᠦᠮᠡᠷ ᠨᠠᠮᠤᠷ ᠤᠨ ᠪᠤᠷᠤᠭᠠᠨ ᠳᠤ | ᠳᠡᠷᠡᠰᠤᠨ ᠳᠤᠯᠤᠭᠠᠢ ᠴᠠᠶᠢᠷᠠᠨ ᠭᠠᠩᠬᠤᠨ᠎ᠠ᠃ | ᠦᠶᠡᠯᠡᠨ ᠤᠨᠳᠤᠷᠬᠤ ᠪᠤᠷᠤᠭᠠᠨ ᠤ ᠡᠬᠦᠯᠡ | ᠦᠳᠡᠰᠢ ᠪᠤᠯᠬᠤᠶ᠎ᠠ ᠨᠢᠮᠭᠡᠷᠡᠨ ᠨᠡᠮᠦᠶᠢᠭᠡᠳ | ᠦᠵᠡᠬᠦᠶᠠ ᠬᠦᠰᠡᠭᠳᠡᠬᠦ ᠨᠠᠷᠠᠨ ᠤ ᠭᠡᠷᠡᠯ | ᠡᠬᠦᠯᠡᠨ ᠤ ᠵᠠᠪᠰᠠᠷ ᠢᠶᠠᠷ ᠴᠠᠶᠢᠷᠠᠨ ᠴᠤᠬᠤᠶᠢᠨᠠ᠃ | ᠰᠠᠩ ᠤᠨ ᠤᠪᠤᠭ᠎ᠠ ᠶᠢ ᠪᠠᠷᠠᠯᠠᠨ ᠶᠠᠪᠤᠬᠤᠢ ᠳᠤᠷ | ᠰᠠᠨᠰᠠᠷ ᠳᠡᠭᠷᠢ ᠴᠡᠯᠮᠡᠭ ᠳᠤᠩᠭᠠᠯᠠᠭ | ᠰᠠᠷᠠᠭᠤᠯ ᠰᠡᠷᠬᠦᠯᠡᠩ ᠰᠤᠷᠤᠭᠴᠢ ᠨᠠᠷ ᠮᠢᠨᠢ | ᠰᠠᠷ᠎ᠠ ᠲᠠᠢ ᠰᠦᠨᠢ ᠪᠠᠷ ᠠᠶᠠᠯᠠᠨ ᠪᠤᠴᠠᠨ᠎ᠠ᠃ | ᠪᠤᠳᠠᠷᠠᠨ ᠬᠠᠶᠠᠯᠠᠬᠤ ᠴᠠᠰᠤ ᠶᠢ ᠰᠠᠨᠠᠭᠳᠠᠭᠤᠯᠤᠮᠠᠷ | ᠪᠤᠵᠠᠭᠠᠢ ᠵᠢᠭᠡᠬᠦᠨ ᠳᠤ ᠬᠦᠳᠦᠯᠦᠭᠰᠡᠨ ᠪᠢᠳᠠ | ᠪᠤᠷᠬᠠᠨ ᠳᠠᠭᠠᠨ ᠮᠦᠷᠬᠦᠭᠡᠳ ᠴᠠᠮ ᠢᠶᠠᠨ ᠦᠵᠡᠭᠡᠳ | ᠪᠤᠴᠠᠭᠠᠳ ᠶᠠᠪᠤᠬᠤᠢ ᠳᠤᠷ ᠠᠭᠠᠷ ᠳᠤᠩᠭᠠᠯᠠᠭ ᠡ᠃ | ᠡᠷᠬᠢᠨ ᠮᠦᠷᠬᠦᠨ ᠶᠠᠪᠤᠭᠰᠠᠭᠠᠷ | ᠡᠷᠬᠢᠵᠦ ᠨᠠᠰᠢ ᠪᠠᠨ ᠪᠤᠴᠠᠬᠤᠢ ᠳᠤ | ᠡᠩᠬᠦᠷᠡᠶᠢᠯᠡᠨ ᠬᠦᠭᠡᠷᠦᠬᠦᠶᠢᠯᠡᠨ ᠤᠯᠤᠭᠰᠠᠨ | ᠡᠷᠢᠶᠠᠨ ᠠᠯᠠᠭ ᠵᠤᠯᠵᠠᠭᠠᠨ ᠮᠤᠤᠷ ᠡ᠃ | ᠡᠷᠬᠢᠯᠡᠨ ᠢᠷᠡᠭᠰᠡᠨ ᠰᠦᠮ᠎ᠡ ᠠᠴᠠ ᠪᠠᠨ ᠪᠤᠴᠠᠬᠤᠢ ᠳᠤᠷ | ᠡᠭᠡᠰᠢᠭᠳᠦ ᠳᠠᠭᠤᠤ ᠪᠠᠨ ᠳᠠᠭᠤᠯᠠᠯᠴᠠᠨ ᠬᠦᠳᠡᠯᠦᠯᠠ | ᠡᠷᠬᠢᠨ ᠬᠠᠷᠠᠭᠰᠠᠭᠠᠷ ᠶᠠᠪᠤᠬᠤᠢ ᠳᠤ | ᠡᠩᠨᠡᠷᠡᠭᠰᠡᠨ ᠮᠦᠷᠬᠦᠯᠴᠢᠳ ᠢᠷᠠᠶᠢᠨ ᠵᠤᠭᠰᠤᠭ᠎ᠠ᠃ | ᠵᠢᠷᠭᠤᠭᠠᠨ ᠡᠳᠦᠷ ᠤᠨ ᠠᠶᠠᠨ ᠢᠶᠠᠨ ᠳᠡᠬᠦᠰᠭᠡᠭᠡᠳ | ᠵᠤᠭᠠᠳᠠᠢ ᠳᠠᠭᠤᠤ ᠪᠠᠨ ᠳᠠᠭᠤᠯᠠᠨ ᠬᠠᠷᠢᠬᠤᠢ ᠳᠤ | ᠵᠢᠷᠤᠭ ᠰᠢᠯᠪᠤᠯᠤᠷ ᠰᠢᠭ ᠦᠵᠡᠰᠬᠦᠯᠡᠩ ᠡᠬᠦᠯᠡ ᠨᠢ | ᠵᠤᠯᠠᠭᠰᠠᠨ ᠬᠦᠪᠤᠩ ᠰᠢᠭ ᠰᠠᠮᠡᠶᠢᠨ ᠬᠡᠷᠡᠯᠳᠤᠨᠠ᠃ | 1943 ᠤᠨ ᠤ ᠳᠤᠯᠤᠭᠠᠨ ᠰᠠᠷ᠎ᠠ ᠶᠢᠨ ᠬᠤᠷᠢᠨ ᠭᠤᠷᠪᠠᠨ᠎ᠠ ᠳᠤᠭᠤᠭᠠᠳᠤ ᠰᠦᠮ᠎ᠡ ᠶᠢᠨ ᠴᠠᠮ ᠦᠵᠡᠬᠦ | ᠪᠠᠷ ᠠᠶᠠᠨ ᠤ ᠳᠡᠷᠭᠡ ᠪᠠᠨ ᠬᠦᠯᠵᠦ᠂ ᠠᠯᠤᠰ ᠤᠨ ᠵᠠᠮ ᠶᠢ ᠳᠤᠭᠤᠯᠬᠤ ᠳᠠᠭᠠᠨ ᠵᠢᠷᠭᠤᠭᠠᠨ ᠠᠩᠬᠢ ᠶᠢᠨ ᠬᠤᠶᠠᠷ | ᠵᠠᠭᠤ ᠭᠠᠷᠤᠢ ᠰᠤᠷᠤᠭᠴᠢ ᠶᠢ ᠳᠠᠭᠠᠭᠤᠯᠵᠦ | ᠰᠠᠪ ᠶᠡᠭᠡᠳᠠᠢ ᠶᠢᠷᠳᠢᠨᠴᠤ ᠳᠤᠷ ᠱᠤᠮᠪᠠᠨ ᠤᠷᠤᠭᠠᠳᠤᠢ | ᠰᠡᠷᠬᠦᠯᠡᠩ ᠬᠦᠭᠡᠷᠦᠬᠦᠨ ᠱᠠᠪᠢᠨᠠᠷ ᠡ | ᠰᠡᠳᠬᠢᠯ ᠪᠠᠶ᠎ᠠ ᠢᠶᠠᠨ ᠪᠦᠷᠢᠨ ᠦᠰᠭᠡᠵᠦ | ᠰᠡᠷᠬᠦᠭᠡᠨ ᠰᠤᠷᠴᠦ ᠬᠦᠮᠦᠵᠢᠵᠡᠭᠡᠶᠡ ᠭᠡᠮᠡᠨ ᠡᠩᠬᠦᠷᠡᠶᠢᠯᠡᠨ ᠬᠠᠯᠠᠮᠵᠢᠯᠠᠵᠦ᠂ ᠳᠦᠷᠦᠭᠰᠡᠨ ᠨᠤᠳᠤᠭ ᠤᠨ | ᠮᠢᠨᠢ ᠨᠤᠶᠠᠨ ᠤᠷᠬᠢᠯ ᠳᠠᠪᠤᠨ ᠬᠠᠶᠢᠷᠬᠠᠨ ᠢᠶᠠᠨ ᠠᠯᠠᠭᠠᠨ ᠵᠢᠷᠤᠭᠠᠰᠤ ᠰᠢᠭ᠋ ᠢᠶᠠᠨ ᠵᠢᠷᠤᠭᠯᠠᠨ ᠦᠯᠡᠳᠡᠭᠡᠵᠦ᠂ | ᠠᠮᠢᠳᠤᠷᠠᠯ ᠳᠤ ᠬᠤᠨᠤᠭᠰᠢᠭᠰᠠᠨ ᠠᠶᠠᠨ ᠤ ᠰᠢᠯᠦᠭ ᠡᠷᠬᠢᠨ᠎ᠡ ᠰᠠᠨᠠᠭᠳᠠᠨ᠎ᠠ᠃ | ᠪᠠᠶᠠᠷᠯᠠᠯᠳᠤᠨ ᠴᠡᠩᠭᠡᠯᠳᠤᠨ ᠠᠶᠠᠯᠠᠭᠠᠳ | ᠪᠠᠷᠠᠭᠤᠨ ᠬᠤᠶᠢᠳᠤ ᠳᠡᠭᠡᠷ᠎ᠡ ᠠᠪᠠᠷᠢᠬᠤᠢ ᠳᠤᠷ | ᠪᠠᠷ᠎ᠠ ᠬᠠᠷᠠᠭᠳᠠᠨ ᠬᠦᠭᠡᠷᠡᠬᠦ | ᠪᠠᠶᠠᠨ ᠪᠤᠭᠳᠠ ᠶᠢᠨ ᠤᠪᠤᠭ᠎ᠠ ᠳ᠋ᠠ | ᠳᠠᠪᠤᠭᠤᠯᠠ ᠠᠷᠪᠠᠭᠤᠯᠠ ᠨᠠᠭᠠᠳᠤᠯᠴᠠᠨ | ᠳᠠᠯ᠎ᠠ ᠶᠢ ᠳᠤᠭᠤᠯᠤᠨ ᠠᠶᠠᠯᠬᠤᠢ ᠳᠤ | ᠳᠠᠭᠠᠳᠠᠢ ᠰᠠᠶᠢᠬᠠᠨ ᠬᠠᠷᠠᠬᠳᠠᠬᠤ | ᠳᠠᠷᠭᠤᠨ ᠬᠤᠩᠭᠤᠷ ᠬᠠᠶᠢᠷᠬᠠᠨ ᠳ᠋ᠠ᠃ | ᠰᠦᠷᠡᠭᠡᠢ ᠠᠭᠤᠳᠠᠮ ᠵᠢᠷᠪᠡᠭᠡᠨᠡᠬᠦ | ᠰᠠᠬᠦᠵᠢ ᠶᠢᠨ ᠳᠠᠯ᠎ᠠ ᠶᠢᠨ ᠬᠦᠪᠡᠭᠡᠨ ᠳᠤ | ᠰᠦᠮᠡᠯᠵᠡᠨ ᠬᠦᠭᠡᠷᠡᠨ ᠬᠤᠰᠢᠭᠤᠷᠠᠬᠤ | ᠰᠦᠷᠯᠢᠬᠦᠨ ᠨᠤᠭᠤᠭᠠᠨ ᠬᠠᠶᠢᠷᠬᠠᠨ ᠳ᠋ᠠ᠃ | ᠳᠦᠪᠰᠢᠨ ᠳᠠᠯ᠎ᠠ ᠶᠢᠨ ᠬᠢᠵᠠᠭᠠᠷ ᠲᠤ | ᠳᠦᠳᠠ ᠦᠭᠡᠢ ᠬᠤᠯᠠ ᠪᠠᠶᠢᠪᠠᠴᠤ | ᠳᠦᠩᠬᠡᠶᠢᠨ ᠬᠦᠭᠡᠷᠡᠨ ᠬᠠᠷᠠᠭᠳᠠᠬᠤ | ᠳᠦᠬᠦᠷᠡᠩ ᠦᠯᠵᠡᠢ ᠬᠠᠶᠢᠷᠬᠠᠨ ᠳ᠋ᠠ | ᠳᠠᠪᠬᠤᠷ ᠳᠠᠪᠬᠤᠷ ᠰᠢᠯᠢ ᠶᠢ | ᠳᠠᠪᠠᠨ ᠠᠪᠠᠷᠢᠨ ᠭᠠᠷᠬᠤᠢ ᠳᠤᠷ | ᠳᠠᠩᠴᠦ ᠰᠠᠶᠢᠬᠠᠨ ᠬᠠᠷᠠᠭᠳᠠᠬᠤ | ᠳᠢᠶᠠᠨᠴᠢ ᠯᠠᠮᠠᠬᠠᠢ ᠶᠢᠨ ᠠᠭᠤᠯᠠ ᠳ᠋ᠠ᠃ | ᠨᠤᠳᠤᠭ ᠢᠶᠠᠨ ᠪᠠᠷᠠᠭᠠᠯᠠᠨ ᠠᠶᠠᠨ ᠤ ᠵᠠᠮ ᠤᠨ ᠶᠠᠳᠠᠷᠠᠭ᠎ᠠ ᠪᠠᠨ ᠮᠠᠷᠳᠠᠨ ᠡᠯᠢᠭᠡᠨ ᠬᠠᠶᠢᠷᠠᠳᠠᠢ ᠡᠭᠡ | ᠰᠤᠷᠭᠠᠭᠤᠯᠢ ᠶᠢᠨ ᠢᠶᠠᠨ ᠭᠡᠷᠡᠯ ᠰᠠᠴᠤᠷᠠᠩᠭᠤᠢ ᠨᠢᠭᠡᠨ ᠵᠠᠭᠤᠨ ᠤ ᠮᠠᠷᠳᠠᠵᠦ ᠴᠢᠳᠠᠬᠤ ᠦᠭᠡᠢ ᠳᠡᠦᠭᠡ᠂ ᠠᠮᠢᠳᠤᠷᠠᠯ | ᠪᠠ ᠤᠶᠠᠩᠭ᠎ᠠ ᠰᠢᠯᠦᠭ ᠢ ᠤᠩᠰᠢᠭᠴᠢᠳ ᠤᠨ ᠠᠯᠠᠭᠠᠨ ᠳᠤ ᠡᠷᠬᠦᠨ ᠪᠠᠷᠢᠶ᠎ᠠ᠃ | |