ᠳ᠋᠊ · ᠡᠷᠳᠡᠨᠢᠪᠢᠯᠢᠭ | | | — ᠶᠤᠸᠠᠨ ᠤ ᠲᠡᠭᠡᠳᠤ ᠨᠡᠶᠢᠰᠯᠠᠯ ᠤᠨ ᠪᠠᠭᠤᠷᠢ ᠲᠠᠯᠠᠬᠡᠢ | ᠶᠢᠨ ᠦᠪ ᠲᠤ ᠪᠦᠷᠢᠳᠭᠡᠭᠦᠯᠦᠭᠰᠡᠨ 5 ᠵᠢᠯ ᠤᠨ ᠤᠢ ᠳᠤ ᠵᠤᠷᠢᠭᠤᠯᠪᠠ | | | ᠰᠤᠶᠤᠯ ᠭᠡᠵᠤ ᠡᠴᠢᠨ᠎ᠡ ᠬᠦᠨ ᠷᠢᠳᠢ ᠰᠢᠳᠢ ᠪᠠᠷ ᠢᠶᠠᠨ ᠬᠤᠷᠸ᠎ᠠ ᠵᠢᠨᠡᠯᠢᠭᠡᠨ ᠳᠤ ᠰᠡᠳᠬᠢᠯ ᠤᠨ ᠲᠠᠳᠠᠬᠤ | ᠬᠦᠴᠤᠨ ᠲᠠᠢ ᠤᠷᠤᠰᠢᠵᠤ ᠪᠠᠶᠢᠳᠠᠭ ᠮᠦᠷᠳᠡᠭᠡᠨ ᠤᠷᠢᠳᠤ ᠶᠢᠨ ᠦᠪ ᠦᠷ᠎ᠡ ᠬᠤᠶᠢᠴᠢᠰ ᠲᠠᠭᠠᠨ ᠦᠨᠡᠳᠤ | ᠬᠦᠷᠤᠩᠭᠡ᠂ ᠦᠷᠳᠡᠭ ᠤᠨ ᠰᠢᠮ᠎ᠡ ᠪᠤᠯᠵᠤ ᠰᠢᠷᠠᠭᠠᠵᠤ ᠬᠤᠴᠤᠷᠠᠳᠠᠭ ᠠᠵᠢ᠃ ᠡᠶᠢᠮᠤ ᠯᠡ ᠤᠴᠢᠷ ᠠᠴᠠ ᠲᠠᠯᠠᠬᠡᠢ | ᠦᠨᠤᠳᠤᠷ ᠡᠪᠦᠭᠡ ᠲᠡᠭᠡᠳᠤᠰ ᠤᠨ ᠮᠢᠨᠢ ᠡᠭᠦᠳᠴᠦ ᠪᠠᠶᠢᠭᠤᠯᠤᠬᠰᠠᠨ ᠬᠤᠳᠠ ᠰᠠᠭᠤᠷᠢᠨ — ᠶᠤᠸᠠᠨ ᠤ ᠲᠡᠭᠡᠳᠤ | ᠨᠠᠶᠢᠰᠯᠠᠯ ︵ᠱᠠᠩᠳᠤ︶ ᠤᠨ ᠪᠠᠭᠤᠷᠢ ᠶᠢ ᠦᠪ ᠰᠤᠶᠤᠯ ᠤᠨ ᠢᠶᠠᠨ ᠬᠤᠶᠢᠮᠤᠷ ᠲᠤ ᠵᠠᠯᠠᠵᠤ᠂ ᠦᠡᠭᠭᠡ ᠭᠡᠷᠡᠯ ᠢ | ᠨᠢ ᠦᠷᠭᠡᠨ ᠲᠦᠮᠡᠨ ᠤ ᠪᠠᠨ ᠲᠤᠷᠭᠠᠨ ᠮᠠᠯᠮᠠᠢ ᠳᠤ ᠡᠷᠭᠦᠨ ᠪᠡᠷᠢᠵᠠᠢ᠃ ᠡᠨᠡ ᠨᠢ ᠮᠤᠩᠭᠤᠯ ᠦᠨᠳᠤᠰᠤᠳᠡᠨ ᠳᠤ | ᠡᠩᠭᠡ ᠲᠦᠷᠤ ᠶᠢ ᠪᠠᠶᠢᠭᠤᠯᠤᠬᠰᠠᠨ ᠡᠵᠡᠨ ᠴᠢᠩᠬᠢᠰ ᠬᠠᠭᠠᠨ ᠬᠤᠶᠡᠳᠠᠬᠢ ᠮᠢᠩᠭᠠᠨ ᠤ ᠲᠡᠯᠡᠬᠡᠢ ᠶᠢᠨ ᠰᠢᠯᠢᠳᠡᠭ | ᠬᠦᠮᠤᠨ ᠢᠶᠠᠷ ᠲᠤᠳᠤᠷᠠᠬᠰᠠᠨ ᠤ ᠲᠠᠷᠠᠭ᠎ᠠ᠂ ᠲᠡᠯᠡᠬᠡᠢ ᠶᠢᠨ ᠲᠡᠤᠭᠡ ᠶᠢᠨ ᠦᠨᠳᠤᠷ ᠲᠠᠪᠴᠠᠩ ᠳᠤ ᠬᠤᠤᠰ ᠦᠭᠡᠢ | ᠭᠠᠶᠢᠬᠠᠮᠰᠢᠭ ᠪᠡ ᠲᠡᠤᠬᠡᠨ ᠤᠷᠬᠢᠯ ᠤᠳ ᠢ ᠪᠤᠰᠬᠠᠵᠤ ᠶᠠᠪᠤᠬᠰᠠᠨ ᠪᠠᠰᠠ ᠨᠢᠭᠡᠨ ᠮᠤᠩᠭᠤᠯ ᠬᠦᠮᠤᠨ ᠪᠤᠯ ᠬᠤᠪᠢᠯᠠᠢ | ᠬᠠᠭᠠᠨ ᠭᠡᠰᠡᠨ ᠢ ᠲᠤᠳᠤᠷᠠᠭᠤᠯᠤᠬᠰᠠᠨ ᠶᠤᠮ᠂ ᠮᠦᠨᠴᠤ ᠲᠡᠭᠦᠨ ᠤ ᠠᠴᠢ ᠭᠠᠪᠢᠶ᠎ᠠ ᠦᠨᠢ ᠤᠳᠠᠭᠠᠨ ᠲᠡᠤᠭᠡᠨ | ᠰᠢᠯᠭᠠᠯᠳᠠ ᠪᠠᠷ ᠭᠡᠷᠡᠴᠢᠯᠡᠭᠳᠡᠨ᠂ ᠲᠡᠯᠡᠬᠡᠢ ᠳᠤ ᠦᠵᠤᠭᠦᠷᠯᠡᠭᠰᠡᠨ ᠬᠢᠯᠠᠯᠵᠠᠮ᠎ᠠ ᠰᠤᠶᠤᠯ ᠢ ᠡᠭᠦᠳᠴᠤ᠂ | ᠲᠡᠯᠡᠬᠡᠶᠢᠵᠢᠭᠰᠡᠨ ᠰᠤᠶᠤᠯ ᠤᠨ ᠡᠩᠨᠡᠭᠡᠨ ᠳᠤ ᠬᠤᠰᠢᠭᠤᠴᠢᠯᠠᠨ ᠶᠠᠪᠤᠵᠤ ᠪᠠᠶᠢᠬᠰᠠᠨ ᠭᠡᠳᠡᠭ ᠢ ᠲᠡᠯᠡᠬᠡᠢ ᠳ᠋ᠠᠬᠢᠨ ᠳᠤ | ᠲᠡᠬᠢᠨ ᠨᠤᠳᠠᠯᠠᠬᠰᠠᠨ ᠶᠠᠪᠤᠳᠠᠯ ᠪᠤᠯᠤᠨ᠎ᠠ᠃ ᠠᠯᠳᠠᠨ ᠳᠢᠳᠠᠮ ᠢᠶᠠᠷ ᠡᠷᠭᠦᠮᠵᠢᠯᠡᠭᠳᠡᠭᠰᠡᠨ ᠠᠷᠢᠭᠤᠨ ᠲᠠᠩᠰᠤᠭ ᠤᠷᠤᠨ | ᠤ ᠨᠢᠭᠤᠴᠠᠬᠠᠢ ᠭᠠᠶᠢᠬᠠᠮᠰᠢᠭ ᠭᠡᠭᠴᠢ ᠠᠯᠠᠭ ᠲᠡᠯᠡᠬᠡᠢ ᠶᠢᠨ ᠠᠷᠠᠳ ᠵᠤᠨ ᠤ ᠪᠠᠨ ᠬᠠᠷᠠᠭᠠᠨ ᠳᠤ ᠰᠢᠵᠢᠷ | ᠬᠠᠭᠤᠳᠠᠰᠤ ᠶᠢ ᠰᠡᠭᠦᠭᠰᠡᠨ ᠲᠠᠳᠤᠢ ᠦᠭᠡᠢ᠂ ᠱᠠᠩᠳᠤ ᠶᠢᠨ ᠪᠠᠭᠤᠷᠢ ᠪᠠᠨ ᠬᠠᠷᠠᠵᠤ ᠦᠰᠤᠭ᠍ᠰᠡᠨ ᠨᠠᠳᠠᠳᠤ ᠴᠤ | ᠰᠡᠳᠬᠢᠯ ᠤᠨ ᠲᠠᠮᠢᠷ ᠨᠦᠬᠦᠵᠤ ᠪᠢᠯᠡ᠃ | ᠨᠢᠭᠡ | 2012 ᠤᠨ ᠤ 6 ᠰᠡᠷ᠎ᠡ ᠶᠢᠨ 29 ᠤ ᠡᠳᠤᠷ ᠨᠢ ᠡᠷᠬᠢᠬᠦ ᠤᠷᠴᠢᠯᠠᠩ ᠤᠨ ᠡᠭᠡᠯ ᠵᠢᠷ ᠤᠨ ᠨᠢᠭᠡ | ᠡᠳᠤᠷ ᠴᠤ ᠢᠰᠡᠭᠡᠢ ᠲᠤᠭᠤᠷᠭᠠᠳᠠᠨ ᠤ ᠲᠡᠤᠭᠡᠨ ᠳᠤ ᠠᠯᠳᠠ ᠪᠠᠷ ᠪᠢᠴᠢᠭᠳᠡᠬᠦ ᠨᠢᠭᠡ ᠡᠳᠤᠷ ᠪᠤᠯᠤᠯ᠎ᠠ᠃ ᠡᠨᠡ ᠡᠳᠤᠷ | ᠰᠢᠪᠧᠷᠢᠶ᠎ᠠ ᠶᠢᠨ ᠰᠡᠷᠢᠭᠦᠨ ᠰᠠᠯᠬᠢ ᠰᠡᠩᠬᠢᠨᠡᠭᠰᠡᠨ ᠤᠷᠤᠰ ᠤᠨ ᠲᠡᠤᠭᠡᠳᠤ ᠬᠤᠳᠠ ᠰᠡᠨᠲ ᠫᠧᠲ᠋ᠧᠷᠪᠦᠷᠡᠭ ᠬᠤᠳᠠ ᠶᠢᠨ | ᠰᠮᠦ᠋ᠸᠧᠷᠨᠢ ᠤᠷᠳᠤᠨ ᠳᠤ ᠪᠤᠯᠤᠬᠰᠠᠨ ᠤᠯᠠᠨ ᠤᠯᠤᠰ ᠤᠨ ᠬᠤᠯᠪᠤᠭᠠᠳᠤ ᠪᠠᠶᠢᠭᠤᠯᠤᠯᠭ᠎ᠠ ᠶᠢᠨ ᠰᠤᠷᠭᠠᠨ ᠬᠦᠮᠤᠵᠢᠯ | ᠰᠢᠨᠵᠢᠯᠡᠬᠦ ᠤᠬᠠᠭᠠᠨ ᠰᠤᠶᠤᠯ ᠤᠨ ᠵᠤᠬᠢᠶᠠᠨ ᠪᠠᠶᠢᠭᠤᠯᠤᠯᠳᠠ ᠶᠢᠨ ᠲᠡᠯᠡᠬᠡᠢ ᠶᠢᠨ ᠦᠪ ᠤᠨ ᠵᠦᠪᠯᠡᠯ ᠤᠨ 36 | ᠳ᠋ᠤᠭᠠᠷ ᠬᠤᠭᠤᠴᠠᠭᠠᠨ ᠤ ᠲᠡᠯᠡᠬᠡᠢ ᠶᠢᠨ ᠦᠪ ᠤᠨ ᠶᠡᠭᠡ ᠬᠤᠷᠠᠯ ᠠᠴᠠ ᠶᠤᠸᠠᠨ ᠤ ᠲᠡᠭᠡᠳᠤ ᠨᠠᠶᠢᠰᠯᠠᠯ ︵ᠱᠠᠩᠳᠤ︶ | ᠤᠨ ᠪᠠᠭᠤᠷᠢ ᠶᠢ ᠲᠠᠯᠠᠬᠡᠢ ᠶᠢᠨ ᠰᠤᠶᠤᠯ ᠤᠨ ᠦᠪ ᠤᠨ ᠨᠡᠷᠡᠰ ᠲᠤ ᠪᠦᠷᠢᠳᠭᠡᠭᠦᠯᠬᠦ ᠶᠢ ᠪᠦᠷᠢᠨ ᠪᠢᠯᠧᠲ ᠢᠶᠠᠷ | ᠪᠠᠳᠤᠯᠠᠵᠤ᠂ ᠲᠠᠯ᠎ᠠ ᠶᠢᠨ ᠮᠤᠩᠭᠤᠯᠴᠤᠳ ᠤᠨ ᠰᠤᠶᠤᠯ ᠲᠡᠤᠭᠡ ᠶᠢᠨ ᠰᠤᠳᠤᠨ ᠨᠡᠷ᠎ᠡ ᠠᠯᠳᠠᠷ ᠢ ᠲᠡᠯᠡᠬᠡᠢ ᠶᠢᠨ | ᠲᠡᠪᠴᠠᠩ ᠳᠤ ᠲᠡᠭᠡᠵᠢᠯᠡᠨ ᠲᠤᠳᠤᠷᠠᠭᠤᠯᠪᠠ᠃ ᠪᠦᠬᠦ ᠪᠦᠮᠪᠦᠷᠴᠡᠭ ᠢᠶᠠᠨ ᠭᠡᠰᠡᠨ ᠦᠷᠭᠡᠨ ᠬᠠᠷᠠᠭ᠎ᠠ ᠲᠠᠢ ᠲᠡᠯᠡᠬᠡᠢ | ᠶᠢᠨ ᠡᠷᠳᠡᠮᠳᠡᠨ ᠭᠡᠵᠤ ᠤᠯᠤᠰ ᠦᠨᠳᠤᠰᠤᠳᠡᠨ ᠭᠡᠵᠤ ᠢᠯᠭᠠᠳᠠᠭ ᠦᠭᠡᠢ ᠤᠤᠷ ᠰᠤᠶᠤᠯ ᠢ ᠯᠡ ᠲᠠᠨᠢᠳᠠᠭ ᠤᠶᠤᠨ ᠤ | ᠤᠳᠠᠴᠢ ᠨᠠᠷ ᠪᠠᠶᠢᠭ᠎ᠠ ᠳᠠᠭᠠᠨ ᠯᠡ ᠪᠦᠮᠪᠤᠷᠴᠡᠭ ᠲᠤ ᠭᠡᠷᠡᠯ ᠲᠠᠢ ᠰᠤᠶᠤᠯ ᠳᠤ ᠮᠢᠨᠢ ᠪᠦᠳᠤᠨ ᠬᠤᠪᠢ ᠱᠠᠩᠨᠠᠵᠤ | ᠪᠦᠷᠢᠨ ᠪᠢᠯᠧᠲ ᠦᠭᠴᠤ ᠳ᠋ᠠ᠃ ᠭᠡᠷ ᠪᠠᠷᠢᠯᠭ᠎ᠠ ᠨᠢ ᠰᠢᠳᠠᠬᠳᠠᠬᠰᠠᠨ ᠴᠤ ᠭᠡᠷᠡᠯᠳᠤ ᠪᠠᠭᠤᠷᠢ ᠨᠢ ᠰᠤᠶᠤᠯ ᠲᠠᠢ ᠪᠠᠨ | ᠦᠯᠡᠳᠡᠵᠤ ᠪᠠᠶᠢᠳᠠᠭ ᠭᠡᠳᠡᠭ ᠲᠤ ᠲᠡᠯᠡᠬᠡᠢ ᠶᠢᠨ ᠲᠡᠭᠰᠢ ᠬᠠᠷᠠᠴᠠ ᠲᠤᠰᠳᠠᠭ ᠠᠵᠢ ᠃ | 29 ᠤ ᠡᠳᠤᠷ ᠤᠨ ᠦᠳᠡᠰᠢ ᠪᠠᠷ᠂ ᠲᠡᠭᠡᠳᠤ ᠨᠡᠶᠢᠰᠯᠠᠯ ᠤᠨ ᠬᠠᠯᠠᠭᠤᠨ ᠰᠢᠷᠤᠶᠢᠨ ᠳᠤ ᠬᠠᠶᠢᠷ᠎ᠠ | ᠢᠭ᠍ᠳᠤᠯᠠᠭᠦᠯᠤᠭ᠍ᠰᠡᠨ ᠨᠤᠳᠤᠭ ᠤᠰᠤᠨ ᠤ ᠬᠢᠨ ᠰᠢᠯᠢᠩᠬᠤᠳᠠ ᠶᠢᠨ ︽ᠰᠢᠯᠢᠨ︾ ᠠᠭᠤᠳᠠᠮ ᠲᠠᠯᠠᠪᠠᠢ᠂ ᠰᠢᠯᠤᠭᠤᠨ | ᠬᠦᠭᠡ ᠬᠤᠰᠢᠭᠤᠨ ᠤ ︽ᠬᠤᠪᠢᠯᠠᠢ︾ ᠠᠭᠤᠳᠠᠮ ᠲᠠᠯᠠᠪᠠᠢ ᠵᠡᠷᠭᠡ ᠭᠠᠵᠠᠷ ᠲᠤ ᠫᠧᠲ᠋ᠧᠷᠪᠦᠷᠡᠭ ᠬᠤᠳᠠ ᠶᠢᠨ | ᠬᠤᠷᠠᠯ ᠤᠨ ᠰᠤᠷᠠᠭ ᠢᠶᠠᠷ ᠲᠤᠬᠳᠤᠯᠬᠤ ᠰᠡᠳᠬᠢᠯ ᠢᠶᠠᠨ ᠲᠠᠷᠤᠵᠤ ᠶᠠᠳᠠᠨ ᠪᠠᠶᠠᠷ ᠤᠨ ᠴᠢᠮᠡᠭᠡ ᠬᠦᠯᠢᠶᠡᠵᠤ ᠰᠠᠭᠤᠵᠠᠢ᠃ | ᠤᠷᠤᠢ ᠶᠢᠨ 22 ᠴᠠᠭ 23 ᠮᠢᠨᠦ᠋ᠲ ᠪᠤᠯᠬᠤ ᠭᠱᠠᠨ᠎ᠠ ᠲᠡᠯᠡᠬᠡᠢ ᠶᠢᠨ ᠰᠤᠷᠭᠤᠭ ᠨᠢᠳᠤ — ᠵᠠᠭᠤᠴᠢᠯᠠᠭᠤᠷ ᠤᠨ | ᠬᠢᠨ ᠤ ᠠᠬᠤᠢ ᠨᠡᠪᠳᠡᠷᠡᠭᠦᠯᠭᠡ ᠡᠨᠡᠬᠦ ᠪᠠᠶᠠᠷ ᠤᠨ ᠠᠯᠳᠠᠨ ᠴᠢᠮᠡᠭᠡ ᠶᠢ ᠲᠠᠶᠠᠩ ᠲᠡᠯᠡᠬᠡᠢ ᠳᠤ ᠲᠠᠮᠵᠢᠭᠤᠯᠬᠤ ᠳᠤ᠂ | ᠲᠠᠯᠠᠪᠠᠢ ᠲᠠᠶᠠᠭᠠᠷ ᠲᠡᠰᠴᠤ ᠶᠠᠳᠠᠨ ᠬᠦᠯᠢᠶᠡᠵᠤ ᠪᠠᠶᠢᠬᠰᠠᠨ ᠬᠦᠮᠤᠰ ᠬᠦᠤᠷ ᠪᠠᠶᠠᠷ ᠢᠶᠠᠷ ᠪᠢᠯᠬᠠᠵᠤ᠂ ᠤᠶᠠᠩᠭᠠᠳᠤ | ᠲᠠᠭᠤ ᠤᠷᠠᠨ ᠪᠦᠵᠢᠭ ᠡᠷᠭᠦᠨ᠂ ᠦᠷᠤ ᠵᠢᠷᠤᠬᠡᠨ ᠤ ᠲᠤᠯᠳᠤ ᠠᠴᠠ ᠪᠠᠨ ᠤᠬᠳᠤᠨ ᠪᠡᠶᠡᠰᠤᠨ ᠪᠡᠯᠭᠡᠯᠡᠬᠦ ᠳᠤ᠂ | ᠠᠭᠤᠳᠠᠮ ᠦᠷᠭᠡᠨ ᠲᠠᠯ᠎ᠠ ᠬᠦᠨᠳᠠᠢ ᠶᠢᠨ ᠬᠡᠶᠢᠮᠤᠷᠢ ᠰᠡᠷᠭᠦᠵᠤ᠂ ᠤᠷᠤᠰᠬᠠᠯ ᠲᠤᠩᠭᠠᠯᠠᠭ ᠭᠤᠤᠯ ᠮᠦᠷᠡᠨ ᠨᠢ ᠴᠤ | ᠤᠷᠤᠯᠳᠤᠬᠤ ᠰᠢᠭ᠋ ᠲᠦᠷᠭᠡᠨ ᠲᠠᠪᠬᠢᠵᠤ ᠯᠠ ᠪᠡᠶᠡᠷᠯᠠᠬᠰᠠᠨ ᠪᠢᠯᠡ᠃ 30 ᠤ ᠡᠳᠤᠷ᠂ ᠤᠷᠤᠨ ᠤ ᠲᠦᠪ | ᠬᠦᠬᠡᠬᠤᠳᠠ ᠶᠢᠨ ᠰᠢᠨᠬᠤᠸᠠ ᠠᠭᠤᠳᠠᠮ ᠲᠠᠯᠠᠪᠠᠢ ᠳᠤ ᠴᠤ ᠶᠤᠸᠠᠨ ᠤ ᠲᠡᠭᠡᠳᠤ ᠨᠡᠶᠢᠰᠯᠡᠯ ᠤᠨ ᠪᠠᠭᠤᠷᠢ ᠲᠡᠯᠡᠬᠡᠢ ᠶᠢᠨ | ᠰᠤᠶᠤᠯ ᠤᠨ ᠦᠪ ᠢᠶᠠᠷ ᠪᠦᠷᠢᠳᠬᠡᠬᠦᠯᠦᠭᠰᠡᠨ ᠠᠮᠵᠢᠯᠳᠠ ᠶᠢ ᠪᠡᠯᠭᠡᠯᠡᠬᠦ ᠦᠪᠡᠳᠡᠭᠰᠢ ᠴᠤᠬᠯᠠᠭᠠᠨ ᠪᠤᠯᠵᠤ᠂ ᠲᠤᠭ | ᠭᠬᠢᠷᠢ ᠨᠡᠮᠢᠷᠡᠨ᠂ ᠲᠠᠭᠤᠤ ᠪᠦᠵᠢᠭ ᠡᠷᠭᠦᠨ᠂ ᠲᠠᠷᠤᠭ᠎ᠠ ᠨᠤᠶᠠᠳ ᠶᠠᠷᠢᠶ᠎ᠠ ᠲᠠᠯᠪᠢᠨ᠂ ᠤᠯᠠᠨ ᠢᠶᠠᠷ ᠢᠶᠠᠨ ︽ᠪᠠᠭᠤᠷᠢ | ︾ ᠪᠠᠷ ᠢᠶᠠᠨ ᠪᠠᠭ᠋ᠠᠷᠬᠠᠬᠤ ᠳᠤ᠂ ᠤᠷᠳᠤᠨ ᠬᠠᠷᠰᠢ ᠨᠢ ᠨᠢᠭᠡ ᠴᠤ ᠭᠡᠰᠡᠨ ᠦᠯᠡᠳᠡᠵᠤ ᠪᠠᠶᠢᠬᠰᠠᠨ ᠪᠤᠯ ᠭᠡᠵᠤ ᠤᠷᠳᠤ | ᠬᠠᠷᠠᠮᠰᠠᠯ ᠤᠨᠵᠡᠶᠢᠯᠭᠠᠬᠤ ᠨᠢ ᠴᠤ ᠴᠦᠭᠡᠨ ᠦᠭᠡᠢ ᠪᠠᠶᠢᠪᠠ ᠃ | ᠲᠡᠭᠷᠢ ᠲᠦᠮᠡᠨ ᠨᠢᠳᠤᠳᠠᠢ ᠭᠡᠳᠡᠭᠴᠢᠯᠡᠨ᠂ ᠡᠵᠡᠨ ᠴᠢᠩᠭᠢᠰ ᠤᠨ ᠦᠶ᠎ᠡ ᠠᠴᠠ ᠴᠤᠬᠴᠠᠯᠠᠬᠰᠠᠨ ᠭᠠᠶᠢᠬᠠᠮᠰᠢᠭ | ᠤᠳ ᠤᠨ ᠦᠯᠡᠳᠡᠭᠡᠭᠰᠡᠨ ᠪᠠᠭᠤᠷᠢ ᠶᠢ ᠨᠢ ᠬᠦᠷᠳᠡᠯ᠎ᠡ ᠲᠡᠯᠡᠬᠡᠢ ᠲᠦᠪ ᠭᠤᠤᠯᠴᠢ ᠪᠠᠷ ᠦᠪ ᠰᠤᠶᠤᠯ ᠳᠠᠭᠠᠨ | ᠲᠡᠭᠡᠳᠤᠯᠡᠵᠤ᠂ ᠲᠠᠰᠤᠷᠠᠬᠤ ᠰᠢᠬᠠᠬᠰᠠᠨ ᠪᠡᠷ᠎ᠡ ᠰᠡᠭᠦᠳᠡᠷ ᠢ ᠨᠢ ᠲᠡᠯᠡᠬᠡᠢ ᠨᠡᠶᠢᠳᠡ ᠵᠢᠨᠬᠠᠷᠠᠭᠠᠨ ᠳᠤ ᠮᠦᠡᠭᠭᠡᠯᠡᠵᠤ | ᠲᠤᠳᠤᠷᠠᠭᠤᠯᠤᠬᠰᠠᠨ ᠶᠠᠪᠤᠳᠠᠯ ᠭᠡᠭᠴᠢ ᠤᠳᠤᠮ ᠲᠠᠭᠠᠵᠤ ᠤᠷᠭ᠎ᠠ ᠲᠤᠬᠤᠶᠢᠯᠠᠬᠰᠠᠨ ᠬᠦᠬᠡᠡ ᠲᠤᠯᠪᠤᠳᠤ ᠨᠤᠭᠤᠳ ᠲᠤ | ᠠᠪᠴᠤ ᠬᠡᠯᠡᠪᠡᠯ ᠤᠶᠤᠨ ᠤ ᠦᠮᠴᠢ ᠤᠬᠠᠭᠠᠨ ᠤ ᠰᠦᠪᠡᠭᠴᠢ ᠪᠠᠶᠢᠵᠤ ᠲᠠᠭᠠᠷᠠᠨ᠎ᠠ᠃ ᠶᠤᠸᠠᠨ ᠤ ᠲᠡᠭᠡᠳᠤ ᠨᠡᠶᠢᠰᠯᠡᠯ | ᠤᠨ ᠪᠠᠭᠤᠷᠢ ᠲᠡᠭᠡᠷ᠎ᠡ ᠤᠴᠢᠬᠰᠠᠨ ᠡᠯᠢᠭᠡ ᠨᠢᠭᠡᠳᠠᠢ ᠮᠣᠩᠭᠤᠯᠴᠤᠳ ᠤᠨ ᠪᠢᠱᠢᠭᠦᠢ ᠤᠯᠠᠨ ᠨᠢ ᠦᠪᠡᠷ ᠤᠨ ᠡᠷᠭᠡ | ᠦᠭᠡᠢ ᠨᠢᠯᠪᠤᠰᠤ ᠪᠦᠮᠪᠤᠷᠢᠭᠦᠯᠤᠯᠡ ᠭᠡᠵᠤ ᠪᠢ ᠤᠯᠠᠨ ᠰᠤᠨᠤᠰᠴᠤ ᠪᠢᠯᠡ᠃ ᠠᠷᠭ᠎ᠠ ᠴᠤ ᠦᠭᠡᠢ ᠳ᠋ᠠ᠂ ᠡᠪᠦᠭᠡ | ᠲᠡᠭᠡᠳᠤᠰ ᠤᠨ ᠮᠢᠨᠢ ᠡᠭᠦᠳᠤᠭ᠍ᠰᠡᠨ ᠲᠦᠷᠤ ᠭᠦᠷᠤᠨ ᠠᠴᠠ ᠡᠬᠢᠯᠡᠭᠡᠳ ᠴᠠᠳᠢᠭ ᠰᠤᠶᠤᠯ ᠨᠢ ᠴᠠᠭ ᠲᠦᠷᠤ ᠶᠢᠨ | ᠤᠷᠪᠠᠭᠠᠨ ᠬᠦᠷᠪᠡᠭᠡᠨ ᠳᠤ ᠴᠠᠭᠠᠰᠤ ᠰᠢᠭ᠋ ᠰᠢᠳᠠᠬᠳᠠᠵᠤ᠂ ᠰᠢᠷᠠᠯᠵᠢ ᠡᠪᠡᠰᠤ ᠤᠷᠭᠤᠬᠰᠠᠨ ᠰᠢᠷ᠎ᠠ ᠪᠠᠭᠤᠷᠢ ᠲᠡᠳᠤᠢ | ᠪᠤᠯᠤᠬᠰᠠᠨ ᠳᠤ ᠰᠡᠳᠬᠢᠯ ᠬᠠᠷᠭᠤᠰᠴᠤ ᠰᠡᠷᠡᠯ ᠴᠤᠴᠠᠷᠠᠬᠤ ᠦᠭᠡᠢ ᠪᠠᠶᠢᠵᠤ ᠬᠡᠨ ᠴᠢᠳᠠᠬᠤ ᠪᠢᠯᠡ᠃ ᠪᠢ ᠴᠤ | ᠱᠠᠩᠳᠤ ᠶᠢᠨ ᠪᠠᠭᠤᠷᠢ ᠳᠤ ᠤᠯᠠᠨ ᠬᠦᠷᠴᠤ᠂ ᠡᠯᠡᠷ ᠪᠡᠯᠡᠷ ᠲᠡᠤᠭᠡ ᠡᠪᠳᠡᠷᠬᠡᠢ ᠨᠤᠷᠠᠩᠬᠠᠢ ᠬᠡᠷᠡᠮ ᠢ ᠨᠢ ᠦᠵᠡᠭᠡᠳ | ᠡᠯᠢᠭᠡ ᠪᠠᠨ ᠡᠰᠭᠡᠵᠤ ᠶᠠᠪᠤᠬᠰᠠᠨ ᠬᠦᠮᠤᠨ ᠤ ᠨᠢᠭᠡ ᠶᠤᠮ᠃ ᠦᠨᠤᠳᠤᠷ ᠱᠠᠩᠳᠤ ᠶᠢᠨ ᠪᠠᠭᠤᠷᠢ ᠪᠠᠨ ᠰᠡᠬᠢᠵᠤ | ᠰᠠᠭᠤᠬᠰᠠᠨ ᠰᠢᠯᠤᠭᠤᠨ ᠬᠦᠭᠡᠴᠤᠳ ᠤᠨ ᠪᠠᠶᠠᠷᠯᠠᠬᠰᠠᠨ ᠢ ᠨᠡᠩ ᠶᠠᠭᠤᠨ ᠶᠠᠷᠢᠬᠤ ᠠᠵᠢ᠂ ᠠᠭᠤᠯᠵᠠᠮᠠᠬᠴᠠ ᠯᠠ | ᠦᠵᠤᠭᠦᠷ ᠰᠤᠨᠢᠨ ᠪᠤᠯᠭᠠᠵᠤ᠂ ︽ ᠲᠡᠭᠡᠳᠤ ᠨᠠᠶᠢᠰᠯᠠᠯ ᠲᠡᠯᠡᠬᠡᠢ ᠶᠢᠨ ᠰᠤᠶᠤᠯ ᠤᠨ ᠦᠪ ᠲᠤ ᠤᠷᠤᠬᠰᠠᠨ ᠢ | ᠰᠤᠨᠤᠰᠪᠠ ᠤᠤ︾ ᠭᠡᠵᠤ ᠠᠮᠠ ᠲᠠᠮᠵᠢᠨ ᠠᠬᠢᠨ ᠲᠠᠬᠢᠨ ᠶᠠᠷᠢᠬᠤ ᠨᠢ ᠠᠯᠢ ᠨᠢᠭᠡ ᠬᠦᠮᠤᠨ ᠢ ᠤᠯᠵᠤ ᠮᠡᠳᠡᠬᠦ | ᠦᠭᠡᠢ ᠠᠴᠠ ᠠᠶᠤᠬᠰᠠᠨ ᠴᠤ ᠰᠢᠭ᠋᠂ ᠠᠯᠳᠠᠨ ᠪᠠᠭᠤᠷᠢ ᠪᠠᠨ ᠠᠮᠢᠨᠴᠢᠯᠠᠨ ᠰᠠᠬᠢᠬᠰᠠᠨ ᠡᠵᠡᠨ ᠠᠷᠠᠳ ᠭᠡᠰᠡᠨ ᠴᠤ | ᠰᠢᠭ ᠤᠪᠤᠷ ᠪᠠᠶᠢᠳᠠᠯ ᠬᠦᠡᠭᠭᠡᠨ ᠱᠦᠡᠭᠭᠡᠨ ᠭᠡᠳᠡᠭ ᠨᠢ ᠪᠡᠷᠭᠡ᠃ | ᠪᠢ ᠴᠤ ᠲᠡᠤᠭᠡ ᠰᠤᠶᠤᠯ ᠤᠨ ᠲᠤᠨᠤᠳᠠᠰᠤ ᠵᠤᠵᠠᠭᠠᠨ ᠦᠰᠴᠤ ᠲᠦᠷᠤᠭ᠍ᠰᠡᠨ ᠰᠢᠯᠤᠭᠤᠨ ᠬᠦᠭᠡ ᠳᠡᠭᠡᠨ | ᠤᠴᠢᠵᠤ ᠦᠵᠡᠬᠦ ᠦᠭᠡᠢ ᠪᠤᠯ ᠬᠤᠷᠮᠤᠢ ᠳᠤ ᠬᠡᠢ ᠤᠷᠤᠴᠢᠬᠠᠬᠰᠠᠨᠰᠢᠭ᠋ ᠰᠠᠭᠤᠵᠤ ᠲᠤᠬᠳᠠᠬᠤ ᠦᠭᠡᠢ | ᠪᠤᠯᠤᠬᠰᠠᠨ ᠵᠶ᠋ᠡᠨᠠᠵᠢᠯ ᠣᠨᠴᠢᠭᠯᠡᠯ ᠠᠪᠤᠨᠠᠶᠠᠨ ᠤ ᠵᠢᠯᠤᠭᠤ ᠰᠤᠩᠭᠠᠨ ᠬᠦᠷᠴᠤ ᠪᠢᠯᠡ᠃ | ᠨᠢᠮᠭᠡᠨ ᠴᠠᠭᠠᠨ ᠡᠭᠦᠯᠡᠰ ᠤᠨ ᠲᠤᠮᠳᠠ ᠬᠤᠷᠠᠬᠤ ᠶᠢᠨ ᠠᠭᠤᠯᠠ ᠤᠨᠢᠶᠡᠷᠳᠤᠨ ᠴᠡᠩᠭᠡᠷᠯᠡᠵᠤ᠂ ᠬᠤᠷᠴᠠ ᠰᠢᠷᠭᠠᠯ | ᠲᠤᠷᠭᠠᠨ ᠲᠠᠯᠪᠢ ᠲᠠᠢ ᠠᠯᠳᠠᠩᠬᠸ᠎ᠠ ᠴᠡᠴᠡᠭ ᠨᠤᠮᠢᠨ ᠨᠤᠭᠤᠭᠠᠨ ᠲᠠᠯ᠎ᠠ ᠬᠦᠨᠳᠡᠢ ᠶᠢ ᠰᠢᠷ᠎ᠠ ᠲᠤᠷᠭ᠎ᠠ ᠪᠠᠷ | ᠬᠤᠴᠢᠬᠰᠠᠨ ᠰᠢᠭ᠋ ᠰᠢᠵᠢᠷ ᠲᠤᠯᠬᠢᠶ᠎ᠠ ᠬᠠᠶᠠᠯᠤᠨᠠ᠃ ᠦᠨᠳᠤᠷ ᠲᠡᠷᠡᠰᠤ ᠦᠯᠤᠩ ᠬᠢᠶᠠᠭ ᠲᠦᠭᠦᠷᠡᠭᠰᠠᠨ ᠱᠠᠩᠳᠤ | ᠨᠡᠶᠢᠰᠯᠡᠯ ᠤᠨ ᠪᠠᠭᠤᠷᠢ ᠬᠠᠷᠠᠭᠠᠨ ᠳᠤ ᠲᠤᠳᠤᠷᠬᠠᠤ ᠳᠤ ᠤᠤᠯ ᠠᠴᠠ ᠪᠠᠨ ᠨᠡᠩ ᠪᠠᠶᠢᠭᠠᠯᠢᠯᠢᠭ ᠰᠠᠨᠠᠬᠳᠠᠯ᠎ᠠ᠃ | ᠡᠮᠤᠨ᠎ᠡ ᠭᠡᠳᠤᠨ ᠵᠢᠯ ᠳᠤ ᠪᠤᠰᠬᠠᠬᠰᠠᠨ ᠲᠤᠮᠤ ᠡᠭᠦᠳᠡ᠂ ᠭᠡᠷ ᠪᠠᠷᠢᠯᠭ᠎ᠠ ᠨᠢ ᠴᠦᠮ ᠬᠠᠷᠠᠬᠳᠠᠬᠤ ᠦᠭᠡᠢ ᠪᠤᠯᠵᠤ᠂ | ᠬᠠᠷᠢᠨ ᠭᠡᠳᠤᠨ ᠮᠤᠩᠭᠤᠯ ᠭᠡᠷ ᠤᠳ ᠲᠠᠯ᠎ᠠ ᠶᠢᠨ ᠮᠣᠩᠭᠤᠯ ᠠᠶᠢᠯ ᠤᠳ ᠰᠢᠭ᠋ ᠴᠠᠶᠢᠷᠠᠨ ᠬᠠᠷᠠᠬᠳᠠᠬᠤ ᠨᠢ ᠶᠤᠰᠤᠳᠠᠢ | ᠵᠤᠨ ᠤ ᠵᠤᠰᠠᠭᠠᠯ ᠰᠢᠭ᠋ ᠰᠡᠯᠡᠭᠦᠨᠲ᠋ᠠᠶᠢᠪᠤᠡᠭ ᠪᠠᠶᠢᠪᠠ᠃ ᠮᠤᠩᠭᠤᠯ ᠭᠡᠷ ᠪᠠᠷᠢᠬᠰᠠᠨ ᠲᠤᠬᠠᠢ ᠲᠠᠶᠢᠯᠪᠤᠷᠢᠯᠠᠬᠴᠢ ᠶᠢᠨ | ᠬᠡᠯᠡᠬᠦ ᠪᠠᠷ᠂ ᠡᠨᠡ ᠨᠢ ᠪᠦᠷ ᠲᠠᠯᠡᠬᠡᠢ ᠶᠢᠨ ᠦᠪ ᠲᠤ ᠤᠷᠤᠭᠤᠯᠬᠤ ᠪᠠᠷ ᠡᠷᠡᠮᠡᠯᠵᠡᠯᠡᠬᠦ ᠱᠠᠭᠠᠷᠳᠠᠯᠭ᠎ᠠ ᠳᠤ | ᠨᠡᠶᠢᠴᠡᠭᠦᠯᠤᠨ᠂ ᠤᠭ ᠦᠯᠡᠳᠡᠭᠳᠡᠯ ᠢ ᠨᠢ ᠡᠪᠳᠡᠯᠡᠵᠤ ᠰᠦᠢᠳᠭᠡᠬᠦ ᠦᠭᠡᠢ ᠪᠠᠶᠢᠬᠤ ᠶᠢᠨ ᠲᠤᠯᠠ᠂ ᠲᠡᠮᠤᠷ | ᠱᠦᠢᠨᠡᠢ ᠶᠢᠨ ᠪᠠᠷᠢᠯᠭ᠎ᠠ ᠶᠢᠨ ᠬᠡᠷᠡᠭᠰᠡᠯ ᠢ ᠬᠡᠷᠡᠭᠯᠡᠬᠦ ᠦᠭᠡᠢ᠂ ᠲᠠᠯ᠎ᠠ ᠳᠠᠭᠠᠨ ᠡᠭᠡᠯᠢᠳᠡᠢ ᠮᠤᠩᠭᠤᠯ ᠭᠡᠷ᠂ ᠮᠤᠳᠤᠨ | ᠮᠠᠲ᠋ᠧᠷᠢᠶᠠᠯ ᠤᠨ ᠭᠡᠷ ᠪᠠᠷᠢᠯᠭ᠎ᠠ ᠶᠢ ᠯᠡ ᠠᠰᠢᠬᠯᠠᠬᠰᠠᠨ ᠤᠴᠢᠷ ᠪᠠᠶᠢᠵᠠᠢ᠃ ᠰᠤᠶᠤᠯ ᠣᠨᠦᠪ ᠢᠶᠠᠷ | ᠪᠦᠷᠢᠳᠬᠡᠬᠦᠯᠦᠭᠰᠡᠨ ᠰᠠᠶᠢᠬᠠᠨ ᠬᠠᠯᠠᠭᠤᠨ ᠴᠢᠮᠡᠭᠡ ᠠᠴᠠ ᠪᠤᠯᠤᠬᠰᠠᠨ ᠪᠢᠵᠡ᠂ ᠭᠠᠳᠠᠨ᠎ᠠ ᠲᠤᠳᠤᠨ᠎ᠠ ᠶᠢᠨ | ᠵᠢᠭᠤᠯᠴᠢᠳ ᠵᠤᠴᠢᠳ ᠪᠠᠭᠰᠢᠷᠠᠳᠠᠯᠠ ᠬᠤᠷᠠᠵᠤ᠂ ᠲᠡᠷᠭᠡᠨ ᠵᠤᠬᠰᠤᠭᠠᠯ ᠨᠢ ᠫᠢᠳ ᠲᠦᠬᠦᠷᠡᠵᠤ᠂ ᠶᠠᠭ ᠯᠡ ᠨᠠᠶᠢᠷ | ᠨᠠᠭᠠᠳᠤᠮ ᠪᠤᠯᠵᠤ ᠪᠠᠶᠢᠭ᠎ᠠ ᠰᠢᠭ᠋ ᠨᠡᠷᠬᠢᠶᠠᠨ ᠬᠦᠭᠵᠢᠶᠡᠨ ᠲᠠᠢ ᠪᠠᠶᠢᠯ᠎ᠠ᠃ ︽ᠶᠤᠸᠠᠨ ᠤ ᠲᠡᠭᠡᠳᠤ ᠨᠡᠶᠢᠰᠯᠡᠯ ᠤᠨ | ᠪᠠᠭᠤᠷᠢ︾ ᠭᠡᠰᠡᠨ ᠲᠤᠮᠤ ᠴᠢᠯᠠᠭᠤᠨ ᠪᠢᠴᠢᠭᠡᠰᠤ ᠪᠡ ᠬᠤᠪᠢᠯᠠᠢ ᠬᠠᠭᠠᠨ ᠤ ᠴᠡᠷᠢᠭ ᠲᠦᠰᠢᠮᠡᠳ ᠤᠨ ᠢᠶᠠᠨ ᠲᠤᠮᠳᠠ | ᠬᠠᠳᠠ ᠰᠢᠭ᠋ ᠬᠠᠨᠠᠶᠢᠨ ᠰᠠᠭᠤᠬᠰᠠᠨ ᠲᠤᠮᠤ ᠱᠤᠭᠤᠮᠠᠯ ᠨᠢ ᠲᠤᠩ ᠰᠦᠷᠯᠢᠭ ᠬᠠᠷᠠᠬᠳᠠᠵᠤ᠂ ᠬᠦᠮᠤᠰ ᠤᠨ ᠰᠡᠭᠦᠳᠡᠷ | ᠲᠤᠷᠠᠰᠬᠠᠯ ᠦᠯᠡᠳᠡᠬᠡᠬᠦ ᠭᠤᠤᠯ ᠲᠠᠯᠠᠪᠤᠷ ᠪᠤᠯᠵᠤ ᠪᠠᠶᠢᠯ᠎ᠠ᠃ ᠵᠡᠭᠦᠨ ᠡᠮᠤᠨ᠎ᠡ ᠨᠢ ᠭᠡᠳᠤᠨ ᠮᠤᠩᠭᠤᠯ ᠭᠡᠷ | ᠡᠩᠨᠡᠷᠡᠭᠦᠯᠤᠨ ᠪᠤᠰᠬᠠᠵᠤ᠂ ᠲᠡᠭᠡᠳᠤ ᠨᠡᠶᠢᠰᠯᠡᠯ ᠤᠨ ᠲᠤᠬᠠᠢ ᠨᠤᠮ ᠰᠤᠳᠤᠷ᠂ ᠪᠡᠯᠡᠭ ᠲᠤᠷᠠᠰᠬᠠᠯ ᠤᠨ ᠵᠤᠶᠢᠯᠡᠰ ᠵᠡᠷᠭᠡ | ᠶᠢ ᠬᠤᠳᠠᠯᠳᠤᠵᠤ ᠪᠠᠶᠢᠪᠠ᠃ ᠠᠳᠡ ᠠᠴᠠ ᠲᠤᠳᠤᠬᠰᠢ ᠨᠢ ᠵᠤᠭᠠᠴᠠᠬᠰᠠᠳ ᠵᠦᠪᠭᠡᠨ ᠲᠤᠬᠠᠢ ᠶᠢᠨ ᠬᠠᠮᠢᠶᠠᠷᠤᠯᠳᠠ | ᠶᠢᠨ ᠭᠠᠵᠠᠷ ᠤᠨ ᠴᠠᠬᠢᠯᠭᠠᠨ ᠲᠡᠷᠭᠡ ᠳᠤ ᠰᠠᠭᠤᠬᠤ ᠪᠡ ᠲᠤᠭᠤᠢ ᠲᠡᠷᠭᠡ ᠪᠤᠶᠤ ᠶᠠᠪᠠᠭᠠᠨ ᠢᠶᠠᠷ ᠶᠠᠪᠤᠨ᠎ᠠ᠂ ᠬᠠᠶᠢᠨ | ᠮᠠᠯᠳᠠᠵᠤ ᠭᠠᠷᠭᠠᠬᠰᠠᠨ ᠮᠢᠩ ᠳ᠋ᠧ ᠮᠧᠨ ᠡᠭᠦᠳᠡ ᠬᠦᠷᠪᠡᠯ᠂ ᠲᠡᠷᠭᠡ ᠤᠨᠤᠭ᠎ᠠ ᠶᠢ ᠲᠠᠰᠤ ᠵᠤᠬᠰᠤᠭᠠᠨ᠎ᠠ᠃ ᠤᠤᠯ | ᠳᠠᠭᠠᠨ ᠬᠦᠷᠢᠶ᠎ᠡ ᠲᠤᠳᠤᠭᠤᠷ ᠨᠢ ᠮᠠᠰᠢᠨ ᠲᠡᠷᠭᠡ ᠪᠠᠷ ᠮᠠᠨᠠᠷᠠᠭᠤᠯᠤᠨ ᠬᠦᠨᠳᠡᠯᠡᠨ ᠭᠤᠯᠳᠤ ᠦᠭᠡᠢ ᠲᠤᠭᠤᠷᠢᠵᠤ | ᠦᠵᠡᠳᠡᠭ ᠪᠠᠶᠢᠬᠰᠠᠨ ᠪᠢᠯᠡ᠃ ᠤᠳᠤ ᠢᠡᠭᠬᠢᠵᠤ ᠦᠪ ᠢ ᠬᠠᠮᠠᠭᠠᠯᠠᠬᠤ ᠶᠤᠰᠤᠭᠠᠷ ᠬᠠᠮᠢᠶᠠᠷᠴᠤ ᠬᠠᠮᠬᠢᠳᠠᠬᠰᠠᠨ ᠨᠢ | ᠬᠦᠮᠤᠰ ᠲᠤ ᠲᠠᠷᠬᠠᠨ ᠪᠠᠭᠤᠷᠢ ᠶᠢᠨ ᠨᠢᠭᠤᠴᠠᠬᠠᠢ ᠭᠠᠶᠢᠬᠠᠮᠰᠢᠭ ᠢ ᠨᠡᠩ ᠰᠠᠨᠠᠬᠳᠠᠭᠤᠯᠤᠨ᠎ᠠ᠃ ᠮᠢᠩ ᠳ᠋ᠧ ᠮᠧᠨ | ᠡᠭᠦᠳᠡ ᠶᠢᠨ ᠬᠤᠶᠠᠷ ᠲᠠᠯ᠎ᠠ ᠶᠢᠨ ᠭᠡᠷᠡᠮ ᠢ ᠨᠢ ᠪᠦᠷ ᠲᠡᠮᠤᠷ ᠤᠳᠠᠰᠤ ᠪᠡ ᠮᠤᠳᠤᠨ ᠬᠠᠪᠳᠠᠰᠤ ᠪᠠᠷ ᠲᠤᠯᠵᠤ | ᠪᠠᠬᠢᠯᠡᠭᠰᠡᠨ ᠮᠦᠷᠳᠡᠭᠡᠨ ᠲᠤᠤᠷᠠᠬᠢ ᠱᠠᠯᠠ ᠳᠤᠨᠢ ᠴᠤ ᠮᠤᠳᠤᠨ ᠬᠠᠪᠳᠠᠰᠤ ᠲᠡᠪᠢᠰᠴᠤ᠂ ᠬᠦᠮᠤᠰ ᠢ ᠵᠦᠪᠬᠡᠨ | ᠡᠨᠡᠡᠭᠦᠳᠡ ᠪᠠᠷ ᠯᠡ ᠶᠠᠪᠤᠭᠤᠯᠬᠤ ᠨᠢ ᠤᠨ ᠤᠳᠠᠬᠰᠠᠨ ᠪᠠᠭᠤᠷᠢ ᠶᠢᠨ ᠢᠶᠠᠨ ᠤᠯᠠᠨ ᠤ ᠬᠦᠯ ᠲᠡᠪᠵᠢᠶᠡᠨ ᠳᠤ | ᠲᠠᠯᠬᠢᠬᠳᠠᠬᠤ ᠠᠴᠠ ᠪᠤᠯᠭᠤᠮᠵᠢᠯᠠᠬᠰᠠᠨ ᠪᠠᠶᠢᠪᠠ᠃ᠤᠯᠠᠩᠬᠢ ᠬᠦᠮᠤᠰ ᠶᠡᠭᠡ ᠠᠮᠤᠭᠤᠯᠠᠩ ᠬᠠᠷᠰᠢ ᠶᠢᠨ ᠪᠠᠭᠤᠷᠢ | ᠲᠡᠭᠡᠷ᠎ᠡ ᠤᠳᠠᠳᠠᠯ᠎ᠠ ᠵᠤᠬᠰᠤᠵᠤ᠂ ᠲᠠᠶᠢᠯᠪᠤᠷᠢᠯᠠᠬᠴᠢ ᠶᠢᠨ ᠶᠠᠷᠢᠬᠤ ᠶᠢ ᠰᠤᠨᠤᠰᠬᠤ ᠵᠢᠨᠲ᠋ᠠᠭᠠᠤ᠂ ᠡᠯᠡᠷ ᠪᠠᠯᠡᠷ ᠡᠷᠬᠢᠨ | ᠲᠤᠭᠤᠷᠢᠨ᠂ᠡᠪᠳᠡᠷᠡᠵᠤ ᠪᠤᠷᠤᠯᠠᠬᠰᠠᠨᠤᠷᠳᠤ ᠬᠡᠷᠡᠮ ᠬᠦᠷᠢᠶ᠎ᠡ ᠶᠢ ᠮᠡᠯᠡᠷᠡᠨ ᠬᠠᠷᠠᠬᠤ ᠳᠠᠭᠠᠨ ᠦᠪᠡᠷ ᠤᠨ ᠡᠷᠭᠡ ᠦᠭᠡᠢ | ᠦᠭᠡ ᠲᠠᠭᠤᠨ ᠦᠭᠡᠢ ᠪᠤᠯᠵᠤ᠂ ᠲᠡᠭᠡᠳᠤ ᠨᠡᠶᠢᠰᠯᠠᠯ ᠣᠨᠲ᠋ᠤᠬᠠᠢ ᠲᠡᠤᠭᠡᠨ ᠪᠤᠳᠤᠯᠭᠠᠰᠢᠷᠠᠯ ᠳᠤ ᠲᠠᠳᠠᠬᠳᠠᠨᠤᠷᠤᠳᠠᠭ | ᠪᠢᠯᠡ᠃ | ᠪᠢ ᠱᠠᠩᠳᠤ ᠨᠠᠶᠢᠰᠯᠠᠯ ᠤᠨ ᠪᠠᠭᠤᠷᠢ ᠶᠢ ᠬᠠᠮᠤᠭ ᠠᠩᠬᠠᠨ ᠳᠠᠭᠠᠨ ᠬᠤᠰᠢᠭᠤ ᠨᠠᠶᠢᠷ ᠲᠤ ᠶᠠᠪᠤᠬᠤ ᠳᠠᠭᠠᠨ | ᠦᠵᠡᠵᠤ ᠪᠢᠯᠡ᠃ ᠲᠡᠭᠡᠷ᠎ᠡ ᠵᠠᠭᠤᠨ ᠤ ᠲᠠᠯᠠᠭᠠᠳ ᠤᠨ ᠤ ᠦᠶ᠎ᠡ ᠳᠤ ᠯᠡ ᠶᠤᠮ᠂ ᠰᠢᠯᠤᠭᠤᠨ ᠬᠦᠭᠡ ᠬᠤᠰᠢᠭᠤᠨ ᠤ | ᠲᠦᠪ ᠱᠠᠩᠳᠤ ᠪᠠᠯᠭᠠᠰᠤ ︵ᠤᠤᠯ ᠳᠠᠭᠠᠨ ᠲᠤᠮᠳᠠᠬᠤᠳᠠ ᠭᠡᠵᠤ ᠪᠠᠶᠢᠵᠠᠢ︶ ᠳᠤ ᠬᠤᠰᠢᠭᠤᠨ ᠨᠠᠶᠢᠷ ᠭᠠᠷᠬᠤ ᠳᠤ | ᠮᠠᠯᠴᠢᠳ ᠴᠦᠮ ᠦᠭᠡᠷ ᠲᠡᠷᠭᠡ ᠪᠠᠨ ᠬᠦᠯᠤᠭᠡᠳ ᠯᠡ ᠤᠴᠢᠵᠤ ᠦᠵᠡᠳᠡᠭ ᠃ ᠮᠠᠨ ᠤ ᠵᠤᠰᠠᠭᠠᠯ ᠶᠠᠭ ᠱᠠᠩᠳᠤ | ᠨᠡᠶᠢᠰᠯᠡᠯ ᠤᠨ ᠠᠷᠤ ᠳᠠᠬᠢ ᠬᠤᠷᠠᠬᠤ ᠶᠢᠨ ᠠᠭᠤᠯᠠ ᠶᠢᠨ ᠬᠤᠶᠢᠭᠤᠷᠬᠢ ᠪᠦᠷᠢᠳᠤ ᠮᠠᠩᠬᠠᠨ ᠳᠤ ᠪᠠᠶᠢᠳᠠᠭ ᠲᠤᠯᠠ᠂ | ᠬᠤᠰᠢᠭᠤᠨ ᠲᠦᠪ ᠲᠤ ᠬᠦᠷᠬᠦ ᠳᠤ ᠭᠡᠶᠢᠪᠤᠡᠭ ᠭᠤᠤᠯ ᠢ ᠭᠠᠳᠤᠯᠤᠨ ᠱᠠᠩᠳᠤ ᠶᠢᠨ ᠪᠠᠭᠤᠷᠢ ᠶᠢᠨ ᠨᠤᠷᠠᠩᠬᠠᠢ ᠬᠡᠷᠡᠮ | ᠤᠨ ᠬᠢᠨᠢ ᠲᠤᠳᠤᠭᠤᠷ ᠦᠭᠡᠷ ᠲᠡᠷᠭᠡ ᠪᠠᠷ ᠵᠢᠳᠬᠦᠬᠦᠯᠦᠨ ᠭᠠᠷᠬᠤ ᠳᠠᠭᠠᠨ ︽ᠵᠠᠭᠤᠨ ᠨᠠᠢᠮᠨᠨ ᠰᠦᠮ᠎ᠡ︾ ︵ᠪᠠᠰᠠ | ᠬᠦᠷᠳᠤᠨ ᠪᠠᠯᠭᠠᠰᠤ ᠭᠡᠳᠡᠭ ︶ ᠭᠡᠵᠤ ᠭᠡᠯᠡᠳᠡᠭ ᠢ ᠨᠢ ᠮᠡᠳᠡᠳᠡᠭ ᠠᠴᠠ ᠪᠢᠰᠢ᠂ ᠡᠬᠡ ᠮᠤᠩᠭᠤᠯ ᠤᠨ ᠭᠤᠯᠤᠮᠳᠠ | ᠲᠦᠷᠤ ᠲᠤᠬᠳᠠᠨᠢᠬᠰᠠᠨ ᠲᠠᠷᠬᠠᠨ ᠭᠠᠵᠠᠷ ᠪᠠᠶᠢᠬᠰᠠᠨ ᠭᠡᠳᠡᠭ ᠢ ᠮᠡᠳᠡᠳᠡᠭ ᠨᠢ ᠴᠦᠭᠡᠨ ᠪᠠᠶᠢᠬᠰᠠᠨ ᠶᠤᠮ᠃ ︽ | ᠵᠠᠭᠤᠨ ᠨᠠᠢᠮᠨᠨ ᠰᠦᠮ᠎ᠡ︾ ᠭᠡᠳᠡᠭ ᠢ ᠬᠤᠶᠡᠷ ᠶᠠᠩᠵᠤ ᠪᠠᠷ ᠲᠠᠶᠢᠯᠪᠤᠷᠢᠯᠠᠵᠤ ᠪᠤᠢ᠂ ᠨᠢᠭᠡ ᠨᠢ ᠵᠠᠭᠤ ᠭᠡᠳᠡᠭ ᠨᠢ | ᠬᠢᠳᠡᠳ ᠦᠭᠡ ᠶᠢᠨ ᠵᠤᠤ ᠰᠦᠮ᠎ᠡ ᠶᠢᠨ ᠵᠤᠤ ᠭᠡᠵᠠᠢ᠂ ᠢᠡᠭᠬᠢᠪᠡᠯ ᠨᠠᠢᠮᠠᠨ ᠰᠦᠮ᠎ᠠ ᠯᠡ ᠪᠠᠶᠢᠬᠰᠠᠨ ᠶᠤᠮ ᠪᠠᠶᠢᠨ᠎ᠠ ︔ | ᠨᠦᠭᠦᠭᠡ ᠨᠢ ᠲᠤᠬᠠᠢ ᠶᠢᠨ ᠦᠶ᠎ᠡ ᠶᠢᠨ ᠡᠭᠦᠳᠡ ᠪᠠᠨ ᠲᠤᠭᠤᠷᠢᠭᠠᠳ 108 ᠴᠠᠶᠢᠵᠠ ᠲᠠᠢ᠂ ᠴᠠᠶᠢᠵᠠ ᠪᠦᠷᠢ ᠳᠤ | ᠨᠢᠭᠡ ᠰᠤᠮᠤ ᠴᠡᠷᠢᠭ ᠪᠠᠶᠢᠬᠰᠠᠨ ᠲᠤᠯᠠ ᠲᠡᠭᠡᠵᠤ ᠨᠡᠷᠡᠯᠡᠵᠡᠢ ᠭᠡᠰᠡᠨ ᠪᠠᠶᠢᠨ᠎ᠠ᠃ ︽ ᠶᠤᠸᠠᠨ ᠤᠯᠤᠰ ᠤᠨ ᠰᠤᠳᠤᠷ︾ | ᠲᠤ ᠲᠡᠮᠳᠡᠭᠯᠡᠭᠰᠠᠨ ᠢ ᠦᠵᠡᠪᠡᠯ᠂ ᠶᠤᠸᠠᠨ ᠤᠯᠤᠰ ᠲᠤ ᠨᠡᠷᠡᠳᠡᠢ ᠰᠦᠮ᠎ᠠ ᠭᠡᠶᠢᠳ 167 ᠪᠠᠶᠢᠬᠰᠠᠨ ᠭᠡᠵᠡᠢ᠂ | ᠢᠡᠭᠬᠢᠪᠠᠯ ᠱᠠᠩᠳᠤ ᠳᠤ ᠦᠨᠡᠭᠡᠷ ᠵᠠᠭᠤ ᠨᠠᠢᠮᠠᠨ ᠰᠦᠮ᠎ᠡ ᠪᠠᠶᠢᠵᠤ᠂ ᠡᠨᠡᠬᠦ ᠬᠠᠭᠤᠴᠢᠨ ᠲᠠᠭᠤᠳᠠᠯᠭ᠎ᠠ ᠨᠢ ᠦᠨᠡᠨ | ᠪᠠᠶᠢᠵᠤ ᠴᠤ ᠲᠠᠭᠠᠷᠠᠬᠤ ᠶᠤᠮ᠃ ᠭᠡᠬᠦ ᠳᠡᠭᠡᠨ ᠤᠳᠤᠬᠠᠨ ᠤ ᠵᠠᠯᠠᠭᠤᠴᠤᠳ ᠤᠨ ᠲᠤᠮᠳᠠ ᠬᠠᠷᠢᠨ ︽ᠵᠠᠭᠤᠨ ᠨᠠᠢᠮᠨᠨ | ᠰᠦᠮ᠎ᠡ︾ ᠭᠡᠬᠦ ᠶᠢ ᠮᠡᠳᠡᠬᠦ ᠨᠢ ᠴᠦᠭᠡᠨ ᠪᠤᠯᠵᠠᠢ᠃ ᠲᠡᠷᠡ ᠦᠶ᠎ᠡ ᠶᠢᠨ ᠠᠯᠳᠠᠩᠬᠸ᠎ᠠ ᠴᠡᠴᠡᠭ ᠤᠨ ᠰᠢᠷ᠎ᠠ ᠲᠠᠯ᠎ᠠ | ᠤᠳᠤ ᠶᠢᠨ ᠬᠢ ᠰᠢᠭ ᠲᠡᠨᠳᠡ ᠠᠳᠡ ᠲᠡᠯᠭᠡᠷᠡᠭᠰᠡᠨ ᠲᠡᠳᠤᠢ ᠪᠢᠰᠢ᠂ ᠲᠠᠯ᠎ᠠ ᠬᠦᠨᠳᠡᠢ ᠶᠢ ᠦᠪᠴᠢ ᠪᠦᠷᠭᠦᠭᠡᠳ | ᠲᠡᠯᠡᠬᠡᠢ ᠶᠢᠷᠳᠢᠨᠴᠤ ᠲᠤᠷᠭ᠎ᠠ ᠨᠦᠮᠤᠷᠢᠭ᠍ᠰᠡᠨ ᠰᠢᠭ ᠮᠢᠷᠠᠯᠵᠠᠨ ᠬᠠᠷᠠᠬᠳᠠᠳᠠᠭ ᠲᠤᠯᠠ ᠵᠦᠪᠬᠡᠨ ᠭᠠᠶᠢᠬᠠᠨ ᠪᠠᠭ᠋ᠠᠳᠤᠭᠠᠳ | ᠯᠡ ᠦᠡᠭᠭᠡᠷᠡᠳᠡᠭ ᠪᠠᠶᠢᠪᠠ᠃ | ᠠᠰᠠᠷ ᠪᠠᠷᠢᠯᠭ᠎ᠠ ᠶᠢᠨ ᠪᠡᠷ᠎ᠡ ᠰᠡᠭᠦᠳᠡᠷ ᠦᠭᠡᠢ᠂ ᠠᠮᠢᠳᠠᠨ ᠬᠦᠮᠤᠨ ᠤ ᠬᠦᠯ ᠲᠡᠪᠵᠢᠶᠡᠨ ᠦᠭᠡᠢ ᠱᠠᠩᠳᠤ ᠶᠢᠨ | ᠪᠠᠭᠤᠷᠢ ᠮᠢᠨᠢ ᠶᠠᠭᠤ ᠪᠠᠷ ᠢᠶᠠᠨ ᠲᠡᠯᠡᠬᠡᠢ ᠶᠢᠨ ᠰᠤᠶᠤᠯ ᠤᠨ ᠦᠪ ᠲᠤ ᠲᠦᠷᠬᠦ ᠪᠠᠨ ᠲᠠᠨᠢᠭᠤᠯᠵᠤ᠂ ᠲᠦᠮᠡᠨ ᠤ | ᠬᠠᠷᠠᠭ᠎ᠠ ᠶᠢ ᠬᠤᠵᠢᠷᠯᠠᠬᠰᠠᠨ ᠪᠢᠯᠡ ᠭᠡᠬᠦ ᠪᠤᠳᠤᠯ ᠴᠢᠮᠡᠭᠡ ᠦᠭᠡᠢ ᠵᠤᠬᠰᠤᠬᠰᠠᠨ ᠮᠢᠨᠤ ᠴᠡᠭᠡᠵᠢ ᠰᠡᠳᠬᠢᠯ ᠢ ᠲᠦᠯᠬᠢᠨ | ᠤᠷᠤᠵᠤ ᠢᠷᠡᠪᠡ᠃ ᠢᠡᠭᠬᠢᠭᠡᠳ ᠯᠡ ᠡᠪᠦᠭᠡ ᠲᠡᠭᠡᠳᠤᠰ ᠤᠨ ᠢᠶᠠᠨ ᠡᠭᠦᠳᠤᠨ ᠪᠦᠳᠤᠭᠡᠭᠰᠡᠨ ᠦᠪ ᠰᠤᠶᠤᠯ ᠤᠨ | ᠦᠨ᠎ᠡ ᠴᠡᠨ᠎ᠡ᠂ ᠦᠡᠭᠭᠡ ᠭᠡᠷᠡᠯ ᠪᠠ ᠡᠮᠵᠡᠭ ᠲᠡᠤᠭᠡ ᠶᠢᠨ ᠬᠢᠨᠢ ᠲᠤᠬᠠᠢ ᠦᠪᠡᠷ ᠤᠨ ᠡᠷᠭᠡ ᠦᠭᠡᠢ ᠦᠵᠤᠭ᠌ | ᠲᠦᠷᠤᠵᠤ ᠪᠢᠯᠡ᠃ | ᠬᠤᠶᠡᠷ | ᠱᠠᠩᠳᠤ ᠨᠡᠶᠢᠰᠯᠡᠯ ᠰᠢᠳᠠᠬᠳᠠᠵᠤ ᠡᠪᠳᠡᠭᠳᠡᠭᠡᠳ ᠬᠡᠴᠢᠨᠡᠭᠡᠨ ᠵᠠᠭᠤᠨ ᠵᠢᠯ ᠪᠤᠯᠤᠬᠰᠠᠨ ᠴᠤ ᠶᠠᠭ ᠯᠡ ᠰᠠᠶ᠋ᠢᠬᠠᠨ | ᠨᠡᠭᠦᠭᠡᠳ ᠶᠠᠪᠤᠬᠰᠠᠨ ᠮᠤᠩᠭᠤᠯ ᠭᠡᠷ ᠤᠨ ᠪᠠᠭᠤᠴᠠ ᠰᠢᠭ᠋ ᠬᠦᠨᠳᠡᠭᠳᠠᠵᠤ ᠡᠪᠳᠡᠭᠳᠡᠭᠡ ᠦᠭᠡᠢ ᠪᠠᠶᠢᠬᠰᠠᠨ ᠢᠶᠠᠷ ᠢᠶᠠᠨ | ᠯᠡ ᠬᠠᠭᠤᠴᠢ ᠮᠠᠯᠳᠠᠯᠭ᠎ᠠ ᠳᠤ ᠬᠠᠨᠤᠮᠵᠢᠳᠠᠢ ᠳ᠋ᠦᠡᠭ ᠦᠭᠴᠤ᠂ ᠲᠦᠷᠭᠦ ᠪᠠᠶᠢᠳᠠᠯ ᠨᠢ ᠡᠷᠳᠡᠨ ᠤ ᠪᠢᠴᠢᠭ ᠰᠤᠳᠤᠷ | ᠤᠨ ᠲᠡᠮᠳᠡᠭᠯᠡᠯ ᠳᠤ ᠪᠦᠷᠢᠨ ᠨᠡᠶᠢᠴᠡᠭᠰᠡᠨ ᠢᠶᠠᠷ ᠢᠶᠠᠨ ᠰᠤᠶᠤᠯ ᠤᠨ ᠦᠪ ᠣᠨᠰᠠᠭᠤᠳᠠᠯ ᠳᠤ ᠰᠢᠭᠤᠳ ᠰᠠᠭᠠᠳᠠᠬᠰᠠᠨ | ᠪᠠᠶᠢᠵᠠᠢ᠃ ᠬᠡᠷᠪᠡ ᠲᠡᠩ ᠤᠯᠤᠰ ᠤᠨ ᠯᠦᠸᠧᠶᠠᠩ ᠬᠤᠳᠠ᠂ ᠰᠦᠡᠭ ᠤᠯᠤᠰ ᠤᠨ ᠪᠢᠶᠠᠠᠯᠢᠶᠠᠩ ᠬᠤᠳᠠ | ᠨᠤᠭᠤᠳᠰᠢᠭ᠋ ᠲᠡᠤᠭᠡ ᠶᠢᠨ ᠬᠠᠶᠢᠷ᠎ᠠ ᠨᠠᠶᠢᠷ ᠦᠭᠡᠢ ᠤᠯᠠᠷᠢᠯ ᠬᠤᠪᠢᠷᠡᠯ ᠳᠤ ᠪᠠᠭᠤᠷᠢ ᠵᠢᠨᠭᠤᠤᠯ ᠭᠡᠰᠡᠭ ᠨᠢ ᠦᠭᠡᠷ᠎ᠡ | ᠠᠰᠠᠷ ᠪᠠᠷᠢᠯᠭ᠎ᠠ ᠳᠤ ᠡᠵᠡᠯᠡᠭᠳᠡᠨ ᠰᠦᠢᠳᠤᠭ᠍ᠰᠡᠨ ᠪᠤᠯ ᠲᠠᠯᠠᠬᠡᠢ ᠶᠢᠨ ᠰᠤᠶᠤᠯ ᠤᠨ ᠦᠪ ᠲᠤ ᠤᠷᠤᠬᠤ ᠪᠠᠶᠢᠳᠤᠭᠠᠢ᠂ | ᠱᠠᠩᠳᠤ ᠶᠢᠨ ᠲᠡᠤᠭᠡ ᠪᠠᠨ ᠮᠡᠳᠡᠬᠦ ᠦᠭᠡᠢ ᠰᠢᠪᠡᠷᠳᠡᠬᠤ ᠬᠦᠮᠤᠨ ᠴᠤ ᠤᠯᠠᠨ ᠭᠠᠷᠬᠤ ᠶᠤᠮ᠃ | ᠬᠠᠭᠤᠴᠢ ᠰᠤᠳᠤᠯᠤᠯ ᠤᠨ ᠡᠷᠳᠡᠮᠳᠡᠳ ᠠᠴᠠ ︽ ᠶᠤᠸᠠᠨ ᠤ ᠲᠡᠭᠡᠳᠤ ᠨᠡᠶᠢᠰᠯᠡᠯ ᠨᠢ ᠶᠤᠸᠠᠨ ᠤᠯᠤᠰ ᠤᠨ | ᠬᠠᠭᠠᠰ ᠲᠡᠤᠭᠡ ᠶᠢ ᠪᠢᠴᠢᠭᠯᠡᠵᠤ ᠪᠤᠢ︾ ᠭᠡᠵᠤ ᠦᠵᠡᠭᠰᠡᠨ ᠪᠠᠶᠢᠳᠠᠭ᠃ ᠦᠨᠡᠨᠳᠡᠭᠡᠨ ᠴᠤ ᠱᠠᠩᠳᠤ ᠶᠢ | ᠪᠠᠶᠢᠭᠤᠯᠤᠬᠰᠠᠨ ᠠᠴᠠ ᠠᠪᠤᠭᠠᠳ ᠰᠢᠳᠠᠬᠳᠠᠵᠤ ᠲᠠᠭᠤᠰᠤᠬᠰᠠᠨ ᠬᠦᠷᠳᠡᠯᠡᠬᠢ ᠴᠠᠭ ᠦᠶ᠎ᠡ ᠨᠢ ᠶᠤᠸᠠᠨ ᠤᠯᠤᠰ ᠤᠨ | ᠭᠤᠤᠯ ᠲᠡᠤᠭᠡ ᠪᠠᠶᠢᠵᠤ᠂ ᠶᠡᠭᠡ ᠬᠡᠷᠡᠭ ᠶᠡᠪᠤᠳᠠᠯ ᠨᠢ ᠴᠤ ᠠᠳᠡ ᠠᠴᠠ ᠡᠭᠦᠰᠴᠤ ᠤᠷᠭᠤᠬᠰᠠᠨ ᠪᠠᠶᠢᠳᠠᠭ᠃ | ᠡᠵᠡᠨ ᠪᠤᠬᠳᠡ ᠴᠢᠩᠬᠢᠰ ᠬᠠᠭᠠᠨ ᠤ ᠤᠮᠪᠤᠯ ᠬᠤᠪᠢᠯᠠᠢ 1251 ᠤᠨ ᠳᠤ ᠮᠦᠡᠭᠭᠡ ᠬᠠᠭᠠᠨ ᠤ ᠵᠠᠷᠯᠢᠭ ᠢ | ᠬᠦᠯᠢᠶᠡᠵᠤ᠂ ᠲᠤᠷᠤᠨ᠎ᠡ ᠵᠦᠭ ᠤᠨ ᠶᠡᠷᠤᠩᠬᠡᠢ ᠵᠠᠬᠢᠷᠤᠬᠴᠢ ᠪᠠᠷ ᠲᠤᠮᠢᠯᠠᠬᠳᠠᠨ ︽ᠭᠤᠪᠢ ᠶᠢᠨ ᠡᠮᠤᠨᠡᠬᠢ ᠬᠢᠲᠠᠳ | ᠭᠠᠵᠡᠷ ᠤᠨ ᠴᠡᠷᠢᠭ ᠬᠤᠶᠠᠭ᠂ ᠤᠯᠤᠰ ᠭᠦᠷᠤᠨ ᠤ ᠡᠯ᠎ᠡ ᠬᠡᠷᠡᠭ︾ ᠢ ᠡᠷᠬᠢᠯᠡᠨ ᠬᠠᠮᠢᠶᠠᠷᠬᠤ ᠪᠤᠯᠪᠠ᠃ ᠬᠤᠪᠢᠯᠠᠢ | ᠲᠡᠷᠡ ᠦᠶ᠎ᠡ ᠠᠴᠠ ᠠᠪᠤᠭᠠᠳ ᠭᠤᠪᠢ ᠶᠢᠨ ᠡᠮᠤᠨᠡᠬᠢ ᠭᠠᠵᠠᠷ ᠢᠶᠠᠷ ᠰᠠᠭᠤᠷᠢᠨ ᠪᠤᠯᠭᠠᠵᠤ᠂ ᠬᠢᠲᠠᠳ ᠦᠨᠳᠤᠰᠤᠳᠡᠨ | ᠬᠢᠭᠡᠳ ᠪᠤᠰᠤᠳ ᠦᠨᠳᠤᠰᠤᠳᠡᠨ ᠤ ᠢᠵᠡᠭᠤᠷᠳᠠᠳ ᠲᠠᠢ ᠬᠤᠯᠪᠤᠭ᠎ᠠ ᠬᠠᠷᠢᠴᠠᠭ᠎ᠠ ᠪᠠᠨ ᠴᠢᠩᠭᠠᠳᠬᠠᠬᠤ ᠳᠠᠭᠠᠨ᠂ | ᠭᠤᠪᠢ ᠶᠢᠨ ᠠᠷᠤ ᠦᠪᠤᠷ᠂ ᠴᠠᠭᠠᠨ ᠬᠡᠷᠡᠮ ᠤᠨ ᠲᠤᠳᠤᠨ᠎ᠠ ᠭᠠᠳᠠᠨᠠᠬᠢ ᠪᠡ ᠮᠤᠩᠭᠤᠯ ᠤᠨ ᠵᠡᠭᠦᠨ ᠪᠠᠷᠠᠭᠤᠨ ᠢ | ᠬᠤᠯᠪᠤᠬᠰᠠᠨ ᠪᠤᠭᠤᠮᠳᠠ ᠭᠠᠵᠠᠷ — ᠱᠠᠩᠳᠤ ᠶᠢᠨ ᠰᠢᠷ᠎ᠠ ᠲᠠᠯ᠎ᠠ ᠲᠡᠭᠡᠷ᠎ᠡ ᠨᠡᠭᠦᠳᠡᠯ ᠤᠷᠳᠤᠨ ᠢᠶᠠᠨ | ᠪᠠᠶᠢᠭᠤᠯᠬᠤ ᠪᠠᠷ ᠮᠦᠩᠭᠡ ᠬᠠᠭᠠᠨ ᠠᠴᠠ ᠵᠦᠪᠰᠢᠶᠠᠷᠠᠯ ᠠᠪᠤᠬᠰᠠᠨ ᠪᠠᠶᠢᠵᠠᠢ ᠃ ᠢᠡᠭᠬᠢᠭᠡᠳ 1256 ᠤᠨ ᠠᠴᠠ | 1260 ᠤᠨ ᠬᠦᠷᠳᠡᠯᠡᠬᠢ ᠭᠤᠷᠪᠠᠨ ᠵᠢᠯ ᠤᠨ ᠬᠤᠭᠤᠴᠠᠭ᠎ᠠ ᠶᠢ ᠬᠡᠷᠡᠭᠯᠡᠨ᠂ ᠡᠨᠡᠬᠦ ᠠᠭᠤᠯᠠ ᠤᠰᠤ ᠦᠵᠡᠰᠭᠦᠯᠡᠩ | ᠰᠠᠶᠢᠬᠠᠨ᠂ ᠡᠪᠡᠰᠤ ᠪᠡᠯᠴᠢᠭᠡᠷ ᠦᠳᠭᠡᠨ ᠰᠠᠬᠤᠯᠢᠭ᠂ ᠤᠢ ᠮᠤᠳᠤ ᠢᠭᠴᠤ ᠪᠢᠳᠡᠭᠦᠤ᠂ ᠠᠭᠤᠷ ᠠᠮᠢᠰᠬᠤᠯ | ᠡᠶᠡᠷᠪᠡᠭᠦᠤ ᠰᠠᠶᠢᠬᠠᠨ ᠬᠤᠷᠠᠬᠤ ᠶᠢᠨ ᠠᠭᠤᠯᠠ ᠶᠢᠨ ᠡᠩᠭᠡᠷ ᠲᠤ ᠰᠠᠭᠤᠴᠠ ᠪᠠᠶᠢᠷᠢ ᠪᠠᠨ ᠲᠤᠬᠳᠠᠭᠠᠨ ᠰᠠᠭᠤᠷᠢᠨ | ᠤᠷᠳᠤᠨ ᠪᠠᠶᠢᠭᠤᠯᠵᠤ᠂ ᠭᠡᠶᠢᠪᠤᠡᠭ ᠭᠤᠤᠯ ᠤᠨ ᠤᠶᠢᠷ᠎ᠡ ᠤᠴᠢᠷ ᠭᠡᠶᠢᠪᠤᠡᠭ ᠤᠷᠳᠤᠨ ᠭᠡᠮᠡᠵᠡᠢ᠃ 1260 ᠤᠨ ᠳᠤ | ᠬᠤᠪᠢᠯᠠᠢ ᠭᠡᠶᠢᠪᠤᠡᠭ ᠤᠷᠳᠤᠨ ᠳᠤ ᠬᠠᠭᠠᠨ ᠤᠷᠤ ᠵᠠᠯᠭᠠᠮᠵᠢᠯᠠᠵᠤ᠂ 1264 ᠤᠨ ᠳᠤ ᠭᠡᠶᠢᠪᠤᠡᠭ ᠤᠷᠳᠤᠨ ᠢ | ᠲᠡᠭᠡᠳᠤ ᠨᠡᠶᠢᠰᠯᠠᠯ ᠡᠷᠭᠦᠮᠵᠢᠯᠡᠭᠰᠡᠨ ᠪᠠᠶᠢᠨ᠎ᠠ᠃ ᠲᠡᠭᠡᠳᠤ ᠨᠡᠶᠢᠰᠯᠡᠯ ᠢ ᠬᠢᠳᠡᠳ ᠢᠶᠠᠷ ᠱᠠᠩ ᠳ᠋ᠦ᠋ ᠭᠡᠬᠦ ᠲᠤᠯᠠ | ᠮᠤᠩᠭᠤᠯᠵᠢᠭᠤ ᠲᠠᠭᠤᠳᠠᠯᠭ᠎ᠠ ᠪᠤᠯᠵᠤ᠂ ᠱᠠᠩᠳᠤ ᠬᠡᠮᠡᠨ ᠲᠠᠭᠤᠳᠠᠵᠤ ᠡᠳᠤᠭᠡ ᠳᠤ ᠬᠦᠷᠴᠤ ᠪᠠᠶᠢᠭ᠎ᠠ ᠠᠵᠢ᠃ | ᠬᠤᠪᠢᠯᠠᠢ ᠬᠠᠭᠠᠨ ᠠᠷᠪᠠ ᠰᠢᠬᠠᠮ ᠵᠢᠯ ᠤᠨ ᠲᠠᠶᠢᠨ ᠪᠠᠶᠢᠯᠳᠤᠭᠠᠨ ᠳᠠᠭᠠᠨ ᠪᠤᠭᠤᠨᠢ ᠵᠢᠯᠤᠭᠤ ᠪᠤᠰᠤᠭ᠎ᠠ ᠲᠦᠷᠤᠭᠡ ᠪᠠᠷ | ᠰᠤᠨᠤᠭᠠᠵᠤ᠂ ᠤᠷᠤᠰᠬᠠᠯ ᠰᠢᠷᠤᠭᠦᠨ ᠭᠤᠤᠯ ᠮᠦᠷᠡᠨ ᠢ ᠠᠷᠠᠰᠤᠨ ᠲᠤᠯᠤᠮ ᠮᠤᠳᠤᠨ ᠤᠡᠭᠭᠤᠴᠠ ᠪᠠᠷ ᠭᠡᠳᠤᠯᠤᠨ᠂ | ᠮᠤᠩᠭᠤᠯ ᠤᠨ ᠡᠯ᠎ᠠ ᠤᠪᠤᠭ ᠠᠶᠢᠮᠠᠭ ᠢ ᠨᠢᠭᠡ ᠵᠢᠯᠤᠭᠤᠨ ᠳᠤ ᠵᠠᠯᠠᠵᠤ᠂ ᠡᠮᠤᠨᠡᠰᠢ ᠬᠢᠳᠠᠳ ᠤᠷᠤᠨ ᠤ ᠡᠯ᠎ᠡ ᠮᠤᠵᠢ | ᠬᠤᠳᠠ ᠵᠡᠷᠭᠡ ᠶᠢ ᠡᠵᠡᠮᠰᠢᠨ ᠲᠠᠭᠠᠭᠤᠯᠵᠤ᠂ ᠲᠡᠯᠡᠬᠡᠢ ᠲᠡᠭᠡᠷᠡᠬᠢ ᠭᠠᠵᠠᠷ ᠨᠤᠳᠤᠭ ᠢᠶᠠᠷ ᠬᠠᠮᠤᠭ ᠤᠨ ᠲᠤᠮᠤ ︽ | ᠶᠡᠭᠡ ᠶᠤᠸᠠᠨ ᠤᠯᠤᠰ︾ ᠢ ᠪᠠᠶᠢᠭᠤᠯᠵᠤ᠂ 1272 ᠤᠨ ᠳᠤ ᠵᠦᠡᠭᠳᠤ ᠶᠢ ᠶᠡᠭᠡ ᠨᠡᠶᠢᠰᠯᠠᠯ ᠲᠠᠶᠢᠳᠤ ︵ᠪᠡᠭᠡᠵᠢᠩ︶ | ᠬᠡᠮᠡᠨ ᠬᠠᠯᠠᠵᠤ᠂ ᠬᠤᠶᠠᠷ ᠨᠠᠶᠢᠰᠯᠠᠯ ᠤᠨ ᠲᠦᠷᠢᠮ ᠢ ᠬᠡᠷᠡᠭᠵᠢᠭᠦᠯᠵᠤ ᠪᠢᠯᠡ᠃ ᠲᠡᠭᠦᠨ ᠠᠴᠠ ᠬᠤᠶᠢᠰᠢ ᠶᠤᠸᠠᠨ | ᠤᠯᠤᠰ ᠤᠨ ᠬᠠᠭᠠᠳ ᠲᠠᠶᠢᠳᠤ ᠶᠢ ᠡᠪᠤᠯᠵᠢᠶ᠎ᠡ ᠭᠡᠵᠤ᠂ ᠱᠠᠩᠳᠤ ᠶᠢ ᠵᠤᠰᠯᠠᠩ ᠪᠤᠯᠭᠠᠵᠤ᠂ ᠵᠢᠯ ᠪᠦᠷᠢ ᠶᠢᠨ ᠭᠤᠷᠪᠠᠨ | ᠰᠠᠷ᠎ᠠ ᠳᠤ ᠱᠠᠩᠳᠤ ᠳᠤ ᠢᠷᠡᠵᠤ ᠵᠤᠰᠠᠭᠠᠳ᠂ ᠲᠦᠷᠤ ᠭᠦᠷᠤᠨ ᠢ ᠵᠠᠰᠠᠬᠤ ᠲᠦᠮᠡᠨ ᠶᠠᠪᠤᠳᠠᠯ ᠢᠶᠠᠨ ᠡᠷᠬᠢᠯᠡᠳᠡᠭ | ᠪᠠᠶᠢᠪᠠ᠃ | ᠱᠠᠩᠳᠤ ᠬᠤᠳᠠ ᠶᠢᠨ ᠲᠤᠬᠠᠢ ᠵᠢᠨᠦᠶᠡ ᠶᠢᠨ ᠪᠠᠶᠢᠳᠠᠯ ᠲᠦᠷᠬᠦ ᠶᠢ ᠪᠢᠳᠡ ᠭᠠᠳᠠᠭᠠᠳᠤ ᠲᠤᠳᠤᠭᠠᠳᠤ ᠶᠢᠨ | ᠡᠷᠲᠡᠨ ᠤ ᠨᠡᠷᠡᠳᠤ ᠬᠦᠮᠤᠰ ᠤᠨ ᠪᠡᠶ᠎ᠡ ᠪᠠᠷ ᠢᠶᠠᠨ ᠦᠵᠡᠵᠤ ᠪᠢᠷ ᠢᠶᠠᠷ ᠢᠶᠠᠨ ᠪᠢᠴᠢᠭᠰᠡᠨ ᠪᠤᠳᠠᠳᠤ ᠲᠡᠮᠳᠡᠭᠯᠡᠯ ᠵᠡᠷᠭᠡ | ᠠᠴᠠ ᠮᠦᠷ ᠬᠠᠶᠢᠵᠤ ᠪᠤᠯᠤᠨ᠎ᠠ᠃ 1273 ᠤᠨ ᠳᠤ ᠢᠲ᠋ᠠᠯᠢ ᠶᠢᠨ ᠠᠯᠳᠠᠷᠳᠤ ᠵᠢᠭᠤᠯᠴᠢᠨ ᠮᠡᠷᠺᠦ · ᠫᠤᠯᠤ | ᠱᠠᠩᠳᠤ ᠳᠤ ᠢᠷᠡᠵᠤ ᠠᠷᠪᠠᠨ ᠵᠢᠷᠭᠤᠭᠠᠨ ᠵᠢᠯ ᠰᠠᠭᠤᠬᠰᠠᠨ ᠮᠦᠷᠳᠡᠭᠡᠨ ᠬᠠᠷᠢᠭᠠᠳ ᠪᠢᠴᠢᠭᠰᠡᠨ ᠪᠦᠬᠦᠶᠢᠯᠡ | ᠡᠸᠦ᠋ᠷᠤᠫᠡ ᠶᠢ ᠰᠤᠴᠢᠭᠠᠨ ᠭᠠᠶᠢᠬᠠᠭᠤᠯᠤᠭᠰᠠᠨ ︽ᠮᠡᠷᠺᠦ· ᠫᠤᠯᠤ ᠶᠢᠨ ᠵᠢᠭᠤᠯᠴᠢᠯᠠᠯ ᠤᠨ ᠲᠡᠮᠳᠡᠭᠯᠡᠯ︾ ᠳᠡᠭᠡᠨ | ᠄ ︽ᠲᠤᠰ ᠬᠤᠳᠠ ᠳᠤ ᠬᠤᠪᠢᠯᠡᠢ ᠬᠠᠭᠠᠨ ᠭᠠᠨᠳᠢᠭ ᠴᠢᠯᠠᠭᠤ ᠬᠢᠭᠡᠳ ᠪᠤᠰᠤᠳ ᠴᠢᠯᠡᠭᠤᠯᠢᠭ ᠢᠶᠠᠷ ᠠᠰᠤᠷᠤ ᠲᠤᠮᠤ | ᠤᠷᠳᠤ ᠬᠠᠷᠰᠢ ᠪᠠᠶᠢᠭᠤᠯᠤᠬᠰᠠᠨ ᠪᠢᠯᠡ᠃ ᠦᠷᠤᠭᠡ ᠲᠠᠩᠬᠢᠮ ᠪᠦᠬᠦᠨ ᠢ ᠠᠯᠳᠠ ᠪᠠᠷ ᠰᠢᠷᠳᠡᠵᠤ᠂ ᠶᠠᠩᠵᠤ | ᠪᠦᠷᠢ ᠶᠢᠨ ᠠᠷᠢᠶᠡᠳᠠᠨ ᠵᠢᠭᠦᠷᠳᠡᠨ᠂ ᠮᠤᠳᠤ ᠴᠡᠴᠡᠭ ᠢ ᠤᠷᠠᠯᠠᠨ ᠵᠢᠷᠤᠵᠤ ᠴᠢᠮᠡᠭᠯᠡᠭᠰᠡᠨ ᠪᠠᠶᠢᠳᠠᠭ᠃ ᠲᠡᠳᠡᠭᠡᠷ ᠨᠢ | ᠦᠨᠡᠭᠡᠷ ᠴᠤ ᠨᠢᠳᠤ ᠡᠷᠢᠶᠡᠯᠵᠡᠮ᠎ᠡ ᠭᠠᠶᠢᠬᠠᠮᠰᠢᠬᠳᠤ ᠰᠠᠶᠢᠬᠠᠨ ᠤᠷᠠᠯᠠᠵᠠᠢ᠃ ᠡᠨᠡᠬᠦ ᠤᠷᠳᠤ ᠬᠠᠷᠰᠢ ᠨᠢ ᠬᠤᠳᠠ ᠶᠢᠨ | ᠲᠦᠪ ᠲᠤ ᠪᠤᠢ᠃ ᠭᠠᠳᠠᠭᠤᠷ ᠨᠢ ᠬᠤᠳᠠ ᠶᠢᠨ ᠬᠡᠷᠡᠮ ᠬᠦᠷᠢᠶᠡᠯᠡᠵᠤ᠂ ᠨᠢᠭᠡᠨ ᠲᠡᠯ᠎ᠠ ᠠᠴᠠ ᠨᠦᠭᠦᠭᠡ ᠲᠠᠯ᠎ᠠ ᠬᠦᠷᠬᠦ | ᠳᠤ ᠶᠠᠳᠠᠬᠤ ᠳᠠᠭᠠᠨ ᠵᠢᠷᠭᠤᠭᠠᠨ ᠮᠢᠯ ᠭᠠᠵᠠᠷ ᠠᠭᠤᠳᠠᠮ ᠪᠠᠶᠢᠳᠠᠭ᠃ ᠲᠤᠳᠤᠷ᠎ᠠ ᠨᠢ ᠤᠯᠠᠨ ᠠᠷᠪᠢᠨ ᠭᠤᠤᠯ | ᠭᠤᠷᠤᠬ᠎ᠠ ᠭᠤᠷᠴᠢᠬᠢᠨᠡᠨ ᠤᠷᠤᠰᠴᠤ᠂ ᠡᠪᠡᠰᠤ ᠪᠡᠯᠴᠢᠭᠡᠷ ᠰᠠᠶᠢᠳᠠᠢ ᠪᠠᠶᠢᠳᠠᠭ ᠁︾ ᠭᠡᠵᠤ ᠪᠠᠭ᠋ᠠᠷᠤᠨ | ᠲᠡᠮᠳᠡᠭᠯᠡᠭᠰᠡᠨ ᠨᠢ ᠱᠠᠩᠳᠤ ᠶᠢ ᠲᠡᠤᠭᠡᠨ ᠦᠨᠡᠨ ᠮᠦᠨ ᠲᠠᠢ ᠨᠢ ᠬᠤᠯᠪᠤᠵᠤ ᠦᠯᠡᠳᠡᠭᠡᠭᠰᠡᠨ ᠦᠨ᠎ᠡ ᠴᠡᠨ᠎ᠡ ᠲᠠᠢ | ᠮᠠᠲ᠋ᠧᠷᠢᠶᠠᠯ ᠪᠤᠯᠤᠬᠰᠠᠨ ᠪᠡᠶᠢᠨ᠎ᠠ᠃ | ᠠᠩᠭ᠍ᠯᠢ ᠶᠢᠨ ᠢᠷᠠᠭᠤ ᠨᠠᠶᠢᠷᠠᠬᠴᠢ ᠺᠤᠯᠷᠢᠵ 1797 ᠤᠨ ᠳᠤ ︽ᠮᠡᠷᠺᠦ ·ᠫᠤᠯᠤ ᠶᠢᠨ ᠵᠢᠭᠤᠯᠴᠢᠯᠠᠯ ᠤᠨ | ᠲᠡᠮᠳᠡᠭᠯᠡᠯ︾ ᠢ ᠤᠡᠭᠰᠢᠵᠤ ᠪᠠᠶᠢᠭᠠᠳ ᠪᠡᠶ᠎ᠡ ᠨᠢ ᠡᠪᠡᠳᠴᠢᠳᠠᠢ ᠪᠠᠶᠢᠬᠰᠠᠨ ᠠᠴᠠ ᠪᠤᠶᠢᠳᠠᠨ ᠰᠠᠨᠳᠠᠯᠢ ᠲᠡᠭᠡᠷ᠎ᠡ ᠪᠠᠨ | ᠲᠤᠭ ᠬᠢᠴᠢᠭᠡᠵᠠᠢ᠃ ᠢᠡᠭᠬᠢᠭᠡᠳ ᠨᠤᠮ ᠤᠡᠭᠰᠢᠬᠰᠠᠨ ᠢᠶᠠᠨ ᠦᠷᠭᠦᠯᠵᠢᠯᠡᠭᠦᠯᠤᠨ᠂ ᠤᠷᠳᠤᠨ ᠤ ᠬᠢᠨᠢ ᠲᠤᠬᠠᠢ ᠨᠢᠭᠡᠳ | ᠨᠢᠭᠡ ᠦᠭᠡᠢ ᠵᠢᠷᠤᠬᠯᠠᠨ ᠦᠭᠦᠯᠡᠭᠰᠡᠨ ᠬᠤᠶᠡᠷ ᠭᠤᠷᠪᠠᠨ ᠵᠠᠭᠤᠨᠮᠦ᠋ᠷ ᠤᠨ ᠤᠷᠳᠤ ᠨᠠᠶᠢᠷᠬᠠᠯᠠᠯ ᠤᠡᠭᠰᠢᠯ᠎ᠠ ᠭᠡᠵᠤ | ᠵᠡᠬᠦᠳᠤᠯᠠᠵᠡᠢ᠃ ᠺᠤᠯᠷᠢᠵ ᠤᠢ ᠰᠠᠶᠢᠳᠠᠢ ᠪᠠᠶᠢᠬᠰᠠᠨ ᠴᠤ ᠰᠡᠷᠠᠩᠭᠦᠳᠡ ᠦᠵᠤᠭ᠌ ᠪᠢᠷ ᠰᠢᠭᠦᠷᠡᠨ ᠠᠪᠴᠤ ᠦᠨᠤᠬᠢ | ᠬᠠᠴᠢᠷᠬᠠᠯᠳᠠᠢ ᠵᠡᠭᠦᠳᠤᠨ ᠤ ᠰᠢᠯᠦᠭ ᠠᠴᠠ ᠪᠠᠨ ᠵᠦᠪᠭᠡᠨ ᠲᠠᠪᠢᠨ ᠲᠦᠷᠪᠡᠨ ᠮᠦᠷ ᠢ ᠴᠠᠭᠠᠰᠤᠨ ᠳᠤ ᠪᠠᠭᠤᠯᠭᠠᠵᠤ | ᠴᠢᠳᠠᠬᠰᠠᠨ ᠭᠡᠳᠡᠭ᠃ 1816 ᠤᠨ ᠳᠤ ︽ᠬᠤᠪᠢᠯᠠᠢ ᠬᠠᠭᠠᠨ︾ ᠬᠡᠮᠡᠬᠦ ᠰᠢᠯᠦᠭ ᠨᠢ ᠨᠡᠶᠢᠳᠡᠯᠡᠭᠳᠡᠭᠰᠡᠨ ᠤ | ᠲᠠᠷᠠᠭ᠎ᠠ᠂ ᠦᠷᠭᠡᠨ ᠢᠶᠠᠷ ᠲᠠᠷᠬᠠᠵᠤ᠂ ᠱᠠᠩᠳᠤ ᠬᠤᠳᠠ ᠨᠢ ᠦᠷᠤᠨᠡᠳᠡᠬᠢᠨ ᠤ ᠢᠵᠡᠭᠤᠷᠳᠠᠨ ᠪᠠᠶᠠᠳ ᠤᠨ ᠨᠢᠳᠤᠨ | ᠳᠠᠬᠢ ᠪᠤᠮᠪᠡ ᠶᠢᠨ ᠤᠷᠤᠨ ᠪᠤᠯᠵᠠᠢ᠃ ᠠᠳᠡ ᠡᠨᠡᠬᠦ ᠶᠡᠭᠡ ᠡᠷᠳᠡᠨ ᠤ ᠰᠤᠨᠢᠨ ᠭᠠᠶᠢᠬᠠᠮᠰᠢᠭ ᠲᠠᠢ ᠪᠢᠴᠢᠭᠳᠡᠭᠰᠡᠨ | ᠰᠢᠯᠦᠭ ᠠᠴᠠ ᠬᠡᠳᠤᠨ ᠮᠦᠷ ᠰᠢᠯᠵᠢᠭᠦᠯᠪᠠᠯ᠂ ᠰᠠᠷᠨᠢᠨ ᠤᠳᠤᠬᠰᠠᠨ ᠱᠠᠩᠳᠤ ᠨᠡᠶᠢᠰᠯᠡᠯ ᠤᠨ ᠭᠡᠭᠡᠨ ᠰᠦᠨᠡᠰᠤ ᠳᠤ | ᠲᠤᠯᠢᠳᠡᠬᠳᠡᠬᠤ ᠴᠤ ᠮᠠᠭᠠᠳ᠃ | ᠬᠦᠮᠤᠨ ᠬᠡᠮᠵᠢᠵᠤ ᠦᠯᠤ ᠪᠠᠷᠠᠬᠤ ᠠᠭᠤᠢ ᠠᠩᠭᠠᠯ ᠲᠤᠯᠢᠳᠠᠬᠰᠠᠨ | ᠨᠠᠷᠡᠨ ᠬᠢᠵᠢᠵᠤ ᠦᠯᠤ ᠬᠦᠷᠬᠦ ᠠᠭᠤᠤ ᠲᠡᠩᠬᠢᠰ ᠵᠤᠷᠢᠬᠰᠡᠨ | ᠠᠷᠢᠭᠤᠨ ᠮᠦᠷᠡᠨ ᠤᠷᠤᠰᠤᠬᠰᠠᠨ ᠱᠠᠩᠳᠤ ᠬᠡᠮᠡᠬᠦ ᠨᠤᠳᠤᠭ ᠲᠤ | ᠡᠵᠡᠨ ᠬᠠᠭᠠᠨ ᠬᠤᠪᠢᠯᠠᠢ ᠵᠠᠷᠯᠢᠭ ᠪᠠᠭᠤᠯᠭᠠᠵᠤ | ᠡᠷᠬᠢᠮ ᠴᠡᠩᠭᠡᠯ ᠤᠨ ᠶᠡᠭᠡ ᠤᠷᠳᠤ ᠲᠦᠪᠯᠡᠵᠡᠢ | ᠭᠡᠮ ᠦᠭᠡᠢ ᠪᠡᠶᠡᠨ ᠭᠠᠵᠠᠷ ᠠᠷᠪᠡᠨ ᠪᠡᠷ᠎ᠡ ᠢᠷᠡᠯᠵᠡᠬᠰᠡᠨ | ᠬᠡᠷᠡᠮ ᠴᠠᠮᠬᠠᠭ ᠪᠦᠰᠡ ᠨᠠᠭᠤᠷ ᠲᠠᠭᠠᠨ ᠲᠤᠰᠴᠤ ᠬᠢᠯᠠᠯᠵᠠᠬᠰᠠᠨ | ᠭᠡᠭᠡᠨᠴᠢᠷ ᠴᠡᠴᠡᠷᠯᠢᠭ ᠲᠤ ᠮᠦᠡᠭᠭᠦᠨ ᠭᠤᠷᠤᠬ᠎ᠠ ᠮᠢᠷᠠᠯᠵᠠᠬᠰᠠᠨ ᠁ | ᠫᠧᠷᠰ ᠣᠨᠲ᠋ᠡᠤᠭᠡᠴᠢ ᠷᠠᠰᠢᠳ᠋ — ᠠᠳ᠋ — ᠳ᠋ᠢᠨ ᠠᠴᠠ ᠪᠠᠰᠠ ᠱᠠᠩᠳᠤ ᠬᠤᠳᠠ ᠶᠢᠨ ᠲᠤᠬᠠᠢ ᠶᠠᠷᠢᠬᠤ ᠳᠠᠭᠠᠨ | ︽ᠺᠠᠶᠢᠫᠢᠡᠭ ᠫᠦ᠋ ᠶᠢᠨ ᠤᠷᠳᠤᠨ ᠬᠠᠷᠰᠢ ᠪᠤᠯ ᠬᠠᠭᠠᠨ ᠤ ᠵᠡᠭᠦᠳᠤᠨ ᠳᠤ ᠤᠷᠤᠬᠰᠠᠨ ᠶᠠᠭᠤᠮ᠎ᠠ ᠶᠢ ᠬᠡᠪ ᠪᠠᠷ ᠨᠢ | ᠰᠢᠯᠵᠢᠭᠦᠯᠵᠤ ᠵᠢᠷᠤᠭ ᠲᠦᠯᠤᠪᠯᠡᠯᠭᠡ ᠬᠢᠭᠰᠡᠨ ᠪᠤᠯᠠᠢ ᠁︾ ᠭᠡᠵᠤ ︽ᠰᠤᠳᠤᠷ ᠤᠨ ᠴᠢᠭᠤᠯᠭᠠᠨ︾ ᠳᠠᠭᠠᠨ | ᠪᠠᠭ᠋ᠠᠷᠬᠠᠨ ᠲᠡᠮᠳᠡᠭᠯᠡᠭᠰᠡᠨ ᠨᠢ ᠮᠦᠨᠬᠦ ᠱᠠᠩᠳᠤ ᠨᠡᠶᠢᠰᠯᠠᠯ ᠤᠨ ᠰᠤᠨᠢᠨ ᠨᠢᠭᠤᠴᠠᠬᠠᠢ ᠶᠢ ᠰᠤᠪᠢᠬᠰᠠᠨ ᠶᠠᠪᠤᠳᠠᠯ ᠶᠤᠮ᠃ | ᠦᠷᠤᠨᠡᠳᠠᠬᠢᠨ ᠤ ᠤᠳᠤᠨ ᠤᠷᠤᠨ ᠤ ᠰᠤᠳᠤᠯᠭᠠᠳᠠᠳ ᠴᠦ ᠱᠠᠩᠳᠤ ᠶᠢᠨ ᠨᠡᠷ᠎ᠡ ᠪᠠᠷ ᠰᠢᠷᠤᠢ ᠭᠠᠷᠠᠭ ᠤᠨ | ᠵᠢᠷᠭᠤᠳᠤᠭᠠᠷ ᠲᠠᠭᠠᠭᠤᠯᠢ ᠤᠳᠤ ᠶᠢ ᠪᠠᠶᠠᠰᠤᠨ ᠨᠡᠷᠡᠶᠢᠳᠴᠤ ᠪᠠᠭ᠋ᠠᠳᠤᠨ ᠬᠦᠨᠳᠤᠳᠭᠡᠭᠰᠡᠨ ᠪᠢᠯᠡ᠂ ᠡᠶᠢᠨᠬᠦ ᠮᠤᠩᠭᠤᠯ | ᠲᠤᠭᠤᠷᠭᠠᠳᠠᠨ ᠤ ᠮᠠᠨᠢ ᠨᠠᠶᠢᠰᠯᠠᠯ ᠤᠨ ᠨᠡᠷ᠎ᠡ ᠠᠯᠳᠠᠷ ᠨᠢ ᠴᠦ ᠲᠡᠭᠷᠢ ᠤᠬᠳᠠᠷᠭᠤᠢ ᠳᠤ ᠲᠠᠭᠤᠷᠢᠰᠤᠨ ᠲᠡᠯᠡᠬᠡᠢ | ᠨᠡᠶᠢᠳᠡ ᠳᠤ ᠡᠷᠭᠦᠮᠵᠢᠯᠡᠭᠳᠡᠭᠰᠡᠨ ᠠᠯᠳᠠᠷ ᠴᠤᠤ ᠲᠠᠢ ᠭᠠᠵᠡᠷ ᠤᠰᠤᠨ ᠪᠤᠯᠤᠬᠰᠠᠨ ᠪᠠᠶᠢᠵᠠᠢ᠃ | ᠶᠤᠸᠠᠨ ᠤᠯᠤᠰ ᠤᠨ ᠮᠤᠩᠭᠤᠯ ᠦᠨᠳᠤᠰᠤᠳᠡᠨ ᠤ ᠠᠯᠳᠠᠷᠳᠤ ᠰᠢᠯᠦᠭᠴᠢ ᠰᠡᠳᠤᠯᠠ ᠶᠢᠨ ︽ᠲᠡᠭᠡᠳᠤ | ᠨᠡᠶᠢᠰᠯᠡᠯ ᠣᠨᠰᠤᠯᠠ ᠰᠢᠯᠦᠭ︾ ᠲᠤ᠄ | ᠡᠭᠡᠰᠢᠭ ᠠᠶᠠᠯᠭᠤ ᠬᠠᠨᠭ᠍ᠬᠢᠨᠡᠨ ᠲᠠᠭᠤᠷᠢᠰᠴᠤ ᠦᠨᠳᠤᠷ ᠤᠬᠳᠠᠷᠭᠤᠢ ᠠᠴᠠ ᠪᠠᠭᠤᠨᠠᠮ | ᠡᠵᠠᠨ ᠬᠠᠭᠠᠨ ᠤ ᠤᠷᠳᠤᠨ ᠬᠠᠷᠰᠢ ᠶᠢ ᠬᠠᠰ ᠢᠶᠠᠷ ᠵᠡᠷᠭᠡᠯᠡᠨ ᠪᠦᠳᠤᠭᠡᠪᠡᠢ᠃ | ᠡᠷᠬᠢᠯᠳᠤᠨ ᠪᠦᠵᠢᠵᠤ ᠤᠯᠠᠨ ᠲᠦᠰᠢᠮᠡᠳ ᠨᠠᠶᠢᠷ ᠬᠤᠷᠢᠮ ᠡᠭᠦᠰᠭᠡᠷᠤᠨ | ᠡᠯᠳᠡᠪ ᠠᠮᠳᠠᠳᠤ ᠦᠵᠤᠮ ᠤᠨ ᠰᠠᠷᠬᠤᠳ ᠢ ᠬᠤᠶᠡᠷ ᠤᠷᠳᠤᠨᠡ ᠡᠷᠭᠦᠮᠤᠢ᠃ | ᠁ | ᠪᠤᠷᠤ ᠴᠠᠶᠢᠵᠠᠨᠠ ᠰᠠᠯᠬᠢ ᠱᠤᠤᠬᠢᠵᠤ ᠨᠤᠮᠤ ᠶᠢᠨ ᠬᠦᠪᠴᠢ ᠬᠠᠳᠠᠭᠤ | ᠪᠤᠬᠳᠠ ᠶᠢᠨ ᠦᠷᠡᠰ ᠮᠤᠷᠢ ᠲᠤᠪᠳᠤᠯᠭᠠᠨ ᠪᠠᠶᠢᠯᠳᠤᠭᠠᠨ ᠤ ᠲᠠᠯᠠᠪᠤᠷ ᠲᠤᠷ ᠠᠪᠠᠯᠠᠮᠤᠢ᠃ | ᠬᠠᠷᠴᠠᠭᠠᠢ ᠪᠠᠨ ᠲᠠᠭᠤᠳᠠᠵᠤ ᠰᠤᠮᠤ ᠪᠠᠨ ᠰᠠᠭᠠᠳᠠᠬᠯᠠᠨ ᠬᠠᠷᠢᠵᠤ ᠢᠷᠡᠭᠦᠶ᠎ᠡ ᠤᠷᠤᠶᠢᠳᠠᠭᠠᠳ | ᠬᠠᠮᠠᠭᠤᠳᠤ ᠴᠢᠨ᠋ᠸ᠎ᠠ ᠶᠢ ᠲᠤᠯᠤᠭᠠᠢ ᠤᠨᠵᠢᠭᠤᠯᠤᠨ ᠬᠤᠤᠰ ᠬᠤᠤᠰ ᠢᠶᠠᠷ ᠭᠠᠨᠵᠤᠭᠠᠯᠠᠮᠤᠢ᠃ | ᠭᠡᠵᠤ ᠤᠶᠠᠩᠭᠠᠯᠢᠭ ᠲᠦᠷᠰᠦᠯᠢᠭ ᠰᠢᠯᠦᠭᠯᠡᠭᠰᠡᠨ ᠨᠢ ᠱᠠᠩᠳᠤ ᠨᠡᠶᠢᠰᠯᠠᠯ ᠤᠨ ᠬᠦᠭᠵᠢᠯ ᠪᠠᠳᠠᠷᠡᠯ᠂ ᠬᠦᠮᠤᠨ ᠠᠷᠠᠨᠰᠢᠨ | ᠂ ᠦᠢᠯᠠᠳᠪᠤᠷᠢᠯᠡᠯ ᠠᠮᠢᠳᠤᠷᠠᠯ ᠤᠨ ᠲᠤᠬᠠᠢ ᠮᠤᠩᠭᠤᠯ ᠬᠦᠮᠤᠨ ᠤ ᠨᠢᠳᠤ ᠪᠠᠷ ᠬᠠᠷᠠᠬᠰᠠᠨ ᠵᠢᠷᠤᠭ ᠪᠠᠶᠢᠵᠤ ᠲᠠᠭᠠᠷᠠᠨ᠎ᠠ | ᠁ ᠃ | ᠡᠨᠡᠬᠦ ᠲᠠᠯᠠᠬᠡᠢ ᠶᠢᠨ ᠴᠢᠨᠠᠷᠳᠠᠢ ᠶᠡᠭᠡ ᠨᠡᠶᠢᠰᠯᠡᠯ ᠪᠡ ᠶᠤᠸᠡᠨ ᠤᠯᠤᠰ ᠤᠨ ᠦᠶ᠎ᠡ ᠶᠢᠨ ᠤᠯᠤᠰ ᠲᠦᠷᠤ᠂ | ᠠᠵᠤ ᠠᠬᠤᠢ᠂ ᠰᠤᠶᠤᠯ ᠭᠡᠭᠡᠷᠡᠯ᠂ ᠱᠠᠰᠢᠨ ᠰᠤᠷᠳᠠᠬᠤᠨ ᠪᠡ ᠭᠠᠳᠠᠭᠠᠳᠤ ᠬᠠᠷᠢᠯᠴᠠᠭᠠᠨ ᠤ ᠲᠦᠪ ᠪᠤᠯᠵᠤ | ᠪᠠᠶᠢᠬᠰᠠᠨ ᠨᠡᠶᠢᠰᠯᠡᠯ ᠬᠤᠳᠠ ᠨᠢ ᠲᠤᠳᠤᠭᠠᠳᠤ ᠶᠢᠨ ᠰᠠᠮᠠᠭᠤᠷᠠᠯ᠂ ᠲᠡᠷᠢᠶᠠᠴᠢᠨ ᠤ ᠪᠤᠰᠤᠯᠭ᠎ᠠ ᠳᠤ ᠪᠤᠯᠳᠤ | ᠲᠠᠭᠠᠷᠢᠬᠳᠠᠵᠤ᠂ ᠲᠦᠷᠪᠡ ᠤᠳᠠᠭ᠎ᠠ ᠶᠢᠨ ᠭᠠᠯᠳᠠᠬᠳᠠᠯ ᠢᠶᠠᠷ ᠠᠯᠳᠠ ᠮᠦᠡᠭᠭᠦᠨ ᠤᠷᠳᠤᠨ ᠨᠢ ᠦᠨᠡᠰᠤᠨ ᠲᠤᠪᠷᠠᠭ | ᠪᠤᠯᠵᠤ᠂ ᠠᠳᠠᠷ ᠲᠠᠯ᠎ᠠ ᠳᠠᠭᠠᠨ ᠮᠦᠡᠭᠭᠡ ᠨᠤᠶᠢᠷᠰᠤᠬᠰᠠᠨ ᠨᠢ ᠨᠢᠭᠡ ᠶᠡᠭᠡ ᠭᠤᠨᠢᠭ ᠪᠢᠯᠡ᠃ ᠲᠦᠷᠤ ᠭᠦᠷᠤᠨ | ᠤᠨᠠᠵᠤ ᠮᠦᠬᠦᠬᠦ ᠨᠢ ᠲᠡᠤᠭᠡ ᠶᠢᠨ ᠠᠰᠳᠠᠭᠠᠨ ᠤᠴᠢᠷ᠂ ᠰᠤᠶᠤᠯ ᠪᠤᠯᠪᠠᠰᠤᠨ ᠢ ᠨᠢ ᠰᠢᠳᠠᠭᠠᠵᠤ ᠭᠠᠯᠳᠠᠬᠤ ᠭᠡᠭᠴᠢ | ᠬᠦᠮᠤᠨ ᠲᠦᠷᠤᠯᠬᠢᠳᠡᠨ ᠤ ᠰᠤᠶᠤᠯ ᠪᠤᠯᠪᠠᠰᠤᠨ ᠳᠤ ᠲᠤᠶᠢᠮᠡᠷ ᠲᠠᠯᠪᠢᠵᠤ ᠪᠠᠶᠢᠭ᠎ᠠ ᠨᠢᠭᠦᠯᠳᠤ ᠭᠠᠢ ᠶᠤᠮ᠃ ᠡᠨᠡ ᠨᠢ | ᠰᠤᠶᠤᠯ ᠰᠤᠷᠭᠠᠯ ᠦᠭᠡᠢ ᠰᠤᠬᠤᠷ ᠤᠳ ᠤᠨ ᠲᠠᠶᠢᠰᠠᠨ ᠳᠤ ᠭᠠᠷᠤᠬᠰᠠᠨ ᠤ ᠨᠢᠭᠦᠯ ᠯᠡ ᠪᠠᠶᠢᠵᠤ ᠲᠠᠭᠠᠷᠠᠨ᠎ᠠ᠃ ᠡᠨᠡ | ᠨᠢ ᠮᠦᠨ ᠴᠤ ᠬᠦᠮᠤᠨ ᠲᠦᠷᠤᠯᠬᠢᠳᠡᠨ ᠤ ᠰᠤᠶᠤᠯ ᠣᠨᠲ᠋ᠡᠤᠭᠡᠨᠲ᠋ᠡᠭᠡᠷᠡᠬᠢ ᠶᠡᠭᠡ ᠲᠡᠯᠬᠢᠬᠳᠠᠯ ᠪᠤᠯᠬᠤ ᠴᠢᠨ ᠱᠢ | ᠬᠤᠸᠡᠩ ᠤᠨ ᠪᠢᠴᠡᠭ ᠨᠤᠮ ᠢ ᠰᠢᠳᠠᠭᠠᠵᠤ ᠪᠢᠴᠢᠭᠳᠡᠨ ᠢ ᠪᠤᠯᠠᠬᠰᠠᠨ ᠬᠡᠷᠡᠭ᠂ ᠨᠠᠢᠮᠠᠨ ᠤᠯᠤᠰ ᠤᠨ ᠬᠤᠯᠪᠤᠭᠠᠳᠤ | ᠴᠡᠷᠢᠭ ᠤᠨ ᠪᠡᠭᠡᠵᠢᠩ ᠤᠨ ᠶᠤᠸᠡᠨ ᠮᠢᠩ ᠶᠤᠸᠠᠨ ᠢ ᠲᠤᠨᠤᠵᠤ ᠭᠠᠯᠳᠠᠬᠰᠠᠨ᠂ ᠲᠤᠮᠳᠠᠳᠤ ᠵᠠᠭᠤᠨ ᠤ ᠦᠶ᠎ᠡ ᠶᠢᠨ | ᠤᠶᠤᠨ ᠰᠠᠨᠠᠭᠠᠨ ᠤ ᠭᠠᠪᠠ ᠲᠦᠡᠭᠭᠡ᠂ ᠫᠠᠱᠢᠰ ᠤᠨ ᠰᠤᠶᠤᠯ ᠤᠨ ᠬᠢᠳᠤᠯᠭ᠎ᠠ ᠁ ᠲᠠᠢ ᠠᠳᠠᠯᠢ ᠪᠠᠷ ᠬᠦᠮᠤᠨ | ᠲᠦᠷᠤᠯᠭᠢᠳᠡᠨ ᠤ ᠦᠪ ᠬᠦᠷᠤᠩᠭᠡ ᠶᠢ ᠤᠰᠠᠳᠬᠠᠨ ᠦᠵᠡᠯ ᠤᠬᠠᠭᠠᠨ ᠢ ᠪᠦᠭᠯᠡᠷᠡᠭᠦᠯᠤᠨ ᠰᠤᠶᠤᠯ ᠪᠤᠯᠪᠠᠰᠤᠨ ᠢ | ᠲᠠᠯᠬᠢᠬᠳᠠᠬᠰᠠᠨ ᠲᠡᠤᠭᠡ ᠶᠢᠨ ᠶᠠᠯ᠎ᠠ ᠬᠢᠯᠢᠨᠴᠡ ᠪᠤᠯᠬᠤ ᠶᠤᠮ᠃ | ᠡᠳᠡᠭᠡᠷ ᠪᠠᠯᠠᠢ ᠲᠡᠨᠡᠭ ᠠᠵᠢᠯᠯᠠᠭ᠎ᠠ ᠨᠢ ᠶᠡᠷᠤ ᠠᠴᠠ ᠦᠪᠡᠷ ᠤᠨ ᠬᠢᠨᠢ ᠦᠬᠡᠨᠴᠡ ᠲᠤᠷᠤᠢ ᠪᠤᠯᠬᠢ | ᠪᠦᠳᠤᠭᠦᠯᠢᠭ ᠭᠡᠳᠡᠭ ᠢ ᠯᠡ ᠲᠡᠯᠡᠬᠡᠢ ᠳ᠋ᠠᠬᠢᠨ ᠳᠤ ᠲᠡᠯᠭᠡᠬᠦ ᠠᠴᠠ ᠪᠢᠰᠢ᠂ ᠬᠦᠮᠤᠰ ᠤᠨ ᠤᠶᠤᠨ ᠰᠠᠨᠠᠭ᠎ᠠ ᠶᠢ | ᠠᠷᠢᠭᠤᠯᠠᠨ ᠬᠦᠮᠤᠨ ᠲᠦᠷᠤᠯᠬᠢᠳᠡᠨ ᠳᠤ ᠡᠷᠭᠦᠭᠰᠡᠨ ᠨᠡᠮᠡᠷᠢ ᠬᠠᠨᠳᠢᠪ ᠢ ᠨᠢ ᠠᠷᠴᠢᠵᠤ ᠬᠠᠶᠠᠨ᠎ᠠ ᠭᠡᠳᠡᠭ ᠨᠢ ᠪᠠᠶᠢᠰᠢ | ᠦᠭᠡᠢ ᠬᠡᠷᠡᠭ ᠪᠢᠯᠡ᠃ ᠤᠴᠢᠷ ᠨᠢ ᠰᠤᠶᠤᠯ ᠭᠡᠳᠡᠭ ᠪᠤᠯ ᠬᠤᠳᠠᠴᠢᠯᠠᠨ ᠲᠦᠪᠯᠡᠷᠡᠭᠰᠡᠨ ᠰᠠᠭᠤᠷᠢᠰᠢᠯ ᠪᠠᠷᠢᠯᠭ᠎ᠠ | ᠲᠡᠳᠤᠢ ᠪᠢᠰᠢ᠂ ᠲᠡᠤᠭᠡ ᠭᠡᠳᠡᠭ ᠲᠦᠯᠡᠭᠳᠡᠰᠢ ᠦᠭᠡᠢ ᠲᠤᠮᠤ ᠬᠦᠮᠤᠷᠭᠡ ᠳᠤ ᠬᠠᠳᠠᠭᠠᠯᠠᠬᠳᠠᠬᠰᠠᠨ ᠬᠡᠨ ᠨᠢᠭᠡ ᠨᠢ | ᠲᠠᠷᠤᠵᠤ ᠲᠠᠯᠪᠢᠬᠰᠠᠨ ᠴᠤ ᠬᠡᠵᠢᠶ᠎ᠡ ᠨᠢᠭᠡᠨ ᠡᠳᠤᠷ ᠭᠡᠷᠡᠯ ᠨᠢ ᠮᠠᠨᠳᠤᠵᠤ ᠭᠡᠰᠢᠭ ᠨᠢ ᠲᠡᠯᠭᠡᠷᠡᠬᠦ ᠦᠨᠡᠳᠤ ᠦᠪ | ᠪᠠᠶᠢᠭ᠎ᠠ ᠶᠤᠮ᠃ | ᠭᠤᠷᠪᠠ | ᠲᠡᠭᠡᠳᠤ ᠨᠡᠶᠢᠰᠯᠠᠯ ᠨᠢ ᠲᠡᠯᠡᠬᠡᠢ ᠶᠢᠨ ᠲᠡᠰ ᠤᠨ ᠨᠡᠶᠢᠰᠯᠡᠯ ᠪᠤᠯᠤᠬᠰᠠᠨᠮᠦ᠋ᠷᠳᠡᠭᠡᠨ ᠲᠡᠯᠡᠬᠡᠢ ᠶᠢᠨ ᠰᠤᠶᠤᠯ ᠤᠨ | ᠦᠪ ᠬᠦᠷᠤᠩᠭᠡ ᠪᠤᠯᠵᠤ ᠴᠢᠳᠠᠬᠰᠠᠨ ᠨᠢ ᠲᠡᠭᠦᠨ ᠤ ᠬᠦᠮᠤᠨ ᠲᠦᠷᠤᠯᠬᠢᠳᠡᠨ ᠤ ᠬᠦᠭᠵᠢᠯ ᠪᠠᠳᠠᠷᠠᠯ ᠳᠤ | ᠦᠵᠡᠭᠦᠯᠤᠭ᠍ᠰᠠᠨ ᠦᠢᠯᠡᠳᠤᠯ᠂ ᠲᠡᠤᠭᠡ ᠶᠢᠨ ᠦᠨ᠎ᠡ ᠴᠡᠨ᠎ᠡ ᠠᠴᠠ ᠪᠤᠯᠤᠬᠰᠠᠨ ᠪᠠ ᠶᠠᠭ ᠠᠯᠳᠠ ᠠᠯᠮᠠᠰ ᠤᠨ | ᠠᠭᠤᠷᠬᠠᠢ ᠰᠢᠭ᠋ ᠠᠭᠤᠳᠠᠯᠠᠬᠤ ᠲᠤᠳᠤᠮ ᠠᠷᠠᠭ᠎ᠠ ᠰᠢᠯᠤᠰᠤ ᠶᠢ ᠬᠤᠷᠠᠭᠤᠯᠤᠮᠠᠷ ᠠᠭᠤᠯᠤᠬᠳᠠᠴᠠ ᠪᠠᠶᠢᠳᠠᠭ ᠠᠴᠠ | ᠪᠤᠯᠤᠬᠰᠠᠨ ᠶᠤᠮ᠃ | 13 ᠳ᠋ᠤᠭᠠᠷ ᠵᠠᠭᠤᠨᠡᠴᠠ 14 ᠳ᠋ᠤᠭᠡᠷ ᠵᠠᠭᠤᠨ ᠤ ᠮᠤᠩᠭᠤᠯ ᠲᠤᠭᠤᠷᠠᠭᠠᠳᠠᠨ ᠱᠠᠩᠳᠤ ᠨᠠᠶᠢᠰᠯᠠᠯ ᠤᠨ ᠰᠢᠵᠢᠷ | ᠭᠤᠯᠤᠮᠳᠠ ᠠᠴᠠ ᠪᠠᠨ ᠲᠡᠯᠡᠬᠡᠢ ᠶᠢᠨ ᠲᠠᠪᠴᠠᠩ ᠳᠤ ᠲᠡᠭᠡᠳᠤ ᠪᠤᠯᠪᠠᠰᠤᠨ ᠢ ᠡᠭᠦᠳᠴᠤ ᠶᠠᠪᠤᠬᠰᠠᠨ ᠭᠡᠳᠡᠭ ᠲᠤ | ᠱᠠᠩᠳᠤ ᠶᠢᠨ ᠲᠡᠤᠬᠡ ᠶᠢᠨ ᠬᠢᠯᠠᠯᠵᠠᠬᠰᠠᠨ ᠤᠯᠠ ᠮᠦᠷ ᠲᠦᠯᠬᠢᠭᠦᠷ ᠰᠢᠭ ᠡᠭᠦᠳᠡ ᠶᠢ ᠨᠢ ᠨᠡᠭᠡᠭᠡᠵᠤ ᠦᠭᠭᠦᠨ᠎ᠡ᠃ | ᠱᠠᠩᠳᠤ ᠬᠤᠳᠠ ᠪᠤᠯ ᠲᠤᠬᠠᠢ ᠶᠢᠨ ᠦᠶ᠎ᠡ ᠶᠢᠨ ᠥᠷᠤᠨᠡᠳᠡᠬᠢᠨ ᠪᠠ ᠲᠤᠷᠤᠨᠠᠳᠠᠬᠢᠨ ᠤ ᠰᠤᠶᠤᠯ ᠤᠨ | ᠰᠤᠯᠢᠯᠴᠠᠭᠠᠨ ᠤ ᠭᠤᠤᠯ ᠲᠠᠯᠠᠪᠤᠷ ᠪᠠᠶᠢᠵᠤ᠂ ︽ᠲᠠᠯ᠎ᠠ ᠨᠤᠳᠤᠭ ᠤᠨ ᠲᠤᠷᠭᠠᠨ ᠵᠠᠮ︾ ᠤᠨ ᠵᠡᠬᠦᠨ ᠥᠵᠤᠬᠦᠷ ᠤᠨ | ᠡᠬᠢᠯᠠᠯᠳᠠ ᠶᠢᠨ ᠴᠢᠬᠤᠯᠨ ᠭᠠᠵᠡᠷ ᠪᠠᠶᠢᠪᠠ᠃ ᠱᠠᠩᠳᠤ ᠨᠡᠶᠢᠰᠯᠠᠯ ᠠᠴᠠ ᠰᠤᠨᠤᠬᠰᠠᠨ ᠤᠯᠠᠭ᠎ᠠ ᠦᠷᠳᠡᠭᠡ ᠠᠽᠢᠶ᠎ᠠ | ᠡᠸᠦ᠋ᠷᠤᠫᠡ ᠶᠢ ᠬᠤᠯᠪᠤᠵᠤ ᠡᠭᠦᠳᠡ ᠶᠢ ᠨᠢ ᠨᠡᠭᠡᠭᠡᠭᠰᠡᠨ ᠢᠶᠠᠷ ᠰᠤᠶᠤᠯ ᠤᠨ ᠰᠤᠯᠢᠯᠴᠠᠭ᠎ᠠ ᠰᠢᠭᠤᠳ ᠨᠡᠪᠳᠡᠷᠡᠵᠤ᠂ | ᠲᠤᠮᠳᠡᠳᠤ ᠶᠢᠨ ︽ᠲᠦᠷᠪᠡᠨ ᠶᠡᠭᠡ ᠨᠡᠭᠡᠭᠡᠯᠳᠡ︾ ᠡᠸᠦ᠋ᠷᠤᠫᠡ ᠳᠤ ᠤᠷᠤᠵᠤ ᠤᠴᠢᠭᠠᠳ᠂ ᠦᠷᠤᠮᠡᠯ ᠦᠰᠤᠭ᠌ ᠤᠨ | ᠬᠡᠪᠯᠡᠯ ᠤᠨ ᠮᠡᠷᠭᠡᠵᠢᠯ᠂ ᠵᠦᠭᠯᠡᠭᠦᠷ᠂ ᠲᠠᠷᠢ ᠵᠡᠷᠭᠡ ᠲᠤᠷᠤᠨᠠᠳᠠᠬᠢᠨ ᠤ ᠰᠤᠶᠤᠯ ᠪᠤᠯᠪᠠᠰᠤᠨ ᠨᠢ ᠲᠤᠷᠤᠢ ᠪᠠᠶᠢᠬᠰᠠᠨ | ᠲᠡᠳᠡᠨ ᠤ ᠬᠦᠭᠵᠢᠯ ᠳᠤᠨᠢ ᠵᠢᠭᠦᠷ ᠰᠤᠳᠤ ᠤᠷᠭᠤᠭᠤᠯᠤᠬᠰᠠᠨ ᠢᠶᠠᠷ ᠲᠡᠳᠡᠨ ᠤ ᠰᠡᠭᠦᠯ ᠳᠤᠨᠢ ᠲᠤᠷᠤᠨᠠᠳᠡᠬᠢᠨ ᠵᠦᠭ | ᠲᠤᠪᠳᠤᠯᠬᠤ ᠳᠤᠨᠢ ᠠᠶᠠᠯᠠᠬᠤ ᠠᠴᠠ ᠵᠦᠭᠯᠡᠭᠦᠷ ᠲᠠᠢ᠂ ᠠᠮᠢ ᠪᠠᠨ ᠬᠠᠮᠠᠭᠠᠯᠠᠬᠤ ᠠᠴᠠ ᠨᠢ ᠲᠡᠯᠪᠡᠴᠡᠬᠦ ᠲᠠᠷᠢ ᠰᠤᠮᠤ | ᠲᠠᠢ ᠪᠤᠯᠭᠠᠬᠰᠠᠨ ᠪᠠᠶᠢᠪᠠ︔ ᠤᠳᠤᠨ ᠤᠷᠤᠨ ᠤ ᠰᠢᠨᠵᠢᠯᠡᠯ ᠰᠤᠳᠤᠯᠤᠯ ᠨᠢ ᠲᠡᠯᠡᠬᠡᠢ ᠶᠢᠨ ᠬᠠᠷᠠᠭ᠎ᠠ ᠶᠢ ᠦᠨᠳᠤᠷ | ᠲᠦᠪᠰᠢᠨ ᠦᠭᠡᠳᠡ ᠦᠭᠰᠤᠭᠡᠵᠤ᠂ ᠲᠡᠯᠡᠬᠡᠢ ᠲᠡᠭᠡᠷᠡᠬᠢ ᠬᠠᠮᠤᠭ ᠠᠩᠬᠠᠨ ᠤ ᠲᠡᠯᠡᠬᠡᠢ ᠶᠢᠨ ᠪᠦᠰᠡᠯᠡᠭᠦᠷ ᠤᠨ | ᠵᠠᠬᠪᠤᠷ ᠢ ᠡᠭᠦᠳᠦᠭᠰᠡᠨ ᠪᠠᠶᠢᠪᠠ ᠂ ᠬᠤᠪᠢᠯᠠᠢ ᠬᠠᠭᠠᠨ ᠤ ᠪᠡᠶ᠎ᠡ ᠪᠠᠷ ᠢᠶᠠᠨ ᠨᠡᠷ᠎ᠡ ᠬᠠᠶᠢᠷᠠᠯᠠᠬᠰᠠᠨ ︽ᠴᠠᠭ ᠢ | ᠮᠡᠳᠡᠭᠡᠯᠡᠬᠦ ᠵᠢᠷᠤᠬᠠᠢ︾ ᠱᠠᠩᠳᠤ ᠳᠤ ᠠᠩᠬ᠎ᠠ ᠮᠡᠨᠳᠤᠯᠡᠵᠤ᠂ ᠤᠨ ᠵᠢᠯ ᠢ ᠲᠡᠮᠳᠡᠭᠯᠡᠬᠦ ᠰᠢᠨ᠎ᠡ ᠠᠷᠭ᠎ᠠ ᠶᠢ ᠡᠭᠦᠳᠤᠨ᠂ | ᠴᠠᠭ ᠤᠯᠠᠷᠢᠯ ᠤᠨ ᠲᠡᠤᠭᠡᠨ ᠲᠡᠭᠡᠷᠡᠬᠢ ᠯᠤᠳᠤ ᠶᠡᠭᠡ ᠭᠠᠶᠢᠬᠠᠮᠰᠢᠭ ᠢ ᠠᠪᠴᠢᠷᠠᠵᠠᠢ᠂ ᠵᠢᠱᠢᠶᠠᠯᠡᠬᠦ ᠳᠤ᠂ ᠲᠡᠯᠡᠬᠡᠢ ᠶᠢᠨ | ᠪᠦᠮᠪᠤᠷᠴᠡᠭ ᠤᠨ ᠨᠡᠷ᠎ᠠ ᠶᠢ ᠪᠦᠳᠤᠨ ᠨᠢᠭᠡ ᠲᠤᠭᠤᠷᠢᠬᠤ ᠳᠤ ᠬᠡᠷᠡᠭᠰᠡᠬᠦ ᠴᠠᠭ ᠢ 365.2425 ᠡᠳᠤᠷ ᠬᠦᠷᠳᠡᠯ᠎ᠡ | ᠨᠡᠷᠢᠪᠴᠢᠯᠡᠨ ᠪᠤᠳᠤᠨ ᠭᠠᠷᠭᠠᠵᠤ᠂ ᠤᠳᠤ ᠶᠢᠨ ᠲᠡᠯᠡᠬᠡᠢ ᠨᠡᠶᠢᠳᠡ ᠪᠠᠷ ᠢᠶᠠᠨ ᠬᠡᠷᠡᠭᠯᠡᠵᠤ ᠪᠦᠬᠦᠢ ᠭᠷᠸᠡᠨᠢᠵ ᠶᠢᠨ ᠴᠠᠭ | ᠤᠯᠡᠷᠢᠯ ᠨᠢ ᠡᠭᠦᠨ ᠠᠴᠠ 300 ᠵᠢᠯ ᠤᠨ ᠬᠤᠵᠢᠳ ᠢᠶᠠᠷ ᠰᠠᠶ᠋ᠢ ᠪᠤᠢ ᠪᠤᠯᠤᠬᠰᠠᠨ ᠪᠠᠶᠢᠵᠠᠢ︔ ᠱᠠᠩᠳᠤ ᠶᠢᠨ | ᠰᠤᠶᠤᠯ ᠭᠡᠭᠡᠷᠡᠯ ᠤᠨ ᠦᠢᠯᠡᠰ ᠴᠤ ᠦᠷᠭᠡᠵᠢᠨ ᠭᠦᠭᠵᠢᠵᠤ᠂ ᠮᠤᠩᠭᠤᠯ ᠭᠦᠷᠤᠨ ᠤ ᠬᠦᠪᠡᠭᠦᠳ ᠤᠨ ᠰᠤᠷᠭᠠᠭᠤᠯᠢ | ᠪᠡ ᠤᠯᠤᠰ ᠤᠨ ᠬᠦᠪᠡᠭᠦᠳ ᠤᠨ ᠮᠤᠩᠭᠤᠯ ᠬᠦᠷᠢᠶᠡᠯᠡᠩ ᠢ ᠪᠠᠶᠢᠭᠤᠯᠵᠤ᠂ ᠮᠤᠩᠭᠤᠯ ᠰᠤᠷᠪᠤᠯᠵᠢᠳᠡᠨ ᠵᠢᠴᠢ ᠬᠠᠭᠠᠳ | ᠤᠨ ᠦᠷ᠎ᠡ ᠬᠡᠤᠭᠡᠳ ᠪᠡ ᠡᠭᠡᠯ ᠠᠷᠡᠳ ᠣᠨᠦᠷᠡ ᠬᠡᠤᠭᠡᠳ ᠤᠨ ᠰᠢᠯᠢᠳᠡᠭ ᠢ ᠨᠢ ᠰᠤᠩᠭᠤᠨ ᠬᠦᠮᠤᠵᠢᠭᠦᠯᠵᠤ᠂ ︽ | ᠰᠢᠯᠢᠨ ᠬᠡᠷᠡᠭᠯᠡᠬᠦ ᠳᠤ ᠪᠡᠯᠡᠭᠡᠨ ᠪᠤᠯᠭᠠᠵᠤ︾ ᠪᠠᠶᠢᠵᠠᠢ᠂ ᠪᠠᠰᠡ ᠲᠡᠯᠡᠬᠡᠢ ᠳᠡᠭᠡᠨ ᠳᠤ ᠬᠠᠨᠳᠤᠬᠰᠠᠨ ᠲᠡᠤᠭᠡᠨ ᠲᠡᠭᠡᠷᠡᠬᠢ | ᠬᠠᠮᠤᠭ ᠠᠩᠬᠠᠨ ᠤ ᠭᠠᠳᠠᠭᠠᠳᠤ ᠬᠡᠯᠡᠨ ᠤ ᠰᠤᠷᠭᠠᠭᠤᠯᠢ — ᠤᠯᠤᠰ ᠤᠨ ᠬᠦᠪᠡᠭᠦᠳ ᠤᠨ ᠬᠤᠳᠤᠩ ᠰᠤᠷᠭᠠᠭᠤᠯᠢ ᠶᠢ | ᠪᠠᠶᠢᠭᠤᠯᠵᠤ᠂ ᠫᠧᠷᠰ ᠬᠡᠯᠡᠨ ᠤ ᠤᠷᠴᠢᠭᠤᠯᠤᠬᠴᠢ ᠶᠢ ᠬᠦᠮᠤᠵᠢᠭᠦᠯᠵᠤ ᠪᠠᠶᠢᠵᠠᠢ︔ ᠬᠠᠷᠢ ᠭᠠᠳᠠᠭᠠᠳᠤ ᠶᠢᠨ ᠭᠡᠵᠤ | ᠢᠯᠭᠠᠯ ᠦᠭᠡᠢ᠂ ᠡᠷᠳᠡᠮᠳᠡᠨ ᠮᠡᠷᠭᠡᠳ ᠢ ᠵᠤᠷᠢᠬᠳᠡᠢ ᠬᠡᠷᠡᠭᠯᠡᠵᠤ᠂ ᠵᠦᠪᠬᠡᠨ ᠬᠢᠳᠡᠳ ᠪᠢᠴᠢᠭ ᠤᠨ ᠲᠦᠰᠢᠮᠡᠯ | ᠰᠠᠶᠢᠳ ᠢ ᠯᠡ ᠬᠡᠷᠡᠭᠯᠡᠬᠦ ᠪᠢᠰᠢ᠂ ᠠᠷᠠᠪ ᠤᠨ ᠤᠳᠤᠨ ᠤᠷᠤᠨ ᠤ ᠰᠤᠳᠤᠯᠭᠠᠳᠠᠨ ᠪᠡ ᠲᠡᠤᠭᠡᠴᠢᠨ᠂ ᠢᠲ᠋ᠠᠯᠢ ᠶᠢᠨ | ᠵᠢᠭᠤᠯᠴᠢᠨ ᠮᠡᠷᠺᠦ · ᠫᠤᠯᠤ᠂ ᠲᠦᠪᠡᠳ ᠤᠨ ᠫᠠᠭᠪᠠ ᠯᠠᠮᠠ ᠵᠡᠷᠭᠡ ᠶᠢ ᠦᠢᠯᠡᠰ ᠠᠵᠢᠯ ᠤᠨ ᠢᠶᠠᠨ ᠡᠩᠨᠡᠭᠡᠨ ᠳᠤ | ᠡᠯᠰᠡᠨ ᠤᠷᠤᠭᠤᠯᠵᠤ᠂ ᠡᠷᠭᠦᠮᠵᠢᠳᠤ ᠰᠠᠶᠢᠳ ᠲᠦᠰᠢᠮᠡᠯ ᠢᠶᠠᠷ ᠬᠡᠷᠡᠭᠯᠡᠨ᠂ ᠭᠠᠳᠠᠭᠠᠳᠤ ᠲᠠᠢ ᠴᠢᠯᠤᠭᠡᠳᠡᠢ ᠶᠠᠪᠤᠯᠴᠠᠬᠤ | ᠪᠤᠳᠤᠯᠭ᠎ᠠ ᠶᠢᠨ ᠠᠴᠢ ᠶᠢ ᠨᠢ ᠠᠯᠢ ᠤᠵᠤᠭᠤᠷ ᠲᠤ ᠤᠯᠤᠬᠰᠠᠨ ᠪᠠᠶᠢᠪᠠ︔ ᠠᠳᠡ ᠲᠡᠯᠡᠬᠡᠢ ᠲᠡᠭᠡᠷᠡᠬᠢ ᠬᠠᠮᠤᠭ | ᠠᠩᠬᠠᠨ ᠤ ᠬᠤᠯᠠ ᠭᠦᠶᠤᠬᠦ ᠤᠷᠤᠯᠳᠤᠭᠠᠨ ᠵᠤᠬᠢᠶᠠᠨ ᠪᠠᠶᠢᠭᠤᠯᠤᠬᠳᠠᠵᠤ᠂ ︽ ᠭᠦᠶᠤᠭ᠍ᠴᠢ︾ ᠨᠢ 180 ᠭᠠᠷᠤᠢ | ᠬᠦᠮᠤᠨ ᠤᠷᠤᠯᠴᠠᠵᠤ᠂ ᠮᠠᠩᠯᠠᠢ ᠭᠦᠶᠤᠭ᠍ᠴᠢ ᠳᠤ ᠬᠠᠭᠠᠨ ᠡᠵᠡᠨ ᠦᠪᠡᠷ ᠤᠨ ᠪᠡᠶ᠎ᠡ ᠪᠠᠷ ᠢᠶᠠᠨ ︽ᠦᠯᠤᠭᠡᠢ︾ | ᠮᠦᠡᠭᠭᠦ ᠱᠠᠩᠨᠠᠵᠤ᠂ ᠲᠠᠷᠠᠭ᠎ᠠ ᠲᠠᠷᠠᠭᠠᠬᠢ ᠳᠤᠨᠢ ᠮᠦᠨᠬᠦ ᠠᠳᠠᠯᠢ ᠪᠤᠰᠤ ᠱᠠᠩ ᠭᠡᠰᠢᠭ ᠭᠦᠷᠳᠡᠭᠡᠳᠡᠭ ᠪᠠᠶᠢᠨ᠎ᠠ᠂ ᠡᠷ᠎ᠡ | ᠶᠢᠨ ᠭᠤᠷᠪᠠᠨ ᠨᠠᠭᠠᠳᠤᠮ ᠢᠶᠠᠷ ᠢᠶᠠᠨ ᠠᠯᠳᠠᠷᠰᠢᠬᠰᠠᠨ ᠮᠤᠩᠭᠤᠯᠴᠤᠳ ᠮᠢᠬ᠎ᠠ ᠲᠤᠰᠤ ᠯᠡ ᠢᠳᠡᠬᠦ ᠪᠢᠰᠢ᠂ | ᠮᠠᠬᠠᠪᠤᠳ ᠪᠡᠶ᠎ᠡ ᠪᠠᠨ ᠪᠤᠯᠪᠠᠰᠤᠷᠠᠭᠤᠯᠬᠤ ᠶᠢ ᠡᠷᠬᠢᠮᠯᠡᠵᠤ᠂ ︽ᠪᠡᠶ᠎ᠡ ᠭᠡᠳᠡᠭ ᠡᠷᠳᠡᠨᠢ᠂ ᠪᠢᠯᠢᠭ ᠭᠡᠳᠡᠭ ᠤᠬᠠᠭᠠᠨ︾ | ᠭᠡᠳᠡᠭ ᠡᠷᠳᠡ ᠲᠡᠭᠡᠳᠤᠰ ᠤᠨ ᠤᠬᠠᠭᠠᠨ ᠰᠠᠨᠠᠭᠠᠨ ᠤ ᠤᠤᠭᠠᠯ ᠰᠤᠷᠭᠠᠯ ᠢ ᠵᠢᠷᠦᠮᠯᠠᠵᠤ ᠪᠠᠶᠢᠵᠠᠢ ᠭᠡᠰᠡᠨ ᠢ | ᠬᠠᠷᠠᠭᠤᠯᠵᠤ ᠲᠠᠭᠠᠷᠠᠨ᠎ᠠ︔ ᠭᠡᠬᠦ ᠳᠡᠭᠡᠨ ᠡᠨᠡᠬᠦ ᠬᠤᠯᠠ ᠭᠦᠶᠤᠬᠦ ᠤᠷᠤᠯᠳᠤᠭᠠᠨ ᠨᠢ ᠲᠡᠯᠡᠬᠡᠢ ᠳ᠋ᠠᠬᠢᠨ ᠳᠤ | ᠲᠦᠭᠡᠮᠡᠯᠵᠢᠨ ᠲᠡᠯᠭᠡᠷᠡᠭᠰᠡᠨ ᠮᠠᠷᠠᠽᠤᠨ ᠬᠤᠯᠠ ᠭᠦᠶᠤᠬᠦ ᠤᠷᠤᠯᠳᠤᠭᠠᠨ ᠠᠴᠠ ᠭᠡᠳᠤᠨ ᠵᠠᠭᠤᠨ ᠵᠢᠯ ᠡᠮᠤᠨ᠎ᠡ | ᠪᠠᠶᠢᠬᠰᠠᠨ ᠴᠤ ᠲᠡᠯᠡᠬᠡᠢ ᠨᠡᠶᠢᠳᠡ ᠳᠤ ᠲᠦᠭᠡᠮᠡᠯᠵᠢᠭᠳᠡᠭᠰᠡᠨ ᠦᠭᠡᠢ ᠪᠠᠶᠢᠵᠠᠢ︔ ᠪᠠᠰᠠ ᠲᠦᠷᠤ ᠱᠠᠰᠢᠨ ᠢ ᠲᠡᠭᠰᠢᠳᠡ | ᠪᠠᠷᠢᠬᠤ ᠠᠭᠤᠵᠢᠭᠤ ᠪᠤᠳᠤᠯᠭ᠎ᠠ ᠶᠢ ᠠᠪᠤᠬᠰᠠᠨ ᠤᠴᠢᠷ᠂ ᠡᠯ᠎ᠡ ᠱᠠᠰᠢᠨ ᠰᠤᠷᠳᠠᠬᠤᠨ ᠡᠷᠭᠡ ᠴᠢᠯᠤᠭᠡᠳᠡᠢ ᠪᠠᠷ ᠦᠪᠡᠷ | ᠤᠨ ᠭᠠᠵᠠᠷ ᠲᠠᠭᠠᠨ ᠰᠢᠭ᠋ ᠦᠰᠤᠨ ᠲᠡᠯᠭᠡᠷᠡᠵᠤ᠂ ᠪᠤᠷᠬᠠᠨ ᠤ ᠰᠦᠮ᠎ᠡ ᠠᠴᠠ ᠭᠠᠳᠠᠨ᠎ᠠ᠂ ᠪᠤᠮᠪᠤ ᠶᠢᠨ ᠰᠦᠮ᠎ᠡ᠂ | ᠬᠤᠳᠤᠩ ᠤᠨ ᠰᠦᠮ᠎ᠡ ᠵᠡᠷᠭᠡ ᠰᠦᠮ᠎ᠡ ᠭᠡᠶᠢᠳ ᠰᠦᠷᠦᠭᠯᠡᠨ ᠪᠤᠰᠴᠤ᠂ ᠢᠰᠯᠠᠮ ᠤᠨ ᠱᠠᠰᠢᠨ᠂ ᠡᠾᠷᠢᠰᠲ᠋ᠤᠰ ᠤᠨ | ᠱᠠᠰᠢᠨ ᠴᠤ ᠠᠯᠤᠰ ᠬᠤᠯᠠ ᠶᠢᠨ ᠠᠷᠠᠪ᠂ ᠡᠸᠦ᠋ᠷᠤᠫᠡ ᠠᠴᠠ ᠠᠮᠠᠭᠠᠢ ᠬᠠᠶᠠᠯᠠᠨ ᠤᠷᠤᠵᠤ ᠢᠷᠡᠭᠰᠡᠨ ᠪᠠᠶᠢᠪᠡ᠂ ︽ | ᠮᠡᠷᠺᠦ· ᠫᠤᠯᠤ ᠶᠢᠨ ᠵᠢᠭᠤᠯᠴᠢᠯᠠᠯ ᠤᠨ ᠲᠡᠮᠳᠡᠭᠯᠡᠯ︾ ᠳᠤ ᠄ ︽ᠱᠠᠩᠳᠤ ᠬᠤᠳᠠ ᠳᠤ ᠮᠠᠰᠢ ᠤᠯᠠᠨ ᠰᠦᠮ᠎ᠡ | ᠭᠡᠶᠢᠳ ᠪᠤᠢ᠃ ᠲᠡᠭᠦᠨ ᠤ ᠬᠡᠮᠵᠢᠶ᠎ᠡ ᠢᠨᠤ ᠮᠠᠰᠢ ᠶᠡᠭᠡ᠂ ᠬᠠᠷᠬᠠᠠᠨ ᠨᠢᠭᠡ ᠪᠠᠭ᠎ᠠ ᠬᠤᠳᠠ ᠭᠡᠮᠡᠨ ᠭᠡᠯᠡᠪᠡᠴᠤ ᠪᠤᠯᠤᠮᠤᠢ | ᠃ ᠲᠡᠭᠦᠨ ᠳᠤᠷ ᠬᠤᠶᠡᠷ ᠮᠢᠩᠭᠠᠨ ᠬᠤᠸᠠᠷᠠᠭ ᠲᠠᠢ ᠰᠦᠮ᠎ᠡ ᠪᠤᠢ᠃ ᠁︾ ᠭᠡᠰᠡᠨ ᠠᠴᠠ ᠦᠵᠡᠬᠦ ᠳᠤ ᠱᠠᠰᠢᠨ | ᠰᠢᠳᠤᠯᠭᠡ ᠨᠢ ᠴᠤ ᠲᠡᠯᠡᠬᠡᠢ ᠳᠤ ᠬᠤᠤᠰ ᠦᠭᠡᠢ ᠲᠡᠯᠭᠡᠷᠡᠨ ᠬᠦᠭᠵᠢᠭᠰᠡᠨ ᠴᠢᠯᠤᠭᠡᠳᠠᠢ ᠤᠷᠤᠨ ᠪᠠᠶᠢᠬᠰᠠᠨ ᠭᠡᠳᠡᠭ ᠢ | ᠮᠡᠳᠡᠵᠤ ᠪᠤᠯᠤᠨ᠎ᠠ᠃ | ᠡᠳᠡᠭᠡᠷ ᠲᠡᠯᠡᠬᠡᠢ ᠶᠢᠨ ᠴᠢᠨᠠᠷᠳᠠᠢ ᠬᠢᠯᠠᠯᠵᠠᠬᠰᠠᠨ ᠰᠤᠶᠤᠯ ᠲᠡᠤᠬᠡ ᠪᠠᠶᠢᠬᠰᠠᠨ ᠤ ᠤᠯᠠᠮ ᠠᠴᠠ ᠱᠠᠩᠳᠤ | ᠨᠡᠶᠢᠰᠯᠡᠯ ᠤᠨ ᠭᠡᠷ ᠪᠠᠷᠢᠯᠭ᠎ᠠ ᠨᠢ ᠰᠢᠳᠠᠬᠳᠠᠭᠠᠳ ᠰᠢᠷᠤᠢ ᠶᠢᠨ ᠲᠤᠪᠤ ᠲᠡᠳᠤᠢ ᠪᠤᠯᠤᠬᠰᠠᠨ ᠴᠤ ᠦᠨᠤᠳᠤᠷ ᠤᠨ | ᠪᠤᠯᠪᠠᠰᠤᠨ ᠡᠷᠢᠨ ᠳᠤ ᠦᠪ ᠰᠤᠶᠤᠯ ᠣᠨᠦᠨᠡ ᠦᠷᠳᠡᠭ ᠨᠢ ᠬᠠᠶᠠᠬᠳᠠᠯ ᠦᠭᠡᠢ ᠴᠠᠳᠢᠭ ᠲᠡᠤᠬᠡᠨ ᠳᠤ | ᠲᠡᠮᠳᠡᠭᠯᠡᠭᠳᠡᠨ ᠴᠢᠨᠠᠷ ᠠᠯᠳᠠᠯ ᠦᠭᠡᠢ ᠬᠠᠮᠠᠭᠠᠯᠠᠬᠳᠠᠵᠤ ᠢᠷᠡᠭᠰᠡᠨ ᠪᠠᠶᠢᠵᠠᠢ᠃ ᠱᠠᠩᠳᠤ ᠪᠤᠯ ᠮᠤᠩᠭᠤᠯ | ᠦᠨᠳᠤᠰᠤᠳᠠᠨ ᠤ ᠤᠯᠠᠮᠵᠢᠯᠠᠯᠳᠤ ᠦᠵᠡᠯ ᠰᠠᠨᠠᠭ᠎ᠠ᠂ ᠰᠤᠶᠤᠯ ᠤᠷᠠᠯᠢᠭ᠂ ᠭᠡᠪ ᠨᠠᠮᠪᠠ᠂ ᠵᠠᠩ ᠲᠠᠳᠬᠠᠯ ᠢ | ᠲᠤᠰᠬᠠᠬᠰᠠᠨ ᠲᠡᠯᠡᠬᠡᠢ ᠶᠢᠨ ᠮᠤᠩᠭᠤᠯ ᠬᠤᠳᠠ ᠪᠤᠯᠤᠨ᠎ᠠ᠃ ᠬᠤᠪᠢᠯᠠᠢ ᠬᠠᠭᠠᠨ ᠪᠠ ᠲᠡᠭᠦᠨ ᠤ ᠵᠠᠯᠭᠠᠮᠵᠢᠯᠠᠬᠴᠢᠳ | ᠦᠪᠡᠷ ᠤᠨ ᠦᠨᠳᠤᠰᠤᠳᠡᠨ ᠤ ᠪᠠᠨ ᠦᠪᠡᠷᠮᠢᠴᠡ ᠤᠠᠴᠡᠯᠢᠭ᠋ ᠢᠶᠠᠷ ᠪᠠᠶᠢᠭᠤᠯᠵᠤ ᠪᠠᠳᠠᠷᠠᠭᠠᠬᠰᠠᠨ ᠮᠦᠷᠳᠡᠭᠡᠨ | ᠠᠳᠡ ᠠᠴᠠ ᠲᠤᠮᠳᠠᠳᠤ ᠤᠯᠤᠰ ᠤᠨ ᠨᠤᠳᠤᠭ ᠲᠡᠪᠢᠰᠭᠡᠷ᠂ ᠦᠨᠳᠤᠰᠤᠳᠡᠨ ᠤᠬᠰᠠᠭᠠᠳᠠᠨ ᠤ ᠬᠠᠮᠤᠭ ᠶᠡᠭᠡ ᠨᠢᠭᠡᠳᠤᠯ | ᠢ ᠪᠡᠶᠡᠯᠡᠭᠦᠯᠤᠭ᠍ᠰᠡᠨ ᠪᠠᠶᠢᠪᠠ ᠃ ︽ᠦᠷᠤᠨᠡᠳᠠᠬᠢᠨ ᠳᠤ ᠠᠪᠴᠤ ᠬᠡᠯᠡᠪᠡᠯ᠂ ᠬᠤᠪᠢᠯᠠᠢ ᠬᠠᠭᠠᠨ ᠶᠡᠷᠤ ᠨᠢ ᠴᠢᠩᠬᠢᠰ | ᠬᠠᠭᠠᠨ ᠠᠴᠠ ᠢᠯᠡᠭᠦᠤ ᠨᠡᠷ᠎ᠡ ᠠᠯᠳᠠᠷᠳᠠᠢ ᠬᠦᠮᠤᠨ ᠪᠠᠶᠢᠵᠤ ᠴᠢᠳᠠᠬᠤ ᠦᠭᠡᠢ ᠨᠢ ᠦᠨᠡᠨ ᠬᠡᠷᠡᠭ᠃ ᠬᠠᠷᠢᠨ ᠵᠡᠭᠦᠨ | ᠠᠽᠢᠶ᠎ᠠ ᠳᠤ ᠬᠤᠪᠢᠯᠠᠢ ᠬᠠᠭᠠᠨ ᠤ ᠪᠠᠶᠢᠷᠢ ᠰᠠᠭᠤᠷᠢ ᠪᠤᠯ ᠬᠠᠷᠢᠴᠠᠯᠠᠰᠢ ᠦᠭᠡᠢ ᠶᠤᠮ᠃ ᠠᠭᠤᠤ ᠶᠡᠭᠡ ᠡᠪᠦᠭᠡ | ᠡᠴᠢᠭᠡ ᠨᠢ ᠴᠤ ᠭᠡᠳ ᠡᠨᠡᠬᠦ ᠨᠦᠯᠤᠭᠡ ᠶᠢ ᠨᠢ ᠬᠦᠨᠳᠡᠵᠤ ᠦᠯᠤ ᠴᠢᠳᠠᠨ᠎ᠠ᠃ ᠤᠮᠠᠷ᠎ᠠ ᠵᠦᠭ ᠤᠨ | ᠦᠨᠳᠤᠰᠤᠳᠠᠨ ᠤ ᠬᠤᠪᠢ ᠳᠤ᠂ ᠪᠦᠬᠦ ᠬᠢᠲᠠᠳ ᠤᠷᠤᠨ ᠢ ᠡᠵᠡᠮᠰᠢᠨ ᠵᠠᠬᠢᠷᠤᠬᠰᠠᠨ ᠬᠠᠮᠤᠭ ᠠᠩᠬᠠᠨ ᠤ ᠢᠷᠠᠭᠤ | ᠠᠯᠳᠠᠷ ᠢ ᠬᠠᠳᠠᠭᠠᠯᠠᠬᠰᠠᠨ ᠬᠦᠮᠤᠨ ᠪᠤᠯ ᠬᠠᠷᠢᠨ ᠬᠤᠪᠢᠯᠠᠢ ᠬᠠᠭᠠᠨ ᠮᠦᠨ ᠪᠠᠶᠢᠪᠠ᠃ ᠲᠡᠭᠦᠨᠴᠢᠯᠡᠨ ᠮᠤᠩᠭᠤᠯ᠂ | ᠮᠠᠨᠵᠤ᠂ ᠬᠢᠲᠠᠳ᠂ ᠰᠤᠯᠤᠩᠭᠤᠰ᠂ ᠲᠦᠪᠡᠳ᠂ ᠡᠨᠡᠳᠭᠡᠭ᠂ ᠪᠢᠷᠮᠠ᠂ ᠪᠠᠰᠠ ᠵᠡᠸ᠋ᠨ᠂ ᠰᠦᠮᠡᠨᠲᠷᠠ᠂ ᠦᠭᠡᠷ᠎ᠡ ᠪᠠᠷ | ᠬᠡᠯᠡᠪᠡᠯ ᠤᠳᠣ ᠶᠢᠨ ᠶᠡᠭᠡ ᠵᠡᠭᠦᠨ ᠠᠽᠢᠶ᠎ᠠ ᠶᠢ ᠪᠦᠬᠦᠶᠢᠯᠡ ᠳᠤᠨᠢ ᠬᠤᠪᠢᠯᠠᠢ ᠬᠠᠭᠠᠨ ᠠᠩᠬ᠎ᠠ ᠤᠳᠠᠭ᠎ᠠ ᠤᠯᠤᠰ | ᠲᠦᠷᠤ ᠶᠢᠨ ᠨᠢᠭᠡᠳᠤᠮᠡᠯ ᠨᠢᠭᠡᠴᠢ ᠪᠤᠯᠭᠠᠵᠤ ᠴᠢᠳᠠᠬᠰᠠᠨ ᠶᠠᠪᠤᠳᠠᠯ ᠡᠭᠦᠨ ᠢ ᠮᠠᠷᠭᠤᠰᠢ ᠦᠭᠡᠢ ᠨᠤᠳᠠᠯᠠᠵᠤ ᠪᠤᠢ᠃ | ᠡᠨᠡ ᠪᠤᠯ ᠲᠡᠤᠬᠡᠨ ᠲᠡᠭᠡᠷ᠎ᠡ ᠬᠤᠪᠢᠯᠠᠢ ᠬᠠᠭᠠᠨ ᠳᠤ ᠯᠡ ᠵᠠᠶᠠᠭᠠᠬᠳᠠᠬᠰᠠᠨ ᠤᠨᠴᠠ ᠡᠷᠬᠡ ᠪᠠᠶᠢᠵᠠᠢ︾᠃ ᠲᠡᠯᠡᠬᠡᠢ | ᠲᠡᠭᠡᠷ᠎ᠡ ᠠᠯᠢ ᠴᠤ ᠦᠨᠳᠤᠰᠤᠳᠡᠨ ᠡᠳᠤᠭᠡ ᠪᠤᠯᠳᠠᠯ᠎ᠠ ᠮᠤᠩᠭᠤᠯ ᠦᠨᠳᠤᠰᠤᠳᠡᠨ ᠰᠢᠭ ᠬᠤᠶᠠᠷ ᠲᠢᠪ ᠢ ᠠᠯᠤᠰᠯᠠᠬᠰᠠᠨ | ᠶᠡᠭᠡ ᠨᠢᠭᠡᠳᠤᠯ ᠢ ᠪᠡᠶᠡᠯᠡᠭᠦᠯᠵᠤ ᠴᠢᠳᠠᠬᠰᠠᠨ ᠦᠭᠡᠢ ᠶᠤᠮ᠂ ᠨᠢᠭᠡᠳᠤᠭ᠍ᠰᠡᠨ ᠨᠢᠭᠡ ᠨᠢ ᠤᠳᠤ ᠬᠠᠷᠢᠨ ᠰᠠᠷᠨᠢᠵᠤ | ᠰᠠᠯᠬᠤ ᠨᠢ ᠤᠯᠠᠨ ᠪᠤᠯᠵᠠᠢ᠃ | ᠤᠳᠤᠬᠠᠨ᠎ᠠ ᠦᠷᠤᠨᠡᠳᠡᠬᠢᠨ ᠤ ᠬᠢᠨ ᠬᠠᠷᠢᠨ ᠬᠤᠪᠢᠯᠠᠢ ᠶᠢ ᠲᠠᠬᠢᠵᠤ ᠰᠢᠨ᠎ᠡ ᠪᠠᠷ ᠦᠨᠡᠯᠡᠨ ᠰᠤᠳᠤᠯᠴᠠᠭᠠᠵᠤ | ᠪᠠᠶᠢᠨ᠎ᠠ᠃ ᠬᠤᠪᠢᠯᠠᠢ ᠬᠠᠭᠠᠨ ᠲᠤᠮᠳᠠᠳᠤ ᠤᠯᠤᠰ ᠤᠨ ᠬᠠᠮᠤᠭ ᠶᠡᠭᠡ ᠨᠢᠭᠡᠳᠤᠯ ᠢ ᠪᠡᠶᠡᠯᠡᠭᠦᠯᠵᠤ ᠂ ᠠᠯᠳᠠᠨ ᠣᠷᠳᠤᠨ | ᠤ ᠬᠠᠭᠠᠳ᠂ ᠵᠠᠩᠵᠤᠨ ᠪᠠ ᠣᠯᠠᠨ ᠬᠡᠰᠡᠭ ᠸᠠᠩᠳᠦ ᠤᠯᠤᠰ ᠤᠳ ᠪᠠᠶᠢᠭᠰᠠᠨ ᠣᠷᠤᠰ ᠤᠳ ᠢ ᠨᠢᠭᠡᠳᠬᠡᠨ | ᠪᠣᠰᠬᠠᠵᠦ ᠢᠷᠡᠭᠰᠡᠨ ᠵᠡᠷᠭᠡ ᠭᠠᠶᠢᠬᠠᠮ᠎ᠠ ᠠᠷᠭ᠎ᠠ ᠣᠬᠠᠭᠠᠨ᠂ ᠬᠦᠴᠦ ᠴᠢᠳᠠᠯ ᠪᠤᠯ ᠲᠡᠷᠡ ᠴᠢᠭ ᠢᠶᠠᠷ ᠢᠶᠠᠨ ᠡᠨᠡᠬᠦ | ᠮᠣᠩᠭᠤᠯ ᠣᠬᠠᠭᠠᠨ ᠪᠠᠶᠢᠭᠰᠠᠨ ᠭᠡᠳᠡᠭ ᠢ ᠲᠡᠤᠬᠡ ᠦᠨᠤᠳᠤᠷ ᠬᠡᠷᠡᠴᠢ ᠪᠠᠷᠢᠮᠳᠠ ᠭᠡᠭᠡᠨ ᠤᠬᠠᠭᠠᠨ ᠢᠶᠠᠷ | ᠦᠨᠡᠯᠡᠵᠡᠭᠡᠨᠡ ᠃ ᠡᠨᠡ ᠣᠬᠠᠭᠠᠨ ᠠᠴᠠ ᠣᠮᠳᠠᠭᠠᠯᠠᠭᠰᠠᠨ ᠡᠷᠲᠡᠨ ᠤ ᠰᠺᠢᠹ᠂ ᠲᠠᠲ᠋ᠠᠷ᠂ ᠲᠦᠷᠺ ᠂ ᠰᠧᠯᠵᠢᠭ ᠤᠳ | ᠪᠣᠰᠣᠳ ᠢ ᠰᠦᠬᠦᠷᠡᠭᠦᠯᠬᠦ ᠠᠷᠭ᠎ᠠ ᠴᠢᠳᠠᠯ ᠢ ᠣᠯᠤᠨ ᠠᠪᠴᠤ᠂ ᠣᠶᠢᠭᠤᠷ᠂ ᠲᠦᠷᠦᠭ᠂ ᠬᠢᠳᠠᠨᠴᠤᠳ ᠠᠩᠬᠠᠨ ᠤ | ᠲᠦᠷᠦᠲᠦ ᠣᠯᠤᠰ ᠢᠶᠠᠨ ᠪᠠᠶᠢᠭᠤᠯᠤᠭᠰᠠᠨ ᠲᠡᠣᠬᠡ ᠪᠠᠨ ᠠᠳᠡ ᠠᠴᠠ ᠡᠬᠢᠯᠡᠨ ᠪᠢᠴᠢᠵᠦ ᠪᠠᠶᠢᠪᠠ ᠭᠡᠵᠤ ᠲᠡᠤᠭᠡ ᠶᠢᠨ | ᠡᠷᠳᠡᠮᠳᠡᠳ ᠲᠤᠷᠴᠤ ᠲᠡᠭᠡᠭᠯᠡᠬᠦ ᠦᠭᠡᠢ ᠦᠵᠡᠵᠡᠭᠡᠨᠡ ᠃ ᠲᠡᠭᠡᠭᠡᠳ ᠯᠡ ᠨᠢᠭᠡᠨᠲᠡ ᠪᠦᠷᠢᠨ ᠲᠤᠶᠢᠮᠤ ᠪᠠᠷ ᠨᠢ | ᠣᠬᠠᠭᠠᠷᠠᠭᠰᠠᠨ ᠭᠧᠷᠮᠠᠨ ᠤ ᠰᠤᠩᠭᠤᠳᠠᠭ ᠭᠦᠨ ᠣᠬᠠᠭᠠᠨ ᠤ ᠡᠪᠦᠭᠡ ᠂ ᠰᠤᠣᠲᠤ ᠭᠦᠨ ᠣᠬᠠᠭᠠᠨᠲᠠᠨ ᠨ᠊ ·ᠸ᠊ | ·ᠭᠧᠭᠧᠯ ︽ᠮᠣᠩᠭᠤᠯᠴᠣᠳ ᠬᠦᠮᠦᠨ ᠲᠦᠷᠦᠯᠬᠢᠳᠡᠨ ᠳᠤ ᠣᠶᠣᠨ ᠣᠬᠠᠭᠠᠨ ᠢ ᠪᠡᠯᠡᠭᠯᠡᠭᠰᠡᠨ ᠶᠤᠮ︾ ᠭᠡᠮᠡᠨ | ᠮᠠᠰᠢᠳᠠ ᠰᠢᠳᠤᠷᠭᠤ ᠪᠠᠷ ᠲᠡᠮᠳᠡᠭᠯᠡᠨ ᠦᠯᠡᠳᠡᠭᠡᠭᠰᠡᠨ ᠪᠠᠶᠢᠳᠠᠭ ᠪᠦᠯᠦᠭᠡ᠃ ᠲᠡᠭᠦᠨ ᠤ ᠡᠨᠡ ᠳ᠋ᠦᠩᠨᠡᠯᠳᠡ ᠪᠤᠯ | ᠶᠠᠮᠠᠷ ᠴᠦ ᠨᠡᠮᠡᠷᠢ ᠬᠠᠴᠢᠷ ᠦᠭᠡᠢ᠂ ᠴᠢᠮᠡᠭ ᠵᠡᠭᠦᠰᠬᠡᠯ ᠦᠭᠡᠢ᠂ ᠰᠡᠳᠭᠢᠯ ᠬᠦᠭᠡᠷᠦᠯ ᠤᠨ ᠰᠢᠯᠲᠠᠭᠠᠨ ᠪᠠᠶᠢᠬᠤ ᠦᠭᠡᠢ | ᠂ ᠪᠣᠳᠠᠲᠦ ᠦᠨᠡᠨ᠂ ᠪᠣᠳᠠᠲᠦ ᠦᠨᠡᠯᠡᠯᠲᠡ ᠶᠤᠮ᠃ ᠡᠶᠢᠨᠬᠦ ︽ᠮᠣᠩᠭᠤᠯ ᠣᠬᠠᠭᠠᠨ ᠨᠢ ᠦᠷᠦᠨ᠎ᠠ᠂ ᠲᠤᠷᠤᠨ᠎ᠠ ᠶᠢᠨ | ᠣᠶᠣᠨ ᠣᠬᠠᠭᠠᠨ ᠤ ᠮᠦᠨ ᠴᠢᠨᠠᠷ᠂ ᠨᠡᠶᠢᠭᠡᠮ ᠤᠨ ᠰᠡᠳᠬᠢᠯᠭᠡᠨ ᠤ ᠬᠦᠭᠵᠢᠯ ᠢ ᠣᠶᠢᠷ᠎ᠠ ᠬᠤᠭᠤᠷᠤᠨᠳᠦ ᠨᠢ ᠰᠢᠲᠦᠨ | ᠪᠠᠷᠢᠯᠳᠣᠭᠤᠯᠵᠦ᠂ ᠬᠦᠮᠦᠨ ᠲᠦᠷᠦᠯᠬᠢᠲᠡᠨ ᠤ ᠲᠠᠨᠢᠨ ᠮᠡᠳᠡᠬᠦᠢ ᠶᠢᠨ ᠠᠷᠭ᠎ᠠ ᠪᠢᠯᠢᠭ ᠢ ᠬᠤᠯᠪᠤᠬᠤ ᠲᠡᠣᠬᠡᠨ ᠡᠭᠦᠷᠭᠡ | ᠭᠦᠢᠴᠡᠳᠭᠡᠵᠣ ᠢᠷᠡᠭᠰᠡᠨ︾ ᠠᠵᠢ ᠃ ᠁ | ᠳᠦᠷᠪᠡ | ᠱᠠᠩᠳᠤ ᠨᠡᠶᠢᠰᠯᠠᠯ ᠤᠨ ᠪᠠᠭᠤᠷᠢ ᠶᠢ ᠤᠳᠠᠳᠠᠯ᠎ᠠ ᠬᠠᠷᠠᠵᠤ ᠰᠠᠭᠤᠬᠤ ᠳᠤ ᠬᠢᠯᠡᠯᠵᠠᠬᠰᠠ ᠰᠤᠶᠤᠯ ᠨᠢ ᠰᠡᠳᠬᠢᠯ | ᠪᠠᠶᠠᠰᠬᠠᠬᠤ ᠳᠤ᠂ ᠰᠢᠷᠬ᠎ᠠ ᠰᠤᠷᠪᠢ ᠲᠠᠢ ᠲᠡᠤᠭᠡ ᠨᠢ ᠴᠤ ᠰᠡᠷᠡᠯ ᠰᠡᠳᠬᠢᠭᠳᠡᠯ ᠳᠤ ᠬᠤᠯᠢᠯᠳᠤᠨ ᠤᠷᠤᠵᠤ ᠢᠷᠡᠬᠦ | ᠦᠭᠡᠢ ᠪᠠᠶᠢᠬᠤ ᠶᠢᠨ ᠠᠷᠭ᠎ᠠ ᠦᠭᠡᠢ ᠪᠢᠯᠡ ᠃ | ᠱᠠᠩᠳᠤ ᠨᠡᠶᠢᠰᠯᠡᠯ ᠠᠴᠠ ᠡᠮᠤᠨ᠎ᠡ᠂ ᠮᠤᠩᠭᠤᠯ ᠤᠨ ᠨᠡᠶᠢᠰᠯᠠᠯ ᠨᠢ ᠬᠠᠷ᠎ᠡ ᠬᠤᠷᠤᠮ ᠳᠤ ᠪᠠᠶᠢᠪᠠ᠃ ᠮᠤᠩᠭᠤᠯ | ᠦᠨᠳᠤᠰᠤᠳᠡᠨ ᠤ ᠤᠯᠠᠮᠵᠢᠯᠠᠯᠳᠤ ᠵᠤᠷᠰᠢᠯ ᠶᠤᠰᠤᠭᠠᠷ ᠪᠤᠯ ᠬᠠᠷ᠎ᠡ ᠬᠤᠷᠤᠮ ᠳᠤ ᠶᠡᠭᠡ ᠬᠠᠭᠠᠨ ᠢ ᠰᠤᠩᠭᠤᠬᠤ | ᠬᠤᠷᠡᠯᠳᠡᠢ ᠬᠤᠷᠠᠯᠳᠤᠭᠤᠯᠬᠤ ᠶᠤᠰᠤᠳᠠᠢ ᠪᠦᠭᠡᠳ ᠡᠯ᠎ᠡ ᠤᠬᠰᠠᠭ᠎ᠠ ᠠᠶᠢᠮᠠᠭ ᠤᠨ ᠲᠦᠷᠤᠯ ᠤᠨ ᠸᠠᠩ ᠤᠳ ᠢ | ᠡᠷᠭᠡᠪᠰᠢ ᠤᠷᠤᠯᠴᠠᠭᠤᠯᠬᠤ ᠬᠡᠷᠡᠭᠳᠡᠢ ᠪᠢᠯᠡ᠃ ᠮᠤᠩᠭᠤᠯ ᠤᠨ ᠭᠤᠳᠠᠭᠠᠷ ᠬᠠᠭᠠᠨ ᠮᠦᠡᠭᠭᠡ ᠬᠠᠭᠠᠨ ᠬᠠᠯᠢᠮᠠᠬᠴᠠ᠂ | ᠬᠠᠭᠠᠨ ᠤ ᠤᠷᠤ ᠶᠢ ᠪᠤᠯᠢᠶᠡᠯᠳᠤᠬᠤ ᠬᠠᠶᠢᠷ᠎ᠠ ᠨᠠᠶᠢᠷ ᠦᠭᠡᠢ ᠲᠡᠮᠡᠴᠡᠯ ᠬᠠᠭᠠᠨ ᠤᠬᠰᠠᠭᠠᠳᠠᠨ ᠤ ᠲᠤᠳᠤᠷ᠎ᠠ ᠬᠠᠳᠠᠭᠤ | ᠰᠢᠷᠤᠭᠦᠨ ᠡᠭᠦᠰᠬᠦ ᠶᠢ ᠬᠡᠨ ᠮᠡᠳᠡᠯ᠎ᠡ᠃ ᠡᠨᠡ ᠨᠢ ᠨᠡᠭᠦᠳᠡᠯᠴᠢ ᠤᠬᠰᠠᠭᠠᠨ ᠤ ᠦᠨᠳᠤᠰᠤᠨ ᠠᠰᠢᠭ ᠲᠤᠰᠠ ᠠᠴᠠ | ᠡᠭᠦᠰᠤᠭ᠍ᠰᠡᠨ ᠬᠤᠪᠢ ᠪᠠᠶᠢᠨ᠎ᠠ ᠭᠡᠬᠦ ᠳᠤ᠂ ᠴᠢᠩᠬᠢᠰ ᠤᠨ ᠲᠤᠯᠭᠠᠭᠤᠷᠢ ᠲᠦᠷᠤ ᠶᠢᠨ ᠨᠤᠶᠡᠷᠬᠠᠬᠴᠢ ᠠᠩᠭᠢ ᠶᠢᠨ | ᠬᠤᠪᠢ ᠶᠢᠨ ᠠᠰᠢᠭ ᠲᠤᠰᠠ ᠶᠢᠨ ᠬᠦᠭᠡᠭᠡᠴᠡᠯᠳᠤᠯ ᠵᠦᠭ ᠬᠠᠨᠳᠤᠬᠰᠠᠨ ᠢ ᠭᠤᠨᠢᠬᠳᠠᠢ ᠪᠠᠷ ᠬᠠᠷᠡᠭᠤᠯᠤᠬᠰᠠᠨ ᠶᠠᠪᠤᠳᠠᠯ | ᠴᠤ ᠪᠠᠶᠢᠬᠤ ᠶᠤᠮ᠃ ᠨᠤᠶᠡᠷᠬᠠᠬᠴᠢ ᠠᠩᠬᠢ ᠶᠡᠷᠤ ᠠᠴᠠ ᠠᠩᠬᠢ ᠶᠢᠨ ᠠᠰᠢᠭ ᠲᠤᠰᠠ ᠶᠢᠨ ᠵᠤᠷᠢᠯᠳᠡ ᠶᠢᠨ ᠢᠶᠠᠨ | ᠲᠦᠯᠤᠭᠡ ᠠᠷᠭ᠎ᠠ ᠪᠦᠬᠦᠨ ᠢ ᠰᠦᠪᠡᠭᠴᠢᠯᠡᠨ ᠤᠬᠰᠠᠭ᠎ᠠ ᠦᠨᠳᠤᠰᠤᠳᠡᠨ ᠤ ᠪᠠᠨ ᠠᠰᠢᠭ ᠲᠤᠰᠡ ᠶᠢ ᠦᠷᠡᠭᠳᠡᠭᠦᠯᠵᠤ | ᠪᠠᠶᠢᠭᠠᠳ ᠴᠤ ᠠᠰ ᠤᠨ ᠠᠰᠢᠭ ᠲᠤᠰᠡ ᠳᠠᠭᠠᠨ ᠵᠢᠳᠭᠦᠨ ᠬᠦᠷᠳᠡᠭ ᠶᠡᠷᠤᠩᠬᠡᠢ ᠤᠨᠴᠠᠯᠢᠭ ᠲᠠᠢ ᠪᠠᠶᠢᠳᠠᠭ ᠠᠵᠢ᠃ | ᠬᠤᠪᠢᠯᠡᠢ ᠪᠣᠯ ᠴᠢᠩᠬᠢᠰ ᠬᠠᠭᠠᠠ ᠤ ᠤᠤᠡᠬᠤᠠ ᠬᠦᠪᠡᠬᠦᠠ ᠲᠤᠯᠤᠢ ᠶᠢᠨ ᠰᠤᠷᠬᠠᠡᠡᠳᠡᠨᠢ ᠬᠠᠳᠦᠠ ᠠᠴᠠ | ᠲᠦᠷᠦᠭᠰᠡᠠ ᠬᠦᠦ᠂ ᠮᠦᠩᠭᠡ ᠬᠠᠭᠠᠠ ᠤ ᠲᠡᠬᠦᠦ ᠪᠤᠯᠦᠨ᠎ᠡ᠃ 1251 ᠤᠠ ᠳᠤ ᠬᠤᠪᠢᠯᠡᠢ ᠮᠦᠩᠭᠡ ᠬᠠᠭᠠᠠ ᠤ | ᠵᠡᠷᠯᠢᠬ ᠢᠶᠠᠷ ᠭᠤᠪᠢ ᠶᠢᠨ ᠡᠮᠦᠨᠡᠬᠢ ᠮᠤᠩᠭᠤᠯ ᠬᠢᠭᠡᠦᠠ ᠬᠢᠳᠡᠦᠠ ᠤᠷᠦᠠ ᠤ ᠴᠡᠷᠢᠭ ᠵᠡᠰᠠᠬ ᠤᠨ ᠶᠡᠪᠦᠳᠡᠯ ᠢ | ᠶᠡᠷᠦᠩᠭᠡᠶᠢᠯᠡᠠ ᠬᠠᠮᠢᠶᠡᠷᠪᠡ᠃ 1252 ᠤᠠ ᠳᠤ᠂ ᠮᠦᠩᠭᠡ ᠬᠠᠭᠠᠠ ᠤ ᠵᠡᠷᠯᠢᠬ ᠢᠶᠠᠷ ᠶᠡᠭᠡ ᠤᠢᠷᠯᠦᠭ | ᠤᠷᠢᠶᠡᠩᠬᠠᠳᠡᠢ ᠲᠠᠢ ᠬᠠᠮᠳᠦ 10 ᠲᠦᠮᠡᠠ ᠴᠡᠷᠢᠭ ᠲᠡᠶᠢᠴᠢᠯᠡᠠ ᠳ᠋ᠡᠯᠢ ᠤᠯᠦᠰ ᠢ ᠲᠠᠶᠢᠯᠠᠨᠲ᠋ᠠᠭᠠᠭᠤᠯᠤᠬᠰᠠᠨ ᠪᠠᠶᠢᠨ᠎ᠠ ᠃ | | ᠬᠤᠪᠢᠯᠠᠢ ᠶᠢᠨ ᠡᠷᠭᠡᠰᠢᠶᠡᠯ ᠬᠦᠴᠤᠨ ᠦᠷᠭᠡᠵᠢᠨ ᠶᠡᠬᠡᠳᠦᠭᠰᠡᠨ ᠶᠠᠪᠤᠳᠠᠯ ᠨᠢ ︽ᠤᠬᠰᠠᠭ᠎ᠠ ᠲᠦᠷᠤᠯ︾ ᠤᠨ | ᠬᠢᠨ ᠤ ᠪᠠ ᠤᠯᠤᠰ ᠭᠦᠷᠤᠨ ᠤ ᠡᠳ᠋ ᠠᠰᠢᠭ ᠭᠠᠶᠢᠯᠢ ᠲᠠᠳᠠᠪᠤᠷᠢ ᠶᠢ ᠬᠠᠮᠢᠶᠠᠷᠴᠤ ᠪᠠᠶᠢᠬᠰᠠᠨ ᠵᠠᠯᠢᠬᠠᠢ | ᠲᠦᠰᠢᠮᠡᠳ ᠤᠨ ᠠᠲᠠᠭ᠎ᠠ ᠬᠤᠷᠤᠰᠤᠯ ᠢ ᠲᠡᠭᠲᠡᠭᠡᠵᠡᠢ᠃ ︽ᠵᠢᠳᠭᠦᠭᠰᠡᠨ ᠦᠬᠡᠷ ᠤᠨ ᠵᠢᠷᠤᠬᠡ ᠶᠢ ᠰᠤᠭᠤᠯᠤᠨ᠎ᠠ | ᠭᠡᠭᠴᠢ ︾ ᠪᠠᠷ ᠲᠡᠳᠡ ᠬᠤᠪᠢᠯᠠᠢ ᠪᠠ ᠲᠡᠭᠦᠨ ᠤ ᠲᠤᠰᠠᠯᠠᠬᠴᠢ ᠲᠦᠰᠢᠮᠡᠳ ᠢ ︽ ᠸᠠᠩ ᠤᠨ ᠤᠷᠳᠤᠨ ᠲᠤᠮᠳᠠᠳᠤ | ᠤᠷᠤᠨ ᠤ ᠬᠢᠳᠡᠳ ᠪᠢᠴᠢᠭ ᠤᠨ ᠬᠦᠮᠤᠨ ᠤ ᠰᠡᠳᠬᠢᠯ ᠢ ᠣᠯᠪᠠ︾᠂ ︽ᠸᠠᠩ ᠤᠨ ᠤᠷᠳᠤᠨ ᠤ ᠬᠦᠮᠤᠰ ᠡᠷᠬᠡ | ᠡᠵᠡᠮᠳᠠᠵᠤ ᠮᠠᠭᠤ ᠬᠡᠷᠡᠭ ᠤᠯᠠᠨ ᠦᠢᠯᠡᠳᠪᠡ︾ ᠬᠡᠮᠡᠨ ᠮᠦᠩᠭᠡ ᠬᠠᠭᠠᠨ ᠳᠤ ᠬᠤᠪᠯᠠᠨ ᠵᠠᠭᠠᠯᠳᠤᠵᠠᠢ᠃ ᠡᠭᠦᠨ ᠳᠤ | ᠮᠦᠩᠭᠡ ᠬᠠᠭᠠᠨ ᠰᠡᠵᠢᠭ ᠲᠦᠷᠤᠵᠤ᠂ ᠲᠤᠤᠷᠠᠬᠢ ᠰᠠᠶᠢᠳ ᠠᠯᠳᠠᠷ ᠨᠠᠷ ᠢ ᠲᠤᠮᠢᠯᠠᠨ ᠡᠾᠧᠨᠠᠨ ᠤ ᠢᠯᠪᠢᠨ ᠵᠠᠰᠠᠬᠤ | ᠶᠠᠮᠤᠨ ᠪᠤᠯᠤᠨ ᠵᠢᠩ ᠵᠤᠤ ᠶᠢᠨ ᠢᠯᠪᠢᠨ ᠲᠤᠬᠤᠨᠢᠭᠤᠯᠬᠤ ᠶᠠᠮᠤᠨ ᠤ ᠡᠳ᠋ ᠭᠠᠶᠢᠯᠢ ᠶᠢ ᠲᠤᠯᠭᠠᠨ | ᠪᠠᠶᠢᠴᠠᠭᠠᠯᠭᠠᠬᠤ ᠶᠢᠨ ᠬᠠᠮᠳᠤ᠂ ᠭᠤᠸᠠᠨᠵᠦ᠋ᠩ ᠤᠷᠤᠨ ᠳᠤ ᠲᠤᠯᠭᠠᠨ ᠪᠠᠶᠢᠴᠠᠭᠠᠬᠤ ᠲᠤᠪᠴᠢᠶ᠎ᠠ ᠪᠠᠶᠢᠭᠤᠯᠪᠠ᠃ | ᠢᠩᠬᠢᠭᠡᠳ ᠠᠯᠳᠠᠷ ᠵᠡᠷᠭᠡ ᠶᠢᠨ ᠬᠦᠮᠤᠰ ︽ᠲᠣᠷ᠎ᠠ ᠵᠣᠷᠢᠭ ᠢᠶᠠᠷ ᠢᠶᠠᠨ ᠭᠡᠷᠴᠡᠭᠡᠶᠢᠯᠡᠨ ᠠᠭᠠᠰᠢᠯᠠᠵᠤ᠂ ᠰᠢᠳᠠᠮᠡ | ᠬᠠᠯᠠᠭᠤᠨ ᠡᠳᠤᠷ ᠬᠦᠮᠤᠨ ᠢ ᠨᠠᠷᠠᠨ ᠳᠤ ᠰᠢᠷᠠᠵᠤ ᠰᠢᠳᠠᠮᠳᠠᠵᠤ ᠠᠯᠠᠬᠰᠠᠨ︾ ᠤᠴᠢᠷ ᠠᠴᠠ ᠡᠨᠡ ᠮᠡᠳᠤ ᠭᠡᠷᠴᠡᠬᠡᠢ | ᠡᠷᠡᠭᠦᠳᠡᠯ ᠳᠤ ᠱᠠᠨᠰᠢ ᠶᠠᠮᠤᠨ ᠠᠴᠠ ᠬᠤᠷᠢᠭᠠᠳ ᠢᠯᠡᠭᠦᠤ ᠬᠦᠮᠤᠨᠠᠮᠢ ᠪᠠᠨ ᠠᠯᠳᠠᠬᠰᠠᠨ ᠪᠠᠶᠢᠵᠠᠢ᠃ ᠲᠡᠳᠡ ᠪᠠᠰᠠ | ᠡᠾᠧᠨᠠᠨ ᠤ ᠢᠯᠪᠢᠨ ᠵᠠᠰᠠᠬᠤ ᠶᠠᠮᠤᠨ ᠪᠠ ᠵᠢᠩ ᠵᠤᠤ ᠶᠢᠨ ᠢᠯᠪᠢᠨ ᠲᠤᠬᠤᠨᠢᠭᠤᠯᠬᠤ ᠶᠠᠮᠤᠨ ᠤ ᠤᠯᠠᠨ | ᠲᠦᠰᠢᠮᠡᠳ ᠲᠤ ᠨᠢᠭᠡ ᠵᠠᠭᠤ ᠲᠦᠴᠢᠨ ᠬᠤᠶᠠᠷ ᠶᠠᠯ᠎ᠠ ᠨᠦᠮᠤᠷᠢᠭᠦᠯᠤᠨ᠂ ᠡᠭᠦᠨ ᠢᠶᠠᠷ ᠬᠤᠪᠢᠯᠠᠢ ᠵᠢᠨᠡᠷᠭᠡᠰᠢᠶᠡᠯ ᠳᠤ | ᠪᠠᠶᠢᠬᠰᠠᠨ ᠢᠷᠭᠡᠨ ᠤ ᠬᠡᠷᠡᠭ᠂ ᠡᠳ᠋ ᠭᠠᠶᠢᠯᠢ ᠬᠤᠷᠢᠶᠠᠬᠤ ᠡᠷᠬᠡ ᠶᠢ ᠡᠭᠡᠭᠦᠯᠤᠨ ᠠᠪᠴᠤ᠂ ᠬᠤᠪᠢᠯᠠᠢ ᠶᠢᠨ | ᠤᠷᠳᠤᠨ ᠤ ᠠᠯᠪᠠᠨ ᠲᠦᠰᠢᠮᠡᠳ ᠢ ᠬᠤᠤᠷᠯᠠᠨ ᠬᠦᠨᠤᠭᠡᠵᠤ ᠲᠡᠭᠦᠨ ᠤ ᠤᠯᠤᠰ ᠲᠦᠷᠤ ᠶᠢᠨ ᠬᠦᠴᠤᠨ ᠳᠤ ᠴᠤᠬᠢᠯᠳᠡ | ᠦᠭᠬᠦ ᠪᠠᠷ ᠤᠷᠤᠯᠳᠤᠬᠰᠠᠨ ᠪᠠᠶᠢᠪᠠ᠃ ᠬᠤᠪᠢᠯᠠᠢ ᠡᠨᠡ ᠶᠠᠪᠤᠳᠠᠯ ᠤᠨ ᠲᠦᠯᠤᠭᠡ ᠲᠤᠶᠢᠯ ᠢᠶᠠᠷ ᠰᠡᠳᠬᠢᠯ ᠵᠤᠪᠠᠵᠤ | ᠪᠠᠶᠢᠬᠰᠠᠨ ᠦᠶ᠎ᠡ ᠳᠤ ᠲᠤᠤᠷᠠᠬᠢ ᠲᠦᠰᠢᠮᠡᠳ ᠨᠢ ᠰᠠᠨᠠᠭᠤᠯᠭ᠎ᠠ ᠦᠭᠴᠤ᠂ ︽ᠲᠡᠭᠦᠨ ᠢ ᠡᠭᠡᠨᠡᠷ ᠬᠡᠤᠬᠡᠳ ᠢᠶᠠᠨ | ᠮᠦᠩᠭᠡ ᠬᠠᠭᠠᠨ ᠤ ᠲᠡᠷᠭᠡᠳᠡ ᠬᠦᠷᠭᠡᠨ ᠳᠠᠨᠵᠢᠨ ᠪᠤᠯᠭᠠᠬᠤ ᠶᠢᠨ ᠬᠠᠮᠲᠤ᠂ ᠦᠪᠡᠷ ᠤᠨ ᠪᠡᠶ᠎ᠡ ᠪᠠᠷ ᠢᠶᠠᠨ ᠬᠠᠭᠠᠨ ᠳᠤ | ᠤᠴᠢᠵᠤ ᠵᠤᠯᠭᠠᠭᠠᠳ ᠲᠡᠭᠦᠨ ᠤ ᠰᠡᠵᠢᠭ ᠢ ᠲᠠᠶᠢᠯᠪᠠᠯ ᠵᠤᠬᠢᠮᠤᠢ︾ ᠭᠡᠵᠡᠢ᠃ ᠬᠤᠪᠢᠯᠠᠢ ᠲᠡᠭᠡᠭᠡᠳ ᠠᠷᠭ᠎ᠠ ᠪᠤᠰᠤ | ᠲᠦᠰᠢᠮᠡᠳ ᠤᠨ ᠢᠶᠠᠨ ᠰᠠᠨᠠᠭᠤᠯᠭ᠎ᠠ ᠶᠢ ᠰᠤᠨᠤᠰᠴᠤ᠂ ᠡᠬᠡᠨᠡᠷ ᠬᠡᠤᠬᠡᠳ ᠢᠶᠠᠨ ᠬᠠᠷᠠᠬᠤᠷᠤᠮ ᠳᠤ ᠬᠦᠷᠭᠡᠵᠤ | ᠰᠠᠭᠤᠯᠭᠠᠬᠤ ᠶᠢᠨ ᠬᠠᠮᠳᠤ᠂ ᠮᠦᠨ ᠲᠤᠰ ᠵᠢᠯ ᠳᠡᠭᠡᠨ ᠦᠪᠡᠷ ᠤᠨ ᠪᠡᠶ᠎ᠡ ᠪᠠᠷ ᠢᠶᠠᠨ ᠮᠦᠩᠭᠡ ᠬᠠᠭᠠᠨ ᠳᠤ ᠪᠠᠷᠠᠳᠠᠵᠠᠢ᠃ | ᠮᠦᠩᠬᠡ ᠬᠠᠭᠠᠨ ᠬᠤᠪᠢᠯᠠᠢ ᠶᠢᠨ ᠪᠡᠶ᠎ᠡ ᠪᠠᠷ ᠢᠶᠠᠨ ᠢᠷᠡᠵᠤ ᠪᠠᠷᠠᠯᠠᠬᠤ ᠶᠢ ᠦᠵᠡᠭᠡᠳ᠂ ᠠᠬ᠎ᠠ ᠲᠡᠭᠦᠤ ᠶᠢᠨ ᠨᠠᠶᠢᠷ ᠢ | ᠰᠠᠨᠠᠵᠤ ︽ᠲᠡᠭᠦᠨ ᠢ ᠢᠯᠡᠭᠦᠴᠡ ᠴᠠᠭᠠᠪᠤᠷᠢᠯᠠᠭᠤᠯᠤᠬᠰᠠᠨ ᠦᠭᠡᠢ︾ ᠪᠠᠶᠢᠪᠠ᠃ | 1258 ᠤᠠ ᠳᠤ᠂ ᠮᠦᠩᠭᠡ ᠬᠠᠭᠠᠠ ᠭᠤᠷᠪᠡᠠ ᠵᠡᠮ ᠢᠶᠠᠷ ᠴᠡᠷᠢᠭ ᠤᠷᠦᠵᠦ᠂ ᠡᠮᠦᠨᠡᠳᠦ ᠰᠦᠡᠭ | ᠤᠯᠦᠰ ᠢ ᠲᠠᠶᠢᠯᠠᠨ ᠲᠠᠭᠠᠭᠤᠯᠬᠤ ᠪᠠᠷ ᠲᠤᠬᠳᠡᠵᠡᠢ᠃ ᠬᠤᠪᠢᠯᠡᠢ ᠠᠬ᠎ᠠ ᠮᠦᠩᠭᠡ ᠬᠠᠭᠠᠠ ᠤ ᠪᠠᠨ ᠵᠡᠷᠯᠢᠬ ᠢᠶᠠᠷ | ᠨᠢᠭᠡᠠ ᠵᠡᠮ ᠤᠨ ᠴᠡᠷᠢᠭ ᠢ ᠵᠢᠯᠦᠭᠤᠳᠦᠠ ᠬᠤᠸᠡᠢ ᠡᠾᠧ ᠭᠤᠦᠯ ᠢ ᠭᠠᠳᠦᠯᠵᠦ᠂ ᠵᠡᠮ ᠲᠡᠭᠠᠦ ᠬᠤᠳᠠ ᠪᠡᠯᠡᠭᠤᠠ ᠢ | ᠪᠠᠶᠢᠯᠳᠦᠠ ᠲᠠᠭᠠᠭᠤᠯᠵᠤ᠂ ᠡᠸ᠋ᠵᠸᠦ ᠬᠤᠳᠠᠵᠦ᠋ᠭ ᠤᠷᠦᠬᠰᠢᠯᠡᠪᠡ᠃ ᠡᠸ᠋ᠵᠸᠦ ᠶᠢ ᠪᠦᠰᠡᠯᠡᠠ ᠠᠪᠴᠦ ᠪᠠᠶᠢᠯᠳᠦᠵᠦ | ᠪᠠᠶᠢᠳᠡᠯ᠎ᠠ᠂ ᠮᠦᠩᠭᠡ ᠬᠠᠭᠠᠠ ᠤ ᠨᠡᠰᠦ ᠪᠡᠷᠡᠬᠰᠡᠠ ᠭᠠᠰᠢᠭᠤᠳᠡᠯ ᠤᠨ ᠮᠡᠳᠡᠭᠡ ᠬᠦᠷᠴᠦ ᠢᠷᠡᠪᠡ᠃ ᠬᠤᠪᠢᠯᠡᠢ | ᠡᠸ᠋ᠵᠸᠦ ᠶᠢ ᠡᠵᠡᠯᠡᠠᠠᠪᠦᠬᠰᠡᠠ ᠤ ᠲᠡᠷᠠᠭ᠎ᠠ ᠰᠡᠶ᠋ᠢ ᠤᠮᠡᠷᠡᠰᠢ ᠪᠤᠴᠡᠬᠤ ᠪᠠᠷ ᠲᠦᠯᠦᠪᠯᠡᠵᠦ᠂ ᠬᠤᠳᠠ ᠶᠢ ᠨᠡᠩ | ᠰᠢᠷᠦᠬᠦᠠ ᠲᠡᠭᠠᠷᠢᠵᠡᠢ᠃ ᠬᠤᠪᠢᠯᠠᠢ ᠤᠳᠡᠯ ᠤᠢᠭᠡᠢ ᠲᠡᠬᠦᠦ ᠠᠷᠢᠬᠪᠦᠬᠠ ᠨᠢ ᠬᠠᠭᠠᠠ ᠤᠷᠦ ᠡᠵᠡᠯᠡᠬᠦ ᠪᠠᠷ | ᠬᠤᠦᠪᠢᠯᠳᠦᠵᠦ ᠪᠠᠶᠢᠬᠤ ᠮᠡᠳᠡᠭᠡ ᠶᠢ ᠤᠯᠵᠦ ᠰᠤᠨᠦᠰᠦᠭᠠᠦᠠ᠂ ᠡᠮᠦᠨᠡᠳᠦ ᠰᠦᠡᠭ ᠤᠯᠦᠰ ᠲᠠᠢ ᠡᠪᠰᠡᠬᠦ ᠭᠡᠷ᠎ᠠ ᠶᠢ | ᠶᠡᠭᠠᠷᠡᠦ ᠰᠠᠨᠳᠤᠷᠠᠤ ᠪᠠᠶᠢᠭᠤᠯᠦᠭᠠᠦᠠ ᠤᠮᠡᠷᠡᠰᠢ ᠡᠭᠡᠵᠡᠢ ᠃ | 1260 ᠤᠨ ᠤ 3 ᠳ᠋ᠤᠭᠠᠷ ᠰᠡᠷ᠎ᠠ ᠳᠤ᠂ ᠬᠤᠪᠢᠯᠡᠢ ᠺᠠᠶᠢᠹᠸᠡᠭ ᠹᠤ (ᠱᠡᠩᠳᠦ ᠬᠤᠳᠠ) ᠳᠡᠭᠡᠨ ᠬᠠᠷᠢᠵᠤ | ᠢᠷᠡᠬᠡᠳ᠂ ᠲᠡᠬᠦᠠ ᠢ ᠲᠡᠮᠵᠢᠭᠴᠢ ᠸᠡᠩ ᠨᠡᠷ ᠪᠡ ᠰᠡᠶᠢᠦᠠ ᠲᠦᠰᠢᠮᠡᠦᠠ ᠤᠨ ᠬᠠᠮᠳᠤ ᠂ ᠲᠤᠬᠠᠶᠢᠯᠠᠪᠠᠯ ᠥᠬᠡᠳᠡᠢ | ᠶᠢᠨ ᠬᠥᠪᠡᠬᠦᠨ ᠸᠡᠩ ᠨᠤᠶᠡᠨ ᠬᠠᠳᠠᠨ᠂ ᠴᠠᠭᠠᠳᠡᠢ ᠶᠢᠨ ᠬᠥᠪᠡᠬᠦᠨ ᠠᠴᠢᠬᠢ ᠨᠠᠷ ᠪᠠᠷᠠᠭᠤᠨ ᠵᠠᠮ ᠤᠨ ᠸᠡᠩ ᠢ | ᠲᠠᠭᠠᠭᠤᠯᠵᠤ᠂ ᠬᠤᠪᠢᠯᠡᠢ ᠶᠢᠨ ᠲᠠᠬᠦᠤ ᠮᠥᠬᠡ᠂ ᠸᠡᠩ ᠨᠤᠶᠡᠨ ᠲᠠᠴᠢᠷ᠂ ᠬᠠᠰᠡᠷ ᠤᠨ ᠬᠥᠪᠡᠬᠦᠨ ᠶᠢᠰᠤᠩᠭᠡ᠂ | ᠬᠠᠴᠢᠭᠤᠨ ᠤ ᠬᠥᠪᠡᠬᠦᠨ ᠬᠤᠯᠬᠤᠷ᠂ ᠪᠡᠯᠬᠦᠳᠡᠢ ᠶᠢᠨ ᠬᠥᠪᠡᠬᠦᠨ ᠰᠤᠳᠤ ᠨᠠᠷ ᠵᠡᠬᠦᠨ ᠵᠠᠮ ᠤᠨ ᠤᠯᠠᠨ ᠸᠡᠩ ᠢ | ᠲᠠᠭᠠᠭᠤᠯᠵᠤ᠂ ᠺᠠᠶᠢᠹᠸᠡᠭ ᠹᠤ (ᠱᠡᠩᠳᠦ ᠬᠤᠳᠠ) ᠳᠤ ᠴᠤᠬᠯᠠᠷᠠᠨ ᠬᠤᠷᠠᠯᠳᠡᠢ ᠬᠤᠷᠠᠵᠤ᠂ ᠴᠢᠩᠬᠢᠰ ᠬᠠᠭᠠᠠ ᠤ | ᠠᠯᠳᠡᠠ ᠤᠷᠤᠬ ᠤᠨ ᠨᠤᠶᠡᠦᠠ ᠤᠨ ᠬᠤᠷᠡᠯᠳᠡᠢ ᠪᠠᠷ ᠬᠠᠭᠠᠠ ᠰᠤᠩᠭᠤᠬᠤ ᠲᠦᠷᠢᠮ ᠢ ᠲᠡᠪᠴᠢᠭᠡᠦᠠ᠂ ᠤᠢᠪᠡᠷ ᠤᠨ | ᠪᠡᠶ᠎ᠠ ᠪᠠᠨ ᠬᠠᠭᠠᠠ ᠡᠷᠬᠦᠮᠵᠢᠯᠡᠵᠦ᠂ ᠤᠠ ᠤ ᠴᠤᠯᠠ ᠪᠠᠨ ᠵᠦᠡᠭ ᠲᠦᠡᠭ ᠤᠨᠲ᠋ᠡᠷᠢᠬᠦᠠ ᠤᠠ ᠭᠡᠵᠦ ᠶᠤᠸᠡᠠ | ᠤᠯᠦᠰ ᠤᠨ ᠤᠠ ᠲᠤᠭᠠᠯᠡᠯ ᠢ ᠡᠬᠢᠯᠡᠵᠦ ᠭᠡᠷᠡᠭᠯᠡᠪᠡ ᠃ | 1260 ᠤᠨ ᠤ 4 ᠳ᠋ᠤᠭᠡᠷ ᠰᠡᠷ᠎ᠠ ᠳᠤ ᠬᠤᠪᠢᠯᠡᠢ ᠬᠠᠭᠠᠨ ᠤ ᠡᠬᠡ ᠨᠢᠬᠡᠳᠡᠢ ᠲᠥᠷᠥᠭᠰᠡᠨ ᠲᠠᠬᠦᠤ | ᠠᠷᠢᠬᠪᠤᠬ᠎ᠠ ᠮᠤᠩᠭᠤᠯ ᠢᠵᠠᠭᠤᠷᠳᠠᠨ ᠸᠡᠩ ᠨᠠᠷ ᠤᠨ ᠲᠠᠮᠵᠢᠯᠬᠡ ᠪᠠᠷ ︽ᠨᠠᠶᠢᠰᠯᠡᠯ ᠬᠠᠷᠠᠬᠤᠷᠤᠮ ᠤᠨ ᠪᠠᠷᠠᠭᠤᠨ ᠪᠡᠶ᠎ᠠ | ᠳᠠᠬᠢ ᠠᠨᠳᠠᠨ ᠭᠤᠤᠯ ᠳᠤ ᠬᠤᠷᠡᠯᠳᠡᠢ ᠬᠤᠷᠠᠵᠤ᠂ ᠮᠤᠩᠭᠤᠯ ᠤᠨ ᠲᠥᠪ ᠨᠤᠳᠤᠭ ᠢᠶᠠᠨ ᠰᠠᠬᠢᠷᠠ ᠥᠯᠡᠳᠡᠭᠰᠡᠨ | ᠲᠥᠷᠤᠯ ᠤᠨ ᠸᠡᠩ ᠥᠬᠡᠳᠡᠢ ᠶᠢᠨ ᠬᠤᠶᠢᠴᠢ ᠥᠶ᠎ᠠ ᠠᠰᠤᠳᠡᠢ᠂ ᠮᠥᠩᠬᠡ ᠶᠢᠨ ᠬᠥᠪᠡᠬᠦᠨ ᠤᠷᠤᠨᠳᠡᠰᠢ᠂ ᠰᠡᠷᠬᠢ᠂ | ᠴᠠᠭᠠᠳᠡᠢ ᠶᠢᠨ ᠬᠤᠶᠢᠴᠢ ᠥᠶ᠎ᠠ ᠶᠢᠨ ᠸᠡᠩ ᠠᠯᠤᠬᠤ᠂ ᠬᠤᠯᠤᠭᠤ ᠶᠢᠨ ᠬᠥᠪᠡᠬᠦᠨ ᠮᠤᠬᠠᠷ᠂ ᠠᠯᠠᠨᠳᠡᠷ᠂ ᠲᠤᠯᠢᠴᠢ᠂ | ᠪᠠᠳᠤ ᠶᠢᠨ ᠡᠬᠡ ᠬᠤᠳᠤᠬᠳᠡᠢ᠂ ᠴᠠᠭᠠᠳᠡᠢ ᠬᠠᠨ ᠤᠯᠤᠰ ᠤᠨ ᠡᠵᠡᠨ ᠪᠤᠯᠠᠭᠠᠢ᠂ ᠠᠯᠳᠠᠨ ᠤᠷᠳᠤᠨ ᠤᠯᠤᠰ ᠤᠨ | ᠡᠵᠡᠨ ᠪᠠᠯᠠᠭᠠᠢ ᠶᠢᠨ ᠲᠠᠮᠵᠢᠯᠬᠡ ᠪᠠᠷ ᠬᠠᠭᠠᠨ ᠰᠠᠭᠤᠷᠢᠨ ᠢ ᠵᠠᠯᠭᠠᠮᠵᠢᠯᠠᠪᠠ︾᠃ ᠬᠤᠪᠢᠯᠡᠢ ᠬᠠᠭᠠᠠ ᠲᠡᠬᠦᠠ ᠢ | ᠬᠠᠭᠠᠠ ᠴᠤᠯᠠ ᠪᠠᠨ ᠬᠠᠰᠦᠳᠦᠭᠠᠢ ᠭᠡᠵᠦ ᠢᠦᠡᠬᠠᠬᠰᠡᠠ ᠪᠤᠯᠪᠡᠴᠦ ᠠᠷᠢᠬᠪᠦᠬᠠ ᠲᠡᠭᠠᠬᠰᠡᠠ ᠤᠢᠭᠡᠢ ᠪᠠᠶᠢᠪᠠ᠃ | ︽ᠠᠭᠠᠷ ᠲᠡᠭᠷᠢ ᠲᠤ ᠬᠡᠷᠬᠢᠨ ᠬᠤᠶᠡᠷ ᠨᠠᠷᠨ ᠤᠷᠤᠰᠢᠵᠤ ᠪᠤᠯᠬᠤ ᠠᠵᠢ︾᠃ ᠨᠢᠬᠡᠳᠤᠮᠠᠯ ᠨᠢᠬᠡᠨ ᠤᠯᠤᠰ | ᠲᠤ ᠬᠤᠶᠡᠷ ᠬᠠᠭᠠᠨ ᠵᠡᠷᠬᠡᠪᠡᠷ ᠬᠠᠭᠠᠨ ᠰᠠᠭᠤᠷᠢᠨ ᠳᠤ ᠰᠠᠭᠤᠬᠰᠡᠨ ᠶᠠᠪᠤᠳᠠᠯ ᠨᠢ ᠬᠠᠭᠠᠨ ᠰᠠᠭᠤᠷᠢᠨ ᠪᠤᠯᠢᠶᠠᠯᠳᠤᠬᠤ | ᠬᠠᠷᠠᠬᠤᠷᠤᠮ ᠱᠠᠩᠳᠤ ᠬᠤᠶᠡᠷ ᠨᠠᠶᠢᠰᠯᠠᠯ ᠤᠨ ᠬᠤᠭᠤᠷᠤᠨᠳᠤᠬᠢ ᠲᠤᠳᠤᠭᠠᠳᠤ ᠶᠢᠨ ᠲᠠᠶᠢᠨ ᠤ ᠲᠤᠶᠢᠮᠠᠷ ᠢ | ᠲᠠᠯᠪᠢᠬᠰᠡᠨ ᠪᠠᠶᠢᠪᠠ᠃ ᠬᠠᠷᠠᠬᠤᠷᠤᠮ ᠤᠨ ᠮᠤᠩᠭᠤᠯ ᠢᠵᠠᠭᠤᠷᠳᠠᠨ ᠸᠡᠩ ᠨᠠᠷ ᠠᠴᠠ ᠬᠤᠪᠢᠯᠡᠢ ᠶᠢ ︽ᠮᠠᠨ ᠤ | ᠤᠯᠤᠰ ᠤᠨ ᠬᠠᠭᠤᠴᠢᠨ ᠵᠠᠩᠰᠢᠯ ᠤᠭ ᠠᠴᠠ ᠬᠢᠳᠡᠳ ᠤᠨ ᠬᠠᠤᠯᠢ ᠠᠴᠠ ᠥᠬᠡᠷ᠎ᠠ ᠠᠳᠠᠯ᠎ᠠ ᠡᠳᠤᠬᠡ ᠴᠢ ᠬᠢᠳᠠᠳ | ᠭᠠᠵᠡᠷ ᠥᠯᠡᠳᠡᠬᠡᠳ ᠬᠤᠳᠠ ᠬᠥᠷᠢᠶ᠎ᠠ ᠶᠤᠰᠤᠯᠠᠯ ᠰᠠᠬᠢᠶ᠎ᠠ ᠶᠢ ᠪᠠᠶᠢᠭᠤᠯᠬᠤᠢ ᠳᠤᠷ ᠡᠬᠡᠨᠡᠭᠳᠠ ᠬᠢᠳᠠᠳ ᠤᠨ ᠬᠠᠤᠯᠢ | ᠶᠢ ᠶᠤᠰᠤᠴᠢᠯᠠᠨ ᠲᠠᠭᠠᠬᠤ ᠴᠢᠨᠤ ᠶᠠᠭᠤᠨ︖︾ ᠭᠡᠬᠦ ᠵᠡᠷᠭᠡ ᠡᠷᠠᠰ ᠲᠠᠰᠤ ᠰᠢᠬᠦᠮᠵᠢᠯᠠᠯ ᠢ ᠬᠤᠪᠢᠯᠡᠢ ᠡᠷᠠᠰ | ᠲᠠᠪᠴᠢᠭᠰᠡᠨ ᠮᠥᠷᠳᠡᠬᠡᠨ ᠥᠪᠡᠷ ᠢᠶᠠᠨ ᠬᠠᠭᠠᠨ ᠰᠠᠭᠤᠷᠢᠨ ᠢ ᠵᠠᠯᠭᠠᠮᠵᠢᠯᠠᠬᠰᠡᠨ ᠵᠤᠤ ᠪᠢᠴᠢᠭ ᠪᠠᠭᠤᠯᠭᠠᠵᠤ ᠪᠡᠶ᠎ᠠ | ᠪᠠᠨ ᠬᠠᠭᠠᠨ ᠡᠷᠬᠦᠮᠵᠢᠯᠡᠭᠰᠡᠨ ᠢ ᠲᠤᠩᠬᠠᠬᠯᠠᠵᠤ᠂ ᠶᠡᠭᠡ ᠮᠤᠩᠭᠤᠯ ᠤᠯᠤᠰ ᠤᠨ ᠥᠶ᠎ᠠ ᠠᠴᠠ ᠬᠡᠷᠡᠭᠯᠡᠵᠤ ᠢᠷᠡᠭᠰᠡᠨ | ᠠᠷᠪᠠᠨ ᠬᠤᠶᠡᠷ ᠵᠢᠯ ᠢᠶᠠᠷ ᠤᠨ ᠲᠤᠭᠠᠯᠠᠯ ᠲᠠᠮᠳᠡᠭᠯᠠᠬᠦ ᠵᠤᠷᠰᠢᠯ ᠢ ᠴᠦ ᠡᠪᠳᠡᠪᠡ᠃ | ᠮᠣᠩᠭᠤᠯ ᠤᠨ ᠠᠯᠳᠠᠨ ᠤᠷᠤᠭ ᠤᠨ ᠲᠤᠳᠤᠷᠠᠬᠢ ᠬᠠᠭᠠᠨ ᠤ ᠤᠷᠦ ᠪᠤᠯᠢᠶᠠᠯᠳᠤᠬᠰᠠᠨ ᠲᠠᠮᠡᠴᠡᠯ ᠨᠢ ᠮᠦᠩᠭᠡ | ᠬᠠᠭᠠᠨ ᠤ ᠦᠶ᠎ᠡ ᠠᠴᠠ ᠡᠬᠢᠯᠡᠵᠤ᠂ ᠦᠭᠡᠳᠡᠢ ᠶᠢᠨ ᠤᠬᠰᠠᠭᠠᠨ ᠤ ᠨᠤᠶᠠᠳ ᠤᠨ ᠬᠤᠭᠤᠷᠤᠨᠳᠤ ᠶᠠᠪᠤᠬᠳᠠᠬᠰᠠᠨ ᠪᠢᠯᠡ | ᠃ ᠮᠦᠩᠭᠡ ᠬᠠᠭᠠᠨ ᠡᠨᠡᠬᠦ ᠲᠡᠮᠡᠴᠡᠯ ᠢ ᠵᠤᠬᠢᠶᠠᠨ ᠪᠠᠶᠢᠭᠤᠯᠤᠬᠴᠢ ᠶᠢᠨ ᠨᠢᠭᠡ ᠪᠣᠯᠬᠤ ᠰᠢᠷᠡᠮᠤᠨ ᠢ ᠴᠠᠭᠠᠵᠠ ᠪᠠᠷ | ᠠᠪᠤᠬᠰᠠᠨ ᠢᠶᠠᠷ ᠬᠠᠭᠠᠨ ᠰᠢᠷᠡᠭᠡ ᠪᠤᠯᠢᠶᠠᠯᠳᠤᠬᠤ ᠲᠡᠮᠡᠴᠡᠯ ᠲᠦᠷ ᠵᠠᠭᠤᠷ᠎ᠠ ᠨᠠᠮᠵᠢᠬᠰᠠᠨ ᠢᠶᠠᠨ ᠲᠤᠯᠤᠢ ᠶᠢᠨ ᠬᠤᠶᠠᠷ | ᠬᠦᠤ ᠶᠢᠨ ᠬᠤᠭᠤᠷᠤᠨᠳᠤ ᠲᠠᠬᠢᠨ ᠡᠭᠦᠰᠬᠦ ᠶᠢ ᠬᠡᠨ ᠪᠤᠳᠤᠵᠤ ᠣᠯᠬᠤ ᠠᠵᠢ᠃ ᠵᠥᠡᠭ ᠲᠥᠡᠭ ᠤᠨ ᠲᠠᠷᠢᠬᠦᠨ ᠤᠨ | ᠤ ᠡᠪᠤᠯ᠂ ᠬᠤᠪᠢᠯᠡᠢ ᠤᠯᠠᠨ ᠰᠠᠶᠢᠳ ᠲᠥᠰᠢᠮᠠᠯ ᠲᠠᠢ ᠪᠠᠨ ᠶᠠᠷᠢᠯᠴᠠᠨ ᠵᠥᠪᠯᠡᠵᠤ ᠥᠪᠡᠷ ᠤᠨ ᠪᠡᠶ᠎ᠠ ᠪᠠᠷ ᠢᠶᠠᠨ | ᠴᠡᠷᠢᠭ ᠲᠠᠶᠢᠴᠢᠯᠠᠨ ᠬᠠᠷᠠᠬᠤᠷᠤᠮ ᠢ ᠲᠠᠶᠢᠯᠠᠵᠤ ᠠᠷᠢᠬᠪᠤᠬ᠎ᠠ ᠶᠢ ᠴᠤᠬᠢᠬᠤ ᠪᠠᠷ ᠲᠤᠬᠳᠠᠬᠰᠡᠨ ᠢᠶᠠᠨ ᠲᠤᠯᠤᠳᠤᠭᠠᠷ | ᠰᠡᠷ᠎ᠠ ᠳᠤᠨᠢ ᠬᠡᠶᠢᠪᠤᠡᠭ ᠪᠠᠯᠭᠠᠳ ᠠᠴᠠ ᠮᠤᠷᠳᠡᠨ᠂ ᠶᠢᠰᠤᠳᠤᠬᠡᠷ ᠰᠡᠷ᠎ᠠ ᠳᠤ ᠵᠤᠨᠳᠤᠷᠭᠠ ᠬᠡᠮᠡᠬᠦ ᠭᠠᠵᠡᠷ ᠬᠤᠶᠡᠷ | ᠲᠠᠯ᠎ᠠ ᠶᠢᠨ ᠴᠡᠷᠢᠭ ᠵᠤᠯᠭᠠᠵᠤ ᠂ ︽ᠬᠥᠬᠡ ᠲᠤᠯᠪᠤᠳᠠᠨ︾ ᠨᠤᠭᠤᠳ ᠬᠤᠭᠤᠷᠤᠨᠳᠤ ᠪᠠᠨ ᠠᠬ᠎ᠠ ᠲᠠᠬᠦᠤ ᠲᠥᠷᠤᠯ | ᠤᠨ ᠢᠶᠠᠨ ᠵᠢᠷᠤᠮ ᠶᠤᠰᠤ ᠶᠢ ᠤᠭᠤᠷᠴᠤ ᠠᠳᠬᠤ ᠠᠳᠬᠤ ᠮᠢᠬ᠎ᠠ ᠪᠠᠨ ᠲᠠᠰᠤᠳᠠᠨ ᠠᠶᠠᠭ᠎ᠠ ᠠᠶᠠᠭ᠎ᠠ ᠴᠢᠰᠤ ᠪᠠᠨ | ᠤᠷᠤᠰᠬᠠᠨ᠂ ᠠᠯᠠᠯᠳᠤᠭᠠᠨ ᠲᠠᠮᠡᠴᠡᠬᠡᠨ ᠤ ᠭᠤᠨᠢᠬᠳᠤ ᠵᠥᠴᠤᠬᠡ ᠶᠢ ᠠᠯᠳᠠᠨ ᠲᠠᠯᠡᠬᠡᠢ ᠳᠤ ᠲᠤᠬᠯᠠᠬᠰᠠᠨ ᠪᠠᠶᠢᠪᠠ᠃ | ᠬᠠᠷᠠᠬᠤᠷᠤᠮ ᠬᠤᠳᠠ ᠶᠢᠨ ᠢᠳᠠᠵᠤ ᠤᠤᠭᠤᠬᠤ ᠶᠠᠭᠤᠮ᠎ᠠ ᠶᠢ ᠶᠠᠷᠤ ᠨᠢ ᠬᠢᠳᠠᠳ ᠭᠠᠵᠡᠷ ᠠᠴᠠ ᠲᠡᠷᠬᠡ ᠲᠡᠷᠬᠡ ᠪᠠᠷ | ᠵᠥᠬᠡᠬᠡᠨ ᠠᠪᠠᠴᠢᠳᠠᠭ ᠪᠠᠶᠢᠬᠰᠡᠨ ᠲᠤᠯᠨ᠂ ᠬᠤᠪᠢᠯᠡᠢ ᠬᠠᠭᠠᠨ ᠵᠥᠬᠡᠬᠡᠪᠤᠷᠢ ᠶᠢᠨ ᠵᠠᠮ ᠢ ᠲᠠᠰᠤᠯᠤᠬᠰᠡᠨ ᠢᠶᠠᠷ | ᠬᠠᠷᠠᠬᠤᠷᠤᠮ ᠳᠤ ᠪᠠᠷᠠᠭᠠᠨ ᠤ ᠥᠨ᠎ᠠ ᠬᠠᠩᠰᠢ ᠦᠰᠴᠤ ᠶᠡᠭᠡ ᠭᠠᠴᠢᠭ ᠪᠤᠯᠵᠤ ᠪᠢᠯᠨ᠃ ᠲᠥᠷᠪᠡᠨ ᠵᠢᠯ ᠭᠠᠷᠤᠢ | ᠶᠢᠨ ᠬᠠᠳᠠᠭᠤ ᠪᠡᠷᠬᠡ ᠲᠠᠶᠢᠨ ᠲᠤᠯᠤᠳᠤᠭᠠᠨ ᠢ ᠥᠩᠬᠡᠷᠡᠬᠦᠯᠤᠬᠡᠳ ᠠᠷᠢᠬᠪᠤᠬ᠎ᠠ ᠵᠡᠬᠦᠨ ᠪᠠᠷᠠᠭᠤᠨ ᠬᠤᠶᠡᠷ ᠲᠠᠯ᠎ᠠ ᠶᠢᠨ | ᠴᠡᠷᠢᠭ ᠮᠤᠷᠢᠨ ᠳᠤ ᠬᠠᠪᠴᠢᠬᠳᠠᠬᠰᠡᠨ ᠪᠠ ᠬᠠᠷᠢᠶ᠎ᠠ ᠤᠯᠠᠨ ᠨᠢ ᠤᠷᠪᠠᠨ ᠲᠠᠷᠰᠯᠠᠵᠤ ᠬᠠᠯᠠᠭᠤᠨ ᠡᠯᠢᠬᠡᠳᠡᠨ ᠨᠢ | ᠬᠠᠭᠠᠴᠠᠨ ᠰᠠᠯᠤᠭᠠᠳ ᠂ ᠲᠤᠰᠠᠯᠠᠬᠴᠢᠳ ᠨᠢ ᠪᠥᠯᠥᠭ ᠪᠥᠯᠥᠭ ᠢᠶᠠᠷ ᠬᠤᠪᠢᠯᠡᠢ ᠳᠤ ᠪᠠᠭᠤᠵᠤ ᠥᠭᠴᠡᠢ᠃ | ᠠᠷᠢᠬᠪᠤᠬ᠎ᠠ ᠬᠥᠮᠤᠨ ᠤ ᠰᠡᠳᠬᠢᠯ ᠢ ᠠᠯᠳᠠᠬᠰᠡᠨ ᠪᠠ ᠲᠡᠭᠷᠢ ᠶᠢᠨ ᠭᠠᠮᠰᠢᠭ ᠲᠤᠬᠢᠶᠠᠯᠳᠤᠬᠰᠡᠨ ᠢᠶᠠᠷ ᠲᠡᠬᠦᠨ ᠳᠤ | ᠪᠠᠶᠢᠯᠳᠤᠬᠤ ᠲᠡᠩᠬᠡᠬᠡ ᠴᠢᠳᠠᠯ ᠥᠬᠡᠢ ᠪᠤᠯᠵᠤ᠂ ᡁᠢ ᠶᠤᠸᠡᠨ ᠤ ᠲᠠᠷᠢᠬᠦᠨ ᠤᠨ ︵1264︶ ᠤ ᠲᠤᠯᠤᠳᠤᠭᠠᠷ ᠰᠡᠷ᠎ᠠ | ᠳᠤ ᠬᠤᠪᠢᠯᠡᠢ ᠳᠤ ᠪᠠᠭᠤᠵᠤ ᠥᠭᠴᠡᠢ᠃ ᠬᠤᠪᠢᠯᠡᠢ ᠠᠷᠢᠬᠪᠤᠬ᠎ᠠ ᠠᠴᠠ᠄ ︽ᠴᠢ ᠪᠢᠳᠠ ᠬᠤᠶᠡᠷ ᠤᠨ ᠬᠡᠨ ᠤ ᠬᠢᠨᠢ | ᠲᠠᠭᠠᠷᠠᠮᠤᠢ︖︾ ᠬᠡᠮᠡᠨ ᠠᠰᠠᠭᠤᠬᠰᠡᠨ ᠳᠤ ᠠᠷᠢᠬᠪᠤᠬ᠎ᠠ᠄ ︽ᠥᠩᠬᠡᠷᠡᠭᠰᠡᠨ ᠳᠤ ᠪᠤᠯᠬᠤᠯ᠎ᠠ ᠮᠢᠨᠤ ᠬᠢᠭᠰᠡᠨ ᠢᠨᠤ | ᠵᠥᠢ ᠪᠤᠯᠡᠢ᠂ ᠥᠨᠤᠳᠤᠷ ᠤᠨ ᠬᠤᠪᠢ ᠳᠤ ᠪᠤᠯᠬᠤᠯ᠎ᠠ ᠴᠢᠨᠤ ᠬᠢᠭᠰᠡᠨ ᠢᠨᠤ ᠵᠥᠢ ᠪᠤᠯᠡᠢ︾ ᠬᠡᠮᠡᠪᠡᠢ᠃ | ᠡᠨᠡ ᠪᠤᠯ ᠬᠤᠶᠡᠷ ᠮᠤᠩᠭᠤᠯ ᠬᠠᠭᠠᠨ ᠤ ᠬᠠᠭᠠᠨ ᠤᠷᠤ ᠰᠠᠭᠤᠬᠰᠡᠨ ᠤ ᠥᠨᠠᠨ ᠰᠡᠳᠬᠢᠯ ᠤᠨ ᠶᠠᠷᠢᠯᠴᠠᠭ᠎ᠠ | ᠶᠤᠮ᠃ ᠵᠠᠮᠤᠬ᠎ᠠ ᠥᠪᠡᠷ ᠤᠨ ᠲᠡᠷᠰᠡᠬᠦᠳ ᠵᠡᠩ ᠠᠴᠠ ᠪᠠᠨ ᠪᠤᠯᠵᠤ ᠴᠢᠩᠬᠢᠰ ᠬᠠᠭᠠᠨ ᠢ ᠭᠤᠶᠤᠵᠤ ᠪᠠᠶᠢᠭᠠᠳ ᠠᠮᠢ | ᠪᠠᠨ ᠡᠴᠤᠰᠯᠡᠬᠦᠯᠳᠡᠭ ᠰᠢᠭ ᠠᠷᠢᠬᠪᠤᠬ᠎ᠠ ᠬᠤᠪᠢᠯᠡᠢ ᠳᠤ ᠲᠠᠶᠢᠮᠤ ᠱᠠᠭᠠᠷᠳᠠᠯᠭ᠎ᠠ ᠲᠠᠯᠪᠢᠭ᠎ᠠ ᠦᠭᠡᠢ᠂ ᠬᠠᠷᠢᠨ | ᠥᠨᠠᠨᠴᠢ ᠥᠬᠡ᠂ ᠥᠪᠡᠷ ᠤᠨ ᠥᠵᠡᠯᠳᠠ ᠪᠠᠨ ᠬᠤᠪᠢᠯᠡᠢ ᠳᠤ ᠶᠠᠷᠢᠵᠠᠢ᠃ ᠬᠤᠪᠢᠯᠡᠢ ᠬᠠᠭᠠᠨ ᠠᠷᠢᠬᠪᠤᠬ᠎ᠠ ᠵᠡᠷᠭᠡ | ᠠᠯᠳᠠᠨ ᠤᠷᠤᠭ ᠤᠨ ᠨᠤᠶᠠᠳ ᠤᠨ ᠠᠮᠢ ᠶᠢ ᠭᠡᠯᠳᠤᠷᠢᠭᠦᠯᠵᠤ᠂ ᠤᠷᠪᠠᠯᠭᠠᠨ ᠳᠤ ᠤᠷᠤᠯᠴᠠᠬᠰᠠᠨ ᠪᠤᠰᠤᠳ ᠤᠯᠠᠨ | ᠰᠠᠶᠢᠳ ᠢ ᠨᠢ ᠪᠦᠷ ᠠᠯᠬᠠᠤ ᠶᠠᠯ᠎ᠠ ᠪᠠᠷ ᠰᠢᠢᠳᠬᠡᠪᠡ᠃ ᠬᠤᠶᠠᠷ ᠵᠢᠯ ᠤᠨ ᠲᠠᠷᠠᠭ᠎ᠠ ᠠᠷᠢᠬᠪᠤᠬ᠎ᠠ ᠡᠪᠡᠳᠴᠢᠨ ᠢᠶᠠᠷ | ᠨᠠᠰᠤ ᠪᠠᠷᠠᠵᠠᠢ᠃ ᠠᠷᠢᠬᠪᠤᠬ᠎ᠠ ᠶᠢᠨ ᠮᠤᠩᠭᠤᠯ ᠤᠨ ᠭᠤᠯᠤᠮᠳᠠ ᠶᠢ ᠡᠮᠤᠨᠡᠰᠢ ᠰᠢᠯᠵᠢᠬᠦᠯᠬᠦ ᠶᠢ ᠡᠰᠡᠷᠬᠦᠴᠡᠭᠰᠡᠨ ᠨᠢ | ᠵᠥᠪ ᠭᠡᠬᠦ ᠳᠤ ᠬᠤᠪᠢᠯᠡᠢ ᠶᠢᠨ ᠲᠤᠮᠤ ᠨᠢᠬᠡᠳᠤᠯ ᠢ ᠪᠠᠶᠡᠯᠡᠬᠦᠯᠬᠦ ᠪᠠᠷ ᠵᠢᠳᠬᠦᠭᠰᠡᠨ ᠢ ᠪᠤᠷᠤᠭᠤ ᠭᠡᠬᠦ ᠳᠤ ᠪᠠᠰᠠ | ᠬᠥᠴᠢᠷᠳᠡᠢ ᠭᠡᠳᠡᠭ ᠢ ᠦᠨᠤᠳᠤᠷ ᠤᠨ ᠮᠡᠷᠭᠡᠳ ᠢᠯᠭᠠᠨ ᠲᠤᠬᠳᠠᠭᠠᠬᠤ ᠯᠠ ᠪᠠᠶᠢᠯᠬᠦᠢ᠁ | ᠬᠤᠪᠢᠯᠠᠢ ᠬᠠᠭᠠᠨ ᠵᠤᠰᠠᠯᠠᠩ᠂ ᠡᠪᠤᠯᠵᠢᠶᠡᠨ ᠤ ᠲᠦᠷᠢᠮ ᠢ ᠬᠡᠷᠡᠭᠵᠢᠭᠦᠯᠤᠨ᠂ ᠵᠢᠯ ᠪᠦᠷᠢ ᠶᠢᠨ ᠪᠢᠯᠢᠭ ᠤᠨ | ᠤᠯᠠᠷᠢᠯ ᠤᠨ ᠭᠤᠷᠪᠠᠨ ᠰᠠᠷ᠎ᠡ ᠶᠢᠨ ᠠᠯᠢ ᠨᠢᠭᠡᠨ ᠰᠠᠶᠢᠬᠠᠨ ᠡᠳᠤᠷ ᠢᠶᠠᠷ ᠡᠪᠤᠯᠵᠢᠶ᠎ᠡ ᠲᠠᠶᠢᠳᠤ ᠠᠴᠠ ᠪᠠᠨ ᠲᠦᠷᠤᠯ | ᠲᠦᠷᠤᠭ᠍ᠰᠡᠳ᠂ ᠲᠦᠰᠢᠮᠡᠳ ᠰᠠᠶᠢᠳ ᠢᠶᠠᠨ ᠲᠠᠭᠠᠭᠤᠯᠤᠨ ᠱᠠᠩᠳᠤ ᠶᠢᠨ ᠵᠤᠰᠠᠯᠠᠩ ᠳᠠᠭᠠᠨ ᠢᠷᠡᠵᠤ᠂ ᠰᠡᠷᠢᠭᠦᠨ | ᠰᠠᠶᠢᠬᠠᠨ ᠤᠷᠳᠤᠨ ᠳᠠᠭᠠᠨ ᠠᠯᠪᠠᠯᠠᠭᠠᠳ᠂ ᠵᠤᠨ ᠤ ᠬᠠᠯᠠᠭᠤᠨ ᠡᠬᠡᠵᠤ᠂ ᠨᠠᠮᠤᠷ ᠤᠨ ᠰᠡᠷᠢᠭᠦᠨ ᠪᠤᠯᠤᠬᠰᠠᠨ 8 | ᠰᠠᠷ᠎ᠠ ᠠᠴᠠ 10 ᠰᠡᠷ᠎ᠡ ᠪᠤᠯᠬᠤ ᠦᠶᠡᠰ ᠲᠠᠶᠢᠳᠤ ᠳᠠᠭᠠᠨ ᠪᠣᠴᠠᠳᠠᠭ ᠪᠠᠶᠢᠨ᠎ᠠ᠃ ᠡᠨᠡᠨᠢ ᠬᠤᠪᠢᠯᠠᠢ ᠭᠡᠰᠡᠨ ᠦᠭᠡᠢ | ᠬᠤᠶᠢᠰᠢᠳᠡ ᠶᠢᠨ ᠮᠤᠩᠭᠤᠯ ᠡᠵᠡᠳ ᠬᠠᠭᠠᠳ ᠤᠨ ᠲᠦᠷᠢᠮ ᠪᠤᠯᠵᠤ᠂ ᠡᠨᠡ ᠲᠦᠷᠢᠮ ᠨᠢ ᠬᠤᠪᠢᠯᠠᠢ ᠬᠠᠭᠠᠨ ᠤ | ᠵᠦᠡᠭ ᠲᠦᠡᠭ ᠤᠨ ᠲᠦᠳᠤᠭᠡᠷ ᠤᠨ — 1263 ᠤᠨ ᠠᠴᠠ ᠡᠬᠢᠯᠡᠨ ᠲᠤᠭᠤᠨᠳᠡᠮᠤᠷ ᠤᠨ ᡁᠢ ᠵᠸᠡᠭ ᠤᠨ | 1358 ᠤᠨ ᠪᠤᠯᠳᠡᠯᠡᠬᠢ 96 ᠵᠢᠯ ᠤᠨ ᠨᠢᠭᠤᠷ ᠢ ᠦᠵᠡᠭᠰᠡᠨ ᠪᠠᠶᠢᠪᠠ᠃ 1256 ᠤᠨ ᠳᠤ ᠬᠤᠪᠢᠯᠡᠢ | ᠱᠠᠩᠳᠤ ᠨᠠᠶᠢᠰᠯᠠᠯ ᠢ ᠡᠬᠢᠯᠡᠨ ᠪᠠᠶᠢᠭᠤᠯᠤᠬᠰᠠᠨ ᠠᠴᠠ ᠠᠪᠤᠭᠠᠳ ᠲᠤᠭᠤᠨᠳᠠᠮᠤᠷ ᠬᠠᠭᠠᠨ 1368 ᠤᠨ ᠳᠤ ᠶᠡᠭᠡ | ᠨᠠᠶᠢᠰᠯᠡᠯ ᠲᠠᠶᠢᠳᠤ ᠪᠡᠬᠡᠵᠢᠩ ᠢᠶᠠᠨ ᠠᠯᠳᠠᠵᠤ ᠱᠠᠩᠳᠤ ᠳᠤ ᠪᠤᠴᠠᠨ ᠢᠷᠡᠭᠰᠡᠨ ᠬᠥᠷᠳᠡᠯᠡᠬᠢ 108 ᠵᠢᠯ ᠤᠨ | ᠬᠤᠭᠤᠴᠠᠭᠠᠨ ᠳᠠᠬᠢ 16 ᠬᠠᠭᠠᠨ ᠤ ᠲᠤᠳᠤᠷᠡᠬᠢ 6 ᠬᠠᠭᠠᠨ ᠨᠢ ᠱᠠᠩᠳᠤ ᠨᠠᠶᠢᠰᠯᠠᠯ ᠳᠤ ᠬᠠᠭᠠᠨ | ᠰᠠᠭᠤᠷᠢᠨ ᠳᠤ ᠰᠠᠭᠤᠬᠰᠠᠨ ᠪᠠᠶᠢᠨ᠎ᠠ ᠃ | ᠱᠠᠩᠳᠤ ᠬᠤᠳᠠ ᠪᠤᠯ ᠶᠤᠸᠡᠨ ᠤᠯᠤᠰ ᠤᠨ ᠮᠠᠨᠳᠤᠯ ᠢ ᠲᠠᠭᠠᠨ ᠠᠯᠳᠠᠷ ᠨᠡᠷ᠎ᠠ ᠨᠢ ᠠᠽᠢᠶ᠎ᠠ ᠡᠸᠦ᠋ᠷᠤᠫᠠ ᠳᠤ | ᠲᠦᠭᠡᠭᠰᠡᠨ ᠴᠦ ᠶᠤᠸᠡᠨ ᠤ ᠮᠥᠬᠦᠯ ᠢ ᠲᠠᠭᠠᠵᠤ ᠪᠠᠭᠤᠷᠢ ᠲᠠᠳᠤᠢ ᠪᠤᠯᠤᠬᠰᠡᠨ ᠲᠠᠤᠬᠡᠨ ᠭᠤᠨᠢᠭ ᠪᠢᠯᠨ᠃ | ᡁᠢ ᠵᠸᠡᠭ ᠤᠨ ᠠᠷᠪᠠᠨ ᠨᠠᠢᠮᠠᠳᠤᠭᠠᠷ ᠤᠨ ︵1358︶ ᠤ ᠠᠷᠪᠠᠨ ᠬᠤᠶᠠᠳᠤᠭᠠᠷ ᠰᠡᠷ᠎ᠠ ᠳᠤ ᠤᠯᠠᠭᠠᠨ | ᠠᠯᠴᠢᠭᠤᠷᠳᠠᠨ ᠤ ᠪᠤᠰᠤᠯᠭ᠎ᠠ ᠶᠢᠨ ᠨᠢᠬᠡᠨ ᠰᠠᠯᠠᠭ᠎ᠠ ᠴᠡᠷᠢᠭ ᠲᠡᠷᠡᠬᠦ ᠪᠤᠯᠤᠷ ᠬᠠᠰ ᠬᠢᠯᠠᠯᠵᠠᠬᠰᠡᠨ ᠪᠥᠮᠪᠤᠷᠴᠡᠭ ᠤᠨ | ᠠᠯᠳᠠᠷᠳᠤ ᠬᠤᠳᠠ ᠶᠢ ᠲᠤᠯᠤᠭᠠᠨ ᠬᠤᠨᠤᠭ ᠲᠤᠶᠢᠮᠡᠷᠳᠡᠨ ᠲᠠᠯᠬᠢᠯᠴᠠᠢ᠃ ᡁᠢ ᠵᠸᠡᠭ ᠤᠨ ᠬᠤᠷᠢᠳᠤᠭᠠᠷ ᠤᠨ | 1360 ᠤ ᠶᠢᠰᠤᠳᠤᠬᠡᠷ ᠰᠠᠷ᠎ᠠ ᠳᠤ ᠲᠠᠬᠢᠨ ᠭᠠᠯᠳᠠᠬᠤ ᠳᠤ ᠪᠠᠷᠠᠭᠤᠨ ᠭᠠᠷ ᠤᠨ ᠴᠢᠩᠱᠡᠩ ᠮᠠᠩᠨᠠᠬᠳᠠᠮᠤᠷ ᠴᠡᠷᠢᠭ | ᠲᠠᠶᠢᠴᠢᠯᠠᠨ ᠤᠬᠳᠤᠨ ᠪᠠᠶᠢᠯᠳᠤᠭᠠᠳ ᠢᠯᠠᠯᠳᠠ ᠤᠯᠵᠤ ᠬᠥᠬᠡᠬᠡᠵᠤ ᠶᠠᠪᠤᠭᠤᠯᠤᠬᠰᠡᠨ ᠪᠠᠶᠢᠪᠠ᠃ ᡁᠢ ᠵᠸᠡᠭ ᠤᠨ | ᠬᠤᠷᠢᠨ ᠭᠤᠷᠪᠠᠳᠤᠭᠠᠷ ᠤᠨ ︵1363︶ ᠤ ᠬᠠᠪᠤᠷ᠂ ᠥᠯᠡᠳᠡᠭᠳᠡᠯ ᠴᠡᠷᠢᠭ ᠨᠢ ᠱᠠᠩᠳᠤ ᠶᠢ ᠲᠠᠬᠢᠨ | ᠰᠢᠬᠠᠮᠳᠠᠭᠤᠯᠤᠬᠰᠡᠨ ᠳᠤ ᠪᠤᠯᠤᠨᠳᠠᠮᠤᠷ ᠵᠠᠩᠵᠤᠨ ᠴᠡᠷᠢᠭ ᠲᠠᠶᠢᠴᠢᠯᠠᠨ ᠲᠤᠰᠤᠨ ᠴᠤᠬᠢᠵᠤ ᠪᠥᠷᠢᠮᠤᠰᠤᠨ | ᠰᠦᠨᠤᠭᠡᠵᠡᠢ᠃ ᡁᠢ ᠵᠸᠡᠭ ᠤᠨ ᠬᠤᠷᠢᠨ ᠨᠠᠢᠮᠠᠳᠤᠭᠠᠷ ᠤᠨ ︵1368 ᠤᠨ︶ ᠤ ᠲᠤᠯᠤᠳᠤᠭᠠᠷ ᠰᠡᠷ᠎ᠠ ᠳᠤ᠂ | ᠶᠤᠸᠡᠨ ᠤᠯᠤᠰ ᠤᠨ ᠤᠬᠠᠭᠠᠨᠳᠤ ᠬᠠᠭᠠᠨ ᠲᠤᠭᠤᠨᠳᠠᠮᠤᠷ ᠬᠠᠳᠤᠨ ᠲᠠᠶᠢᠽᠢ ᠪᠠᠨ ᠲᠠᠭᠠᠭᠤᠯᠤᠨ ᠲᠠᠶᠢᠳᠤ ᠪᠡᠬᠡᠵᠢᠩ | ᠠᠴᠠ ᠤᠬᠤᠷᠢᠨ ᠭᠠᠷᠴᠤ ᠱᠠᠩᠳᠤ ᠬᠤᠳᠠ ᠳᠤ ᠰᠠᠬᠢᠨ ᠰᠠᠭᠤᠬᠤ ᠳᠠᠭᠠᠨ ᠲᠠᠶᠢᠳᠤ ᠪᠡᠬᠡᠵᠢᠩ ᠢᠶᠠᠨ ᠡᠬᠡᠬᠦᠯᠤᠨ | ᠠᠪᠬᠤ ᠬᠡᠮᠡᠨ ᠤᠷᠤᠯᠳᠤᠬᠰᠡᠨ ᠴᠦ ᠬᠥᠴᠤ ᠴᠢᠳᠠᠯ ᠨᠢ ᠮᠡᠬᠦᠰᠳᠡᠵᠤ ᠬᠥᠷᠤᠨ ᠲᠥᠷᠤ ᠶᠢᠨ ᠮᠥᠬᠦᠯ ᠨᠢ ᠥᠷᠯᠤᠬᠡ | ᠥᠳᠠᠰᠢ ᠶᠢᠨ ᠬᠤᠭᠤᠷᠤᠨᠳᠤ ᠪᠤᠯᠤᠬᠰᠡᠨ ᠪᠠᠶᠢᠪᠠ᠃ ᠨᠠᠢᠮᠡᠳᠤᠭᠠᠷ ᠰᠡᠷ᠎ᠠ ᠳᠤᠨᠢ ᠮᠢᠩ ᠤᠯᠤᠰ ᠤᠨ ᠴᠡᠷᠢᠭ ᠲᠠᠶᠢᠳᠤ | ᠪᠡᠬᠡᠵᠢᠩ ᠢ ᠡᠵᠡᠯᠡᠬᠡᠳ ᠵᠠᠭᠤ ᠭᠠᠷᠤᠢ ᠵᠢᠯ ᠤᠨ ᠲᠡᠤᠬᠡ ᠲᠠᠢ ᠶᠡᠭᠡ ᠶᠤᠸᠡᠨ ᠤᠯᠤᠰ ᠤᠨ ᠨᠤᠶᠠᠷᠬᠠᠯ ᠢ ᠲᠡᠭᠦᠰᠭᠡᠵᠡᠢ | ᠃ ᠬᠤᠨᠭ᠌ ᠡᠤ ᠶᠢᠨ ᠬᠤᠶᠠᠳᠤᠭᠠᠷ ᠤᠨ ︵1369 ᠤᠨ︶ ᠤ ᠲᠥᠷᠪᠡᠳᠤᠬᠡᠷ ᠰᠡᠷ᠎ᠠ ᠳᠤ ᠮᠢᠩ ᠤᠯᠤᠰ ᠤᠨ ᠴᠡᠷᠢᠭ | ᠱᠠᠩᠳᠤ ᠬᠤᠳᠠ ᠶᠢ ᠴᠤᠬᠢᠬᠰᠡᠨ ᠳᠤ ᠲᠤᠭᠤᠨᠳᠠᠮᠤᠷ ᠬᠠᠭᠠᠨ ᠲᠠᠶᠢᠨ ᠤ ᠬᠥᠯ ᠳᠤ ᠲᠠᠭᠠᠷᠢᠬᠳᠠᠭᠠ ᠥᠬᠡᠢ ᠪᠠᠶᠢᠬᠰᠡᠨ | ᠶᠢᠩ ᠴᠡᠩ ᠹᠥ᠋ ︵ᠪᠠᠷᠰ︶ ᠬᠤᠳᠠ ᠳᠤ ᠵᠠᠶᠢᠯᠠᠨ ᠤᠴᠢᠭᠠᠳ᠂ ᠲᠠᠷᠠᠭ᠎ᠠ ᠵᠢᠯ ᠤᠨ ᠬᠢᠨᠢ ᠲᠥᠷᠪᠡᠳᠤᠬᠡᠷ ᠰᠡᠷ᠎ᠠ ᠳᠤ | ︽ᠬᠡᠮᠰᠢᠯ ᠰᠢᠯᠥᠭ︾ ᠢᠶᠠᠨ ᠤᠡᠭᠰᠢᠨ ᠤᠡᠭᠰᠢᠬᠰᠠᠭᠠᠷ ᠡᠪᠡᠳᠴᠢᠨ ᠢᠶᠠᠷ ᠲᠠᠭᠠᠯᠠᠯ ᠲᠡᠭᠦᠰᠪᠡ᠃ ᠢᠩᠬᠢᠬᠡᠳ | ᠡᠷᠬᠢᠮᠥᠰᠥᠭ ᠰᠠᠶᠢᠬᠠᠨ ᠡᠷᠳᠡᠨ ᠤ ᠱᠠᠩᠳᠤ ᠬᠤᠳᠠ ᠴᠦ ᠲᠠᠶᠢᠨ ᠤ ᠬᠥᠯ ᠳᠤ ᠲᠠᠬᠢᠨ ᠲᠠᠭᠠᠷᠢᠬᠳᠠᠵᠤ᠂ ᠡᠵᠡᠨ | ᠲᠥᠷᠤ ᠶᠢᠨ ᠢᠶᠠᠨ ᠡᠬᠡᠬᠦ ᠥᠬᠡᠢ ᠪᠤᠴᠠᠬᠤ ᠶᠢ ᠲᠠᠭᠠᠯᠳᠤᠨ᠂ ᠲᠠᠤᠬᠡ ᠶᠢᠨ ᠤᠷᠳᠤ ᠠᠶᠠᠨ ᠢᠶᠠᠨ ᠲᠠᠭᠤᠰᠬᠠᠵᠤ᠂ | ᠰᠢᠵᠢᠷ ᠲᠠᠯ᠎ᠠ ᠶᠢᠨ ᠢᠶᠠᠨ ᠬᠥᠷᠤᠰᠤᠨ ᠳᠤ ᠰᠢᠩᠭᠡᠵᠤ ᠨᠤᠶᠢᠷᠰᠤᠵᠠᠢ ᠃ | ᠮᠣᠩᠭᠤᠯ ᠶᠡᠭᠡ ᠬᠠᠭᠠᠨᠳᠤ ᠤᠯᠤᠰ ᠤᠨ ᠵᠠᠳᠠᠷᠠᠨ ᠰᠤᠶᠢᠷᠡᠭᠰᠡᠨ ᠲᠤᠬᠠᠢ ᠠᠯᠢ ᠤᠯᠠᠨᠡᠷᠳᠡᠮᠳᠡᠨ | ᠰᠤᠳᠤᠯᠭᠠᠳᠠᠳ ᠤᠨ ᠳ᠋ᠦᠩᠨᠡᠯᠳᠡ ᠶᠢᠨ ᠲᠤᠳᠤᠷ᠎ᠠ ᠠᠴᠠ ᠬᠠᠮᠤᠭ ᠨᠢᠭᠡ ᠤᠨᠤᠴᠢᠳᠠᠢ ᠳ᠋ᠦᠩᠨᠡᠯᠳᠡ ᠪᠤᠢ᠂ ᠲᠠᠷᠤᠢ ︽ | ᠮᠣᠩᠭᠤᠯ ᠤᠨ ᠰᠦᠢᠷᠡᠯ ᠭᠡᠳᠡᠭ ᠨᠢ ᠭᠠᠳᠠᠭᠠᠳᠤ ᠲᠠᠯ᠎ᠠ ᠵᠢᠨᠬᠠᠲᠠᠭᠤ ᠲᠠᠷᠤᠯᠳᠠ ᠶᠢ ᠳᠠᠭᠠᠭᠠᠵᠤ | ᠶᠠᠳᠠᠭᠠᠳᠰᠤᠶᠢᠷᠡᠭᠰᠡᠨ ᠪᠢᠰᠢ᠂ ᠲᠡᠭᠦᠨᠴᠢᠯᠡᠨᠲ᠋ᠦ᠋ᠪᠰᠢᠳᠭᠡᠭᠳᠡᠭᠰᠡᠨ ᠦᠨᠳᠤᠰᠤᠳᠠᠨ ᠨᠦᠭᠦᠳ ᠤᠨ ᠡᠰᠡᠷᠭᠦᠴᠡᠯ ᠢ | ᠲᠤᠳᠤᠭᠠᠳᠤ ᠳᠠᠭᠠᠨ ᠠᠷᠭᠠᠴᠠᠵᠤ ᠶᠠᠳᠠᠭᠠᠳ ᠮᠣᠩᠭᠤᠯ ᠤᠨ ᠲᠦᠷᠤ ᠨᠤᠷᠠᠪᠠ ᠭᠡᠰᠡᠨ ᠬᠡᠷᠡᠭ ᠴᠦ ᠪᠢᠰᠢ᠃ ᠮᠣᠩᠭᠤᠯ | ᠶᠡᠭᠡ ᠬᠠᠭᠠᠨᠳᠤ ᠤᠯᠤᠰ ᠤᠨ ᠰᠦᠢᠷᠡᠯ ᠪᠤᠯ ᠦᠨᠡᠨᠳᠡᠭᠡᠨ ᠲᠤᠰ ᠪᠡᠶ᠎ᠡ ᠶᠢᠨ ᠬᠢᠨᠢ ᠬᠠᠭᠠᠴᠠᠯ ᠠᠴᠠ ᠪᠤᠯᠤᠬᠰᠠᠨ ᠶᠤᠮ᠃ | ᠁ ᠬᠠᠭᠠᠴᠠᠯ ᠬᠡᠮᠡᠬᠦ ᠰᠢᠨ᠎ᠡ ᠦᠵᠡᠭᠳᠡᠯ ᠪᠤᠯ ᠶᠡᠭᠡ ᠬᠠᠭᠠᠨ ᠢᠶᠠᠷ ᠢᠶᠠᠨ ᠴᠤᠷ ᠤᠨ ᠭᠠᠭᠴᠠ ᠬᠦᠢᠰᠦ | ᠪᠤᠯᠭᠠᠭᠠᠳ ᠲᠡᠭᠦᠨ ᠤ ᠲᠤᠭᠤᠷᠢᠨ ᠳᠤ ᠠᠯᠢᠪᠠ ᠪᠦᠬᠦᠨ ᠢ ᠡᠷᠬᠢᠯᠳᠤᠭᠦᠯᠬᠦ ᠵᠤᠬᠢᠶᠠᠨ ᠪᠠᠶᠢᠭᠤᠯᠤᠯᠳᠠ ᠲᠠᠢ | ᠪᠠᠶᠢᠬᠰᠠᠨᠮᠣᠩᠭᠤᠯ ᠶᠡᠭᠡ ᠬᠠᠭᠠᠨᠳᠤ ᠤᠯᠤᠰ ᠲᠤ ᠠᠪᠴᠤ ᠬᠡᠯᠡᠪᠡᠯ᠂ ᠦᠨᠡᠭᠡᠷ ᠡᠳᠡᠭᠡᠷᠡᠰᠢ ᠦᠭᠡᠢ ᠭᠡᠮ ᠪᠤᠯᠵᠤ | ᠪᠠᠶᠢᠬᠰᠠᠨ ᠠᠵᠢ︾ ᠭᠡᠰᠡᠨ ᠪᠠᠶᠢᠳᠠᠭ᠂ ᠡᠭᠦᠨ ᠢ ᠦᠨᠤᠳᠤᠷ ᠤᠨ ᠬᠠᠶᠠᠭ᠎ᠠ ᠪᠠᠨ ᠬᠠᠳᠠᠷᠠᠬᠰᠠᠳ ᠬᠠᠪᠤᠳᠴᠤ | ᠬᠠᠯᠠᠭᠤᠷᠠᠬᠰᠠᠨ ᠲᠠᠷᠢᠬᠡᠨ ᠳᠠᠭᠠᠨ ᠬᠢᠨᠠᠨ ᠪᠤᠳᠤᠭᠤᠭᠤᠰᠢᠲᠠᠢ ᠶᠤᠮ᠃ | ᠲᠠᠯᠡᠬᠡᠢ ᠳ᠋ᠠᠬᠢᠨ ᠳᠤ ᠠᠯᠳᠠᠷᠰᠢᠬᠰᠡᠨ ᠱᠠᠩᠳᠤ ᠨᠠᠶᠢᠰᠯᠠᠯ ᠤᠨ ᠪᠠᠭᠤᠷᠢ ᠲᠠᠬᠡᠷ᠎ᠠ ᠥᠨᠤᠳᠤᠷ ᠪᠤᠰᠤᠭ᠎ᠠ ᠪᠠᠷ ᠢᠶᠠᠨ | ᠥᠯᠡᠳᠡᠭᠰᠡᠨ ᠬᠥᠮᠤᠨ ᠴᠢᠯᠠᠭᠤ ᠲᠠᠢ ᠨᠢ ᠠᠳᠠᠯᠢ ᠨᠥᠬᠦᠬᠡ ᠨᠢᠬᠡ ᠪᠤᠰᠤᠭ᠎ᠠ ᠦᠯᠡᠳᠡᠭᠰᠡᠨ ᠶᠠᠭᠤᠮ᠎ᠠ ᠬᠡᠪᠡᠯ ᠮᠦᠩᠭᠡ | ᠰᠠᠴᠤᠷᠠᠬᠰᠠᠨ ᠮᠦᠰᠤᠯᠡᠬᠦ ᠥᠨ᠎ᠠ ᠴᠡᠨ᠎ᠠ ᠲᠠᠢ ᠮᠤᠩᠭᠤᠯ ᠰᠤᠶᠤᠯ ᠪᠤᠯᠤᠨ᠎ᠠ᠃ ᠡᠨᠡ ᠰᠤᠶᠤᠯ ᠮᠥᠷ ᠨᠢ | ᠰᠢᠩᠭᠡᠷᠡᠵᠤ ᠮᠥᠷᠤᠬᠡᠳᠤᠯ ᠨᠢ ᠬᠤᠯᠠᠳᠠᠬᠰᠠᠨ ᠦᠴᠤᠭᠡᠳᠤᠷ ᠠᠴᠠ ᠡᠪᠳᠡᠭᠳᠡᠵᠤ ᠰᠢᠳᠠᠬᠳᠠᠬᠰᠡᠨ ᠥᠬᠡᠢ ᠪᠠᠷ | ᠥᠨᠤᠳᠤᠷ ᠲᠤ ᠢᠷᠡᠵᠤ ᠲᠠᠯᠡᠬᠡᠢ ᠶᠢᠨ ᠰᠤᠶᠤᠯ ᠤᠨ ᠥᠪ ᠲᠤ ᠵᠤᠬᠰᠤᠵᠠᠢ ᠁ | ᠱᠠᠩᠳᠤ ᠶᠢᠨ ᠪᠠᠭᠤᠷᠢ ᠪᠢᠳᠠᠨ ᠳᠤ ᠡᠨᠡ ᠪᠥᠬᠦᠨ ᠢ ᠲᠡᠯᠭᠡᠵᠤ ᠥᠭᠬᠦᠨ᠎ᠠ᠃ ᠮᠤᠩᠭᠤᠯᠴᠤᠳ ᠲᠡᠤᠬᠡᠨ ᠳᠤ | ᠬᠥᠴᠤᠷᠬᠡᠭᠵᠢᠵᠤ ᠴᠢᠳᠠᠬᠰᠡᠨ ᠮᠥᠷᠳᠡᠭᠡᠨ ᠲᠠᠯᠡᠬᠡᠢ ᠨᠠᠶᠢᠳᠠ ᠲᠠᠢ ᠡᠬᠦᠳᠠ ᠪᠠᠨ ᠨᠡᠬᠡᠬᠡᠵᠤ ᠲᠡᠬᠡᠳᠤ ᠵᠠᠰᠠᠭ ᠢ ᠪᠠᠷᠢᠵᠤ | ᠶᠠᠪᠤᠬᠰᠡᠨ ᠨᠢ ᠮᠤᠷᠢᠨ ᠨᠢᠷᠤᠭᠤᠨ ᠳᠠᠭᠠᠨ ᠪᠢᠰᠢ᠂ ᠮᠤᠳᠤᠨ ᠨᠤᠮᠤᠨ ᠳᠠᠭᠠᠨ ᠪᠢᠰᠢ᠂ ᠡᠷ᠎ᠠ ᠵᠤᠷᠢᠭ ᠳᠠᠭᠠᠨ ᠴᠦ | ᠪᠢᠰᠢ᠂ ᠬᠠᠷᠢᠨ ᠤᠶᠤᠨ ᠤᠬᠠᠭᠠᠨ᠂ ᠠᠤᠭ᠎ᠠ ᠰᠤᠶᠤᠯ ᠳᠠᠭᠠᠨ ᠬᠡᠳᠡᠭ ᠢ ᠥᠨᠤᠳᠤᠷ ᠲᠡᠯᠡᠬᠡᠢ ᠶᠢᠨ ᠰᠤᠶᠤᠯ ᠤᠨ | ᠥᠪ ᠤᠨ ᠲᠡᠬᠡᠳᠤ ᠰᠠᠭᠤᠳᠠᠯ ᠳᠤ ᠰᠠᠭᠠᠳᠠᠬᠰᠡᠨ ᠱᠠᠩᠳᠤ ᠶᠢᠨ ᠪᠠᠭᠤᠷᠢ ᠲᠡᠯᠡᠬᠡᠢ ᠶᠢᠨ ᠲᠥᠪᠰᠢᠨ ᠲᠠᠢ ᠬᠡᠯᠡᠨ᠎ᠠ᠃ | ᠬᠡᠷᠪᠡ ᠱᠠᠩᠳᠤ ᠨᠠᠶᠢᠰᠯᠠᠯ ᠡᠪᠳᠡᠭᠳᠡᠵᠤ ᠰᠥᠢᠳᠥᠭᠰᠡᠨ ᠥᠬᠡᠢ ᠲᠠᠶᠢᠳᠤ ︵ᠪᠡᠬᠡᠵᠢᠩ ᠤᠨ ᠬᠠᠭᠠᠨ ᠤ ᠤᠷᠳᠤᠨ︶ | ᠰᠢᠭ᠋ ᠬᠡᠪ ᠢᠶᠠᠷ ᠢᠶᠠᠨ ᠪᠠᠶᠢᠬᠰᠡᠨ ᠪᠤᠯ ᠲᠠᠯᠡᠬᠡᠢ ᠤᠳᠤ ᠰᠠᠶ᠋ᠢ ᠱᠠᠩᠳᠤ ᠶᠢ ᠲᠠᠨᠢᠬᠤ ᠥᠬᠡᠢ ᠪᠠᠶᠢᠬᠤ ᠡ ᠃ | ᠰᠤᠶᠤᠯ ᠥᠬᠡᠢ ᠬᠤᠷᠸ᠎ᠠ ᠳᠤ ᠬᠥᠮᠤᠨ ᠤ ᠤᠬᠠᠭᠠᠨ ᠪᠠᠯᠠᠷᠠᠨ᠎ᠠ᠃ ᠰᠤᠶᠤᠯ ᠢᠶᠠᠨ ᠲᠠᠨᠢᠵᠤ ᠴᠢᠳᠠᠬᠤ ᠥᠬᠡᠢ | ᠪᠤᠯ ︽ᠰᠤᠶᠤᠯ ᠤᠨ ᠪᠠᠯᠡᠢ︾ ᠠᠴᠠ ᠪᠠᠨ ︽ᠰᠤᠶᠤᠯ ᠤᠨ ᠪᠤᠯᠡᠢ︾ ᠪᠤᠯᠤᠨ᠎ᠠ᠃ ᠮᠥᠩᠬᠡ ᠲᠡᠭᠷᠢ ᠶᠢᠨ ᠲᠡᠭᠷᠢᠯᠢᠭ | ᠰᠤᠷᠭᠠᠯ ᠳᠤ ︽ᠶᠠᠳᠠᠭᠤᠷᠠᠯ ᠲᠤᠷᠤᠶᠢᠳᠠᠯ᠂ ᠮᠤᠩᠬᠠᠭ ᠬᠠᠷᠠᠩᠭᠤᠢ ᠠᠴᠠ ᠡᠬᠦᠰᠳᠡᠭ︾ ᠬᠡᠰᠡᠨ ᠪᠠᠶᠢᠳᠠᠭ᠃ ᠡᠪᠦᠭᠡ | ᠲᠠᠬᠡᠳᠤᠰ ᠤᠨ ᠮᠢᠨᠢ ᠲᠠᠯᠡᠬᠡᠢ ᠳᠤ ᠬᠤᠤᠰ ᠥᠬᠡᠢ ᠠᠤᠭ᠎ᠠ ᠦᠢᠯᠡᠰ ᠢ ᠴᠤᠬᠴᠠᠯᠠᠬᠰᠡᠨ ᠤ ᠬᠢᠨᠢ ᠢᠯᠴᠢ ᠡᠨᠧᠷᠬᠢ ᠨᠢ | ᠠᠭᠤᠤ ᠶᠡᠭᠡ ᠰᠤᠶᠤᠯ ᠳᠠᠭᠠᠨ ᠪᠠᠶᠢᠭ᠎ᠠ ᠶᠤᠮ᠃ ᠠᠶᠢᠯ ᠠᠴᠠ ᠡᠷᠢᠬᠦ ᠪᠠᠷ ᠠᠪᠳᠠᠷ᠎ᠠ ᠠᠴᠠ ᠪᠠᠨ ᠡᠷᠢ ᠬᠡᠭᠴᠢ ᠪᠠᠷ | ᠠᠭᠤᠤ ᠶᠡᠭᠡ ᠰᠤᠶᠤᠯ ᠤᠨ ᠲᠤᠤᠷ᠎ᠠ ᠠᠭᠤᠤ ᠶᠡᠭᠡ ᠬᠥᠮᠤᠨ ᠯᠨ ᠠᠭᠤᠤ ᠶᠡᠭᠡ ᠪᠠᠨ ᠬᠠᠳᠠᠭᠠᠯᠠᠵᠤ ᠶᠠᠪᠤᠬᠤ | ᠶᠤᠰᠤᠳᠡᠢ ᠶᠤᠮ᠃ | | | | | | | ᠵᠤᠬᠢᠶᠠᠭᠴᠢ ᠶᠢᠨ ᠬᠠᠶ᠋ᠢᠭ᠄ ᠦᠪᠦᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ | ᠤᠯᠤᠰ ᠲᠦᠷᠦ ᠶᠢᠨ ᠵᠦᠪᠯᠡᠯᠬᠡᠨ | | | | | | | | | | |