ᠨᠤ · ᠳᠠᠮᠪᠠ | | | | ᠮᠢᠨᠦ ᠪᠡᠶ᠎ᠡ 1943 ᠤᠨ᠎ᠠ ᠶᠠᠫᠤᠨ ᠤ ᠲᠤᠤᠺᠢᠤ᠋ ᠳᠠᠬᠢ ᠺᠡᠨᠠᠺᠧᠨ ᠬᠠᠭᠤᠷᠠᠢ ᠵᠠᠮ ᠤᠨ ᠴᠡᠷᠢᠭ ᠤᠨ | ᠳᠠᠷᠤᠭ᠎ᠠ ᠶᠢᠨ ᠰᠤᠷᠭᠠᠭᠤᠯᠢ ᠶᠢᠨ ᠭᠤᠴᠢᠨ ᠲᠦᠷᠪᠡᠳᠦᠭᠡᠷ ᠬᠤᠭᠤᠴᠠᠭ᠎ᠠ ᠶᠢᠨ ᠰᠤᠷᠤᠯᠭ᠎ᠠ ᠶᠢ ᠳᠡᠭᠦᠰᠭᠡᠵᠤ᠂ | ᠠᠬᠠᠮᠠᠳ ᠳᠡᠰ ᠤᠨ ᠵᠡᠷᠭᠡ ᠬᠠᠮᠠᠭᠠᠯᠠᠭᠠᠳ ᠤᠯᠤᠰ ᠲᠠᠭᠠᠨ ᠪᠤᠴᠠᠵᠤ ᠢᠷᠡᠭᠰᠡᠨ ᠤ ᠳᠠᠷᠠᠭ᠎ᠠ᠂ ᠳᠤᠬᠠᠢ ᠶᠢᠨ ᠦᠶ᠎ᠡ | ᠶᠢᠨ ᠬᠠᠭᠤᠷᠮᠠᠭ ᠮᠤᠩᠭᠤᠯ ᠬᠢᠵᠠᠭᠠᠷ ᠤᠷᠤᠨ ᠤ ᠦᠪᠡᠰᠦᠪᠡᠨ ᠵᠠᠰᠠᠬᠤ ᠤᠷᠤᠨ ᠤ ᠰᠡᠷᠭᠡᠶᠢᠯᠡᠨ ᠬᠠᠮᠠᠭᠠᠯᠠᠬᠤ | ᠬᠤᠶᠠᠳᠤᠭᠠᠷ ᠳ᠋ᠢᠸᠢᠽᠢ ᠶᠢᠨ ᠼᠠᠨᠮᠤ ᠶᠢᠨ ᠰᠠᠯᠠᠭᠠᠨ ᠳᠠᠷᠤᠭ᠎ᠠ ᠪᠠᠷ ᠳᠤᠮᠢᠯᠠᠭᠳᠠᠪᠠ᠃ ᠬᠠᠮᠳᠤ ᠳᠡᠭᠦᠰᠴᠤ ᠢᠷᠡᠭᠰᠡᠨ | ᠴᠠᠬᠠᠷ ᠤᠨ ᠤᠶᠤᠳᠠᠳ ᠬᠡᠮᠡᠪᠡᠰᠣ᠄ ᠳᠠᠶᠢᠫᠤᠰᠧ ᠪᠠᠷᠠᠭᠤᠨ ᠭᠠᠷ ᠬᠤᠰᠢᠭᠤᠨ ᠤ ᠰᠤᠳᠤ᠂ ᠭᠸᠠᠹᠢᠯ᠂ ᠷᠠᠰᠢᠨᠠᠮᠵᠢᠯ᠂ | ᠬᠦᠪᠡᠭᠡᠳᠦ ᠴᠠᠭᠠᠨ ᠬᠤᠰᠢᠭᠤᠨ ᠤ ᠪᠤᠶᠠᠨᠳᠤᠭᠳᠠᠬᠤ ᠵᠡᠷᠭᠡ ᠬᠦᠮᠦᠰ ᠪᠠᠶᠢᠯᠴᠠᠪᠠᠢ᠃ ᠬᠤᠶᠠᠳᠤᠭᠠᠷ ᠳ᠋ᠢᠸᠢᠽᠢ ᠶᠢᠨ | ᠰᠧᠯᠢᠩᠪᠦ᠋ ᠪᠤᠯ ᠴᠠᠬᠠᠷ ᠠᠶᠢᠮᠠᠭ ᠤᠨ ᠲᠦᠪ — ᠬᠠᠷ᠎ᠠ ᠪᠠᠯᠭᠠᠰᠣᠨ᠎ᠠ ︵ᠡᠳᠦᠭᠡᠬᠢ ᠾᠧᠪᠸᠢ ᠮᠤᠵᠢ ᠶᠢᠨ ᠵᠠᠩᠪᠸᠢ | ᠰᠢᠶᠠᠨ︶ ᠪᠠᠶᠢᠪᠠ᠃ ᠲᠤᠬᠠᠢ ᠶᠢᠨ ᠦᠶ᠎ᠡ ᠶᠢᠨ ᠵᠠᠰᠠᠭ ᠤᠨ ᠳᠤᠭᠳᠠᠭᠠᠯ ᠢᠶᠠᠷ ᠠᠶᠢᠮᠠᠭ ᠤᠨ ᠳᠠᠷᠤᠭ᠎ᠠ ᠵᠤᠳᠪᠠᠵᠠᠪ | ᠠᠮᠪᠠᠠ᠂ ᠳᠡᠳ᠋ ᠳᠠᠷᠤᠭ᠎ᠠ ᠰᠧᠷᠡᠩᠨᠠᠮᠵᠢᠯ ᠠᠮᠪᠠᠨ ᠳ᠋ᠢᠸᠢᠽᠢ ᠶᠢᠨ ᠳᠠᠷᠤᠭ᠎ᠠ᠂ ᠤᠷᠤᠯᠠᠭᠴᠢ ᠶᠢ ᠳᠤᠰᠪᠤᠷᠢ ᠳᠠᠪᠬᠤᠷ | ᠬᠠᠷᠢᠭᠤᠴᠠᠵᠤ᠂ ᠳᠡᠰᠯᠡᠭᠴᠢ ᠭᠧᠨᠧᠷᠡᠯ ᠭᠤᠯᠢᠮᠧᠨᠰᠧ ᠵᠠᠩᠵᠤᠨ ᠼᠠᠨᠮᠤᠵᠠᠩ ᠰᠠᠭᠤᠵᠤ ᠪᠦᠬᠦ ᠴᠡᠷᠢᠭ ᠢ ᠵᠠᠬᠢᠷᠴᠤ | ᠪᠠᠶᠢᠪᠠ᠃ ︵ᠳᠣᠰ ᠬᠦᠮᠦᠨ ᠬᠠᠭᠤᠴᠢᠨ ᠳᠠᠶᠢᠫᠤᠰᠧ ᠪᠠᠷᠠᠭᠤᠨ ᠭᠠᠷ ᠬᠤᠰᠢᠭᠤᠨ ᠤ ᠬᠦᠮᠦᠨ᠂ 1945 ᠤᠨ | ᠠᠴᠠ ᠬᠤᠶᠢᠰᠢ ᠮᠤᠩᠭᠤᠯ ᠤᠯᠤᠰ ᠤᠨ ᠬᠠᠷᠢᠶᠠᠳᠤ ᠪᠤᠯᠵᠤ᠂ ᠤᠯᠤᠰ ᠤᠨ ᠶᠡᠭᠡ ᠰᠣᠷᠭᠠᠭᠤᠯᠢ ᠳᠤ ᠬᠢᠳᠠᠳ ᠪᠢᠴᠢᠭ | ᠵᠢᠭᠠᠵᠤ ᠪᠠᠶᠢᠭᠠᠳ ᠨᠠᠰᠣ ᠪᠠᠷᠠᠪᠠ᠃ ︶ ᠠᠷᠪᠠᠨ ᠨᠢᠭᠡᠨ ᠰᠠᠷ᠎ᠠ ᠶᠢᠨ ᠡᠬᠢᠨ ᠢᠶᠠᠷ ᠬᠠᠭᠤᠷᠠᠮᠠᠭ ᠮᠤᠩᠭᠤᠯ ᠬᠢᠵᠠᠭᠠᠷ | ᠤᠷᠤᠨ ᠤ ᠳᠡᠷᠢᠭᠦᠨ ᠨᠤᠶᠠᠨ ᠳᠡᠮᠴᠤᠭᠳᠤᠩᠷᠤᠪ ᠴᠢᠭᠤᠯᠤᠯᠳᠤ ᠬᠠᠭᠠᠯᠭᠠᠨ᠎ᠠ ᠬᠤᠷᠠᠯᠳᠤᠭᠠᠳ ᠪᠠᠷᠠᠭᠤᠨ ᠰᠦᠨᠢᠳ ᠤᠨ | ᠤᠷᠳᠤᠨ᠎ᠠ ᠪᠤᠴᠠᠬᠤ ᠵᠠᠮ ᠳᠤ ᠪᠠᠨ ᠯᠠᠨ ᠸᠧ ᠭᠸᠦ ᠬᠡᠮᠡᠬᠦ ᠪᠠᠷᠳᠠᠭᠠᠳᠤ ᠠᠭᠤᠯᠨ ᠶᠢ ᠦᠩᠭᠡᠷᠡᠬᠦ ᠳᠤ ᠬᠡᠨᠡᠳᠳᠡ ᠪᠠᠯᠠᠷ | ᠤᠢ ᠠᠰᠬ᠎ᠠ ᠬᠠᠳᠠᠨ ᠠᠴᠠ ᠲᠡᠷᠢᠭᠦᠨ ᠨᠤᠶᠠᠨ ᠤ ᠳᠡᠷᠭᠡ ᠶᠢ ᠭᠠᠯᠯᠠᠨ ᠫᠤᠤᠳᠠᠵᠠᠢ᠃ ᠳᠡᠷᠢᠭᠦᠨ ᠨᠤᠶᠠᠨ ᠭᠠᠳᠠᠭᠰᠢ | ᠭᠠᠷᠬᠤ ᠳᠠᠭᠠᠨ ᠶᠡᠷᠤ ᠨᠢ ᠳᠠᠪᠤᠨ ᠮᠠᠰᠢᠨ ᠳᠡᠭᠡᠷ᠎ᠡ ᠫᠦᠯᠧᠮᠢᠶᠤᠲ ᠤᠭᠰᠠᠷᠠᠭᠰᠠᠨ ᠵᠠᠭᠤᠭᠠᠳ ᠰᠢᠳᠠᠷ | ᠬᠠᠮᠠᠭᠠᠯᠠᠭᠴᠢᠳ ᠲᠠᠢ ᠶᠠᠪᠤᠳᠠᠭ ᠳᠤᠯᠠᠳᠠ ᠰᠢᠳᠠᠷ ᠤᠨ ᠬᠤᠷᠠᠨᠳᠠ ᠳᠠᠷᠤᠭ᠎ᠠ ᠬᠠᠳᠠᠨᠪᠠᠭᠠᠳᠤᠷ ᠭᠤᠸᠠᠢ ᠶᠢᠨ ᠵᠠᠷᠯᠢᠭ | ᠢᠶᠠᠷ ᠨᠢᠭᠡ ᠵᠡᠷᠭᠡ ᠬᠦᠴᠦᠲᠠᠢ ᠭᠠᠯᠯᠠᠬᠤ ᠳᠤ ᠳᠡᠭᠡᠷᠡᠮᠴᠢᠳ ᠪᠠᠷᠳᠠᠭᠠᠳᠤ ᠪᠠᠶᠢᠴᠨ ᠶᠢ ᠠᠰᠢᠭᠯᠠᠵᠤ ᠵᠢᠭᠤᠳᠠᠨ | ᠪᠤᠷᠤᠭᠤᠯᠪᠠ᠃ ᠬᠠᠷ᠎ᠠ ᠪᠠᠯᠭᠠᠰᠣᠨ᠎ᠠ ᠬᠦᠷᠦᠭᠰᠡᠨ ᠤ ᠳᠠᠷᠠᠭ᠎ᠠ ᠳᠡᠷᠢᠬᠦᠨ ᠨᠤᠶᠠᠨ ᠶᠡᠭᠡᠳᠡ ᠠᠭᠤᠷᠯᠠᠨ ᠶᠠᠫᠤᠨ | ᠳᠠᠩᠨᠠᠭᠤᠯ ᠤᠨ ᠪᠠᠶᠢᠭᠤᠯᠤᠯᠭ᠎ᠠ ᠶᠢᠨ ᠳᠠᠷᠤᠭ᠎ᠠ ᠠᠰᠠᠮᠸᠢ ᠳᠤ ᠤᠳᠠᠰᠤᠳᠠᠵᠤ ᠶᠠᠮᠠᠷ ᠬᠦᠮᠦᠨ ᠠᠶᠤᠮᠰᠢᠭ ᠦᠭᠡᠢ ᠪᠠᠷ | ᠮᠢᠨᠦ ᠬᠦᠰᠭᠡ ᠳᠤᠷ ᠬᠠᠯᠳᠠᠪᠠ ᠬᠡᠮᠡᠨ ᠳᠤᠯᠭᠠᠨ ᠠᠰᠠᠭᠤᠬᠤ ᠳᠤ ᠦᠨᠦᠬᠢ ᠭᠠᠶᠢᠬᠠᠯ ᠬᠠᠷᠢᠨ᠄ 《ᠬᠦᠨᠳᠦᠳᠦ | ᠨᠤᠶᠠᠨ ᠲᠠ ᠬᠢᠯᠢᠩ ᠢᠶᠠᠨ ᠳᠠᠷᠤᠭᠳᠤᠨ᠂ ᠦᠨᠦᠳᠦᠷ ᠶᠡᠭᠡ ᠨᠤᠶᠠᠨ ᠳᠠᠨ ᠤ ᠬᠦᠰᠭᠡ ᠳᠤ ᠬᠠᠯᠳᠠᠭᠰᠠᠳ ᠪᠤᠯᠪᠠᠰᠤ | ᠳᠠᠷᠣᠢ ᠬᠡᠳᠦᠨ ᠵᠢᠯ ᠤᠨ ᠡᠮᠦᠨ᠎ᠡ ᠮᠤᠩᠭᠤᠯ ᠴᠡᠷᠢᠭ ᠠᠴᠠ ᠤᠷᠪᠠᠨ ᠭᠠᠷᠤᠭᠰᠠᠨ ᠽᠦᠸᠧ ᠯᠢᠤᠽᠢ᠂ ᠸᠠᠩ ᠪᠠᠨᠵᠠᠩ | ᠤᠨ ᠳᠠᠭᠠᠭᠤᠯᠤᠭᠰᠠᠨ ᠳᠡᠭᠡᠷᠡᠮᠴᠢᠳ ᠮᠦᠨ 》ᠬᠡᠮᠡᠪᠠᠢ᠃ ᠡᠶᠢᠨᠬᠦ ᠳᠡᠷᠢᠬᠦᠨ ᠨᠤᠶᠠᠨ ᠬᠤᠶᠠᠳᠤᠭᠠᠷ ᠳ᠋ᠢᠸᠢᠽᠢ ᠶᠢᠨ | ᠼᠠᠨᠮᠤᠵᠠᠩ ᠭᠤᠯᠢᠮᠢᠨᠰᠧ ᠳᠤᠷ ᠭᠤᠴᠢᠨ ᠡᠳᠦᠷ ᠤᠨ ᠳᠤᠳᠤᠷ᠎ᠠ ᠡᠨᠡᠬᠦ ᠳᠡᠭᠡᠷᠡᠮ ᠢ ᠪᠦᠷᠢᠮᠦᠰᠦᠨ ᠤᠰᠠᠳᠬᠠᠰᠣᠭᠠᠢ | ᠭᠡᠵᠤ ᠬᠠᠳᠠᠭᠤ ᠵᠠᠷᠯᠢᠭᠳᠠᠪᠠᠢ᠃ | ᠴᠡᠷᠢᠭ ᠮᠤᠷᠳᠠᠬᠤ ᠪᠤᠯᠤᠭᠰᠠᠨ᠎ᠠ ᠴᠤᠬᠤᠮ ᠳᠠᠭᠠᠨ ᠪᠠᠶᠢᠯᠳᠤᠬᠤ ᠰᠠᠯᠠᠭᠠᠨ ᠤ ᠳᠠᠷᠤᠭ᠎ᠠ ᠠᠬᠠᠮᠠᠳ ᠵᠡᠷᠭᠡ ᠲᠠᠢ | ᠰᠣᠳᠣ ᠴᠡᠷᠢᠭ ᠳᠠᠶᠢᠴᠢᠯᠠᠵᠤ ᠭᠠᠷᠬᠤ ᠶᠣᠰᠣᠳᠠᠢ ᠠᠳᠠᠯ᠎ᠠ᠂ ᠦᠩᠭᠡᠷᠡᠭᠰᠡᠨ ᠰᠠᠷ᠎ᠠ ᠳᠤ ᠪᠢᠳᠡ ᠬᠤᠶᠠᠭᠤᠯᠨ | ᠠᠷᠢᠬᠢᠳᠠᠵᠤ ᠬᠡᠷᠡᠯᠳᠦᠭᠡᠳ ᠪᠢ ᠠᠭᠤᠷ ᠲᠠᠭᠠᠨ ᠳᠡᠭᠦᠨ ᠤ ᠪᠦᠳᠦᠭᠦᠨ ᠭᠤᠶ᠎ᠠ ᠶᠢ ᠰᠡᠳᠡ ᠰᠡᠯᠡᠮᠡᠳᠡᠭᠡᠳ | ᠬᠦᠬᠡᠬᠤᠳᠠ ᠳᠠᠬᠢ ᠮᠤᠩᠭᠤᠯ ᠴᠡᠷᠢᠭ ᠤᠨ ᠶᠡᠷᠦᠩᠬᠡᠢ ᠡᠮᠨᠡᠯᠬᠡ ᠳᠤ ᠬᠦᠷᠭᠡᠵᠠᠢ᠃ ᠬᠡᠷᠡᠯᠳᠦᠭᠰᠡᠨ ᠰᠢᠯᠳᠠᠭᠠᠨ ᠤ | ᠳᠤᠬᠠᠢ ᠶᠠᠷᠢᠪᠠᠯ ᠪᠠᠰᠠ ᠦᠯᠢᠭᠡᠷ ᠲᠠᠢ ᠶᠤᠮ᠃ ᠪᠢᠳᠡ ᠬᠤᠶᠠᠭᠤᠯᠨ ᠨᠤᠳᠤᠭ ᠤᠰᠤ ᠨᠢᠭᠡ ᠮᠦᠷᠳᠡᠭᠡᠨ ᠬᠠᠷ᠎ᠠ ᠪᠠᠭ᠎ᠠ | ᠠᠴᠠ ᠪᠠᠨ ᠨᠠᠶᠢᠵᠢᠷᠬᠠᠨ ᠪᠤᠶᠢᠵᠢᠭᠰᠠᠨ ᠶᠤᠮ᠃ ᠬᠤᠰᠢᠭᠤᠨ ᠤ ᠪᠠᠭ᠎ᠠ ᠰᠣᠷᠭᠠᠭᠤᠯᠢ᠂ ᠬᠠᠷ᠎ᠠ ᠪᠠᠯᠭᠠᠰᠤ ᠳᠠᠬᠢ | ᠴᠠᠬᠠᠷ ᠠᠶᠢᠮᠠᠭ ᠤᠨ ᠮᠤᠩᠭᠤᠯ ᠢ ᠮᠠᠨᠳᠤᠭᠤᠯᠬᠤ ᠵᠠᠯᠠᠭᠤᠴᠤᠳ ᠤᠨ ᠰᠤᠷᠭᠠᠭᠤᠯᠢ ᠂ ᠬᠠᠭᠤᠷᠠᠮᠠᠭ ᠮᠠᠨᠵᠤ ᠶᠢᠨ | ᠬᠢᠩᠭᠠᠨ ᠴᠡᠷᠢᠭ ᠤᠨ ᠳᠠᠷᠤᠭ᠎ᠠ ᠶᠢᠨ ᠰᠣᠷᠭᠠᠭᠤᠯᠢ᠂ ᠶᠠᠫᠤᠨ ᠤ ᠳᠤᠤᠺᠢᠤ᠋ ᠳᠠᠬᠢ ᠴᠡᠷᠢᠭ ᠤᠨ ᠳᠠᠷᠤᠭ᠎ᠠ ᠶᠢᠨ | ᠰᠣᠷᠭᠠᠭᠤᠯᠢ ᠳᠤ ᠪᠦᠷ ᠬᠠᠮᠳᠣ ᠶᠠᠪᠤᠵᠤ ᠰᠣᠷᠣᠯᠴᠠᠭᠰᠠᠨ ᠨᠠᠶᠢᠵᠨ ᠪᠤᠯᠬᠤ ᠶᠤᠮ᠃ ᠭᠡᠳᠡᠯ᠎ᠡ ᠮᠠᠨ ᠤ ᠬᠦᠮᠦᠨ | ᠬᠡᠵᠢᠶᠡᠳᠡ ᠠᠷᠠᠳ ᠢᠷᠭᠡᠳ ᠢ ᠰᠦᠷᠳᠡᠭᠦᠯᠦᠨ ᠡᠬᠡᠨᠡᠷ ᠦᠬᠢᠳ ᠢ ᠪᠤᠵᠠᠷᠯᠠᠬᠤ᠂ ᠮᠠᠶᠢᠮᠠᠢ ᠱᠣᠣᠮᠠᠢ ᠶᠢ ᠳᠣᠨᠣᠬᠤ᠂ | ᠬᠠᠮᠤᠭ ᠨᠠᠭᠠᠳᠣ ᠵᠠᠬ᠎ᠠ ᠨᠢ ᠭᠤᠸᠠᠩᠵᠠᠨ ᠳᠤ ᠠᠷᠬᠢᠳᠠᠵᠤ ᠪᠤᠳᠠᠭᠠᠯᠠᠭᠠᠳ ᠮᠦᠩᠭᠦ ᠦᠭᠳᠡᠭ ᠦᠭᠡᠢ ᠭᠠᠷᠳᠠᠭ ᠶᠤᠮ᠃ | ᠪᠢᠳᠡ ᠬᠤᠶᠠᠭᠤᠯᠨ ᠭᠤᠷᠪᠠᠨ ᠬᠤᠨᠳᠠᠭ᠎ᠠ ᠠᠷᠢᠬᠢ ᠪᠠᠯᠭᠤᠳᠠᠯᠠ ᠪᠢ ᠲᠡᠬᠦᠨ ᠢ ᠠᠨᠳᠠ ᠨᠠᠶᠢᠵᠨ ᠶᠢᠨ ᠬᠤᠪᠢ ᠪᠠᠷ | ᠢᠳᠬᠠᠨ ᠰᠠᠨᠠᠭᠤᠯᠵᠤ ᠴᠡᠭᠡᠷᠯᠡᠬᠦᠢ ᠶᠢ ᠬᠦᠰᠡᠭᠰᠡᠨ ᠳᠤ ᠳᠡᠷᠨ ᠬᠠᠷᠢᠨ᠄ ︽ᠴᠢ ᠬᠠᠷ᠎ᠠ ᠬᠢᠳᠠᠳ ᠢ ᠦᠮᠦᠭᠯᠡᠭᠡᠳ᠂ | ᠴᠢᠨᠤ ᠡᠴᠢᠭᠡ ᠴᠢᠨᠢ ᠤᠤ︖︾ ᠭᠡᠰᠡᠨ ᠳᠤ ᠪᠢ ᠠᠭᠤᠷ ᠲᠠᠭᠠᠨ ᠪᠠᠭ᠎ᠠ ᠫᠤᠤ ᠪᠠᠨ ᠰᠣᠭᠤ ᠳᠠᠳᠠᠵᠤ ᠫᠤᠣᠳᠠᠶᠠ | ᠭᠡᠰᠡᠨ ᠴᠦ ᠨᠢᠬᠡ ᠮᠡᠳᠡᠬᠦ ᠳᠤ ᠤᠬᠠᠭᠠᠨ ᠤᠷᠤᠵᠤ ᠫᠤᠤ ᠶᠢᠨ ᠰᠣᠮᠣ ᠨᠢᠳᠤ ᠦᠭᠡᠢ ᠪᠤᠯᠬᠤᠷ ᠠᠮᠢᠨ ᠭᠠᠵᠠᠷ ᠲᠤᠨᠢ | ᠳᠤᠰᠬᠤ ᠮᠠᠭᠠᠳ ᠦᠬᠡᠢ ᠬᠡᠵᠤ ᠬᠢᠴᠢᠶᠡᠵᠤ ᠰᠡᠯᠡᠮᠡᠳᠡᠭᠰᠡᠨ ᠤᠴᠢᠷ ᠡᠶᠢᠮᠦ ᠪᠤᠯᠠᠢ᠃ ︵ ᠡᠭᠦᠨ ᠠᠴᠠ ᠬᠤᠶᠢᠰᠢ | ᠳᠡᠷᠨ ᠮᠦᠨ ᠯᠨ ᠬᠠᠷᠭᠢᠰ ᠪᠠᠯᠠᠮᠠᠳ ᠠᠭᠠᠰᠢᠯᠠᠵᠤ ᠪᠠᠶᠢᠭᠠᠳ ᠲᠦᠴᠢᠨ ᠳᠠᠪᠤᠨ ᠤᠨ ᠤ ᠶᠢᠰᠦᠳᠦᠬᠡᠷ ᠰᠠᠷ᠎ᠠ ᠳᠤ | ᠵᠦᠪᠯᠡᠯᠳᠤ ᠮᠤᠩᠭᠤᠯ ᠤᠨ ᠬᠤᠯᠪᠤᠭᠠᠳᠤ ᠴᠡᠷᠢᠭ ᠤᠨ ᠳᠤᠰᠠᠯᠠᠮᠵᠢ ᠪᠠᠷ ᠨᠠᠢᠮᠠᠳᠤᠭᠠᠷ ᠠᠷᠮᠢ ᠬᠠᠷ᠎ᠠ ᠪᠠᠯᠭᠠᠰᠣ ᠶᠢ | ᠠᠩᠬᠠᠳᠤᠭᠠᠷ ᠤᠳᠠᠭ᠎ᠠ ᠴᠢᠯᠦᠭᠡᠯᠡᠬᠦ ᠳᠤ ᠤᠯᠠᠨ ᠲᠦᠮᠡᠨ ᠤ ᠵᠠᠭᠠᠯᠳᠤᠯᠭ᠎ᠠ ᠪᠠᠷ ᠳᠠᠷᠤᠩᠭᠤᠶᠢᠯᠠᠭᠳᠠᠪᠠ︶᠃ | ᠡᠭᠦᠨ ᠳᠤ ᠭᠤᠯᠢᠮᠤᠨᠰᠧ ᠳᠠᠷᠤᠭ᠎ᠠ ᠠᠴᠠ᠄ ︽ᠴᠢ ᠪᠠᠶᠢᠯᠳᠤᠬᠤ ᠰᠠᠯᠠᠭᠠᠨ ᠤ ᠳᠠᠷᠤᠭ᠎ᠠ ᠪᠠᠨ | ᠰᠢᠷᠬᠠᠳᠤᠭᠤᠯᠤᠭᠰᠠᠨ ᠳᠤᠯᠠᠳᠠ ᠤᠷᠤᠨ ᠳᠤᠨᠢ ᠬᠠᠰᠢᠯᠨ ᠴᠢ ᠮᠤᠷᠳᠠᠬᠤ ᠴᠢᠬᠤᠯᠠᠳᠠᠢ︾ ᠬᠡᠮᠡᠨ ᠨᠠᠮᠠᠢᠢ ᠰᠢᠭᠤᠳ | ᠵᠠᠷᠯᠢᠭᠳᠠᠪᠠ᠃ ᠳᠡᠷᠨ ᠦᠶ᠎ᠡ ᠳᠤ ᠮᠢᠨᠦ ᠪᠡᠶ᠎ᠡ ᠴᠦ ᠨᠠᠰᠣ ᠵᠠᠯᠠᠭᠤ ᠵᠤᠷᠢᠭ ᠪᠠᠳᠠᠷᠠᠩᠭᠤᠢ ᠪᠠᠶᠢᠭᠰᠠᠨ ᠪᠦᠭᠡᠳ ᠪᠠᠭ᠎ᠠ | ᠠᠴᠠ ᠪᠠᠨ ᠫᠤᠤ ᠰᠠᠭᠠᠳᠠᠭ ᠤᠷᠤᠯᠳᠤᠵᠤ ᠠᠩ ᠭᠦᠷᠦᠭᠡ ᠬᠢᠬᠦ ᠳᠣᠷᠠᠳᠠᠢ᠂ ᠴᠡᠷᠢᠭ ᠤᠨ ᠰᠣᠷᠭᠠᠭᠤᠯᠢ ᠶᠢ | ᠳᠠᠮᠵᠢᠭᠠᠳ ᠴᠡᠷᠢᠭ ᠳᠠᠶᠢᠨ ᠤ ᠵᠦᠢ ᠤᠬᠠᠭᠠᠨ᠂ ᠠᠯᠠᠯᠳᠤᠬᠤ ᠬᠠᠳᠬᠤᠯᠳᠤᠬᠤ ᠮᠡᠷᠭᠡᠵᠢᠯ ᠢ ᠪᠢᠰᠢᠭᠦᠢ ᠤᠯᠠᠨ | ᠰᠣᠷᠣᠭᠰᠠᠨ ᠪᠤᠯᠪᠠᠴᠣ ᠪᠤᠳᠠᠳᠠᠢ ᠬᠡᠷᠡᠭᠵᠢᠭᠦᠯᠵᠦ ᠦᠵᠡᠭᠡ ᠦᠭᠡᠢ ᠪᠤᠯᠬᠤᠷ ᠨᠠᠫᠤᠯᠢᠶᠤᠨ ᠤ ᠬᠡᠯᠡᠭᠰᠡᠨ᠄ ︽ | ᠭᠠᠷᠮᠠᠭᠠᠢ ᠵᠠᠩᠵᠤᠨ ᠪᠤᠯ ᠰᠢᠯᠢᠳᠡᠭ ᠪᠠᠶᠢᠯᠳᠤᠭᠴᠢ ᠠᠴᠠ ᠭᠠᠷᠳᠠᠭ︾ ᠭᠡᠰᠡᠨ ᠦᠭᠡ ᠰᠠᠨᠠᠭᠳᠠᠵᠤ᠂ ᠡᠨᠡᠬᠦ ᠡᠭᠦᠷᠭᠡ | ᠶᠢ ᠬᠦᠯᠢᠶᠡᠨ ᠠᠪᠤᠪᠠ᠃ ᠲᠡᠷᠨ ᠳᠠᠷᠤᠢ ᠭᠤᠯᠢᠮᠣᠨᠰᠧ ᠵᠠᠷᠯᠢᠭ ᠪᠤᠯᠵᠤ ᠭᠤᠷᠪᠠᠨ ᠰᠣᠮᠣ ᠮᠣᠷᠢᠳᠣ ᠴᠡᠷᠢᠭ ᠢ ᠨᠠᠳᠠ | ᠳᠤᠷ ᠰᠠᠯᠭᠠᠨ ᠦᠭᠴᠤ ᠺᠤᠮᠠᠨᠳᠠᠯᠠᠭᠤᠯᠪᠠ᠃ ︵ᠨᠢᠭᠡ ᠰᠣᠮᠣᠨ ᠳᠠᠷᠤᠭ᠎ᠠ ᠪᠤᠯᠪᠠᠰᠣ ᠷᠠᠰᠢᠪᠠᠯᠵᠤᠤᠷ ᠬᠡᠮᠡᠭᠴᠢ᠂ | ᠲᠦᠴᠢᠨ ᠲᠠᠪᠤᠨ ᠤᠨ᠎ᠠ ᠬᠤᠪᠢᠰᠬᠠᠯ ᠳᠤ ᠤᠷᠤᠯᠴᠠᠵᠤ ᠶᠡᠭᠡ ᠭᠠᠪᠢᠶ᠎ᠠ ᠪᠠᠶᠢᠭᠤᠯᠤᠨ᠂ ᠰᠢᠯᠤᠭᠤᠨ ᠬᠦᠬᠡ | ᠬᠤᠰᠢᠭᠤᠨ ᠤ ᠳᠡᠳ᠋ ᠳᠠᠷᠤᠭ᠎ᠠ᠂ ᠰᠢᠯᠢ ᠶᠢᠨ ᠭᠤᠤᠯ ᠠᠶᠢᠮᠠᠭ ᠤᠨ ᠵᠠᠬᠢᠷᠭ᠎ᠠ ᠶᠢᠨ ᠨᠠᠷᠢᠨ ᠪᠢᠴᠢᠭ ᠤᠨ ᠳᠠᠷᠤᠭ᠎ᠠ | ᠵᠡᠷᠭᠡ ᠴᠢᠬᠤᠯᠨ ᠳᠤᠰᠢᠶᠠᠯ ᠳᠤ ᠪᠠᠶᠢᠪᠠ᠃︶ | ᠴᠡᠷᠢᠭ ᠮᠤᠷᠳᠠᠬᠤ ᠡᠳᠦᠷ ᠶᠠᠫᠤᠨ ᠤ ᠳᠠᠩᠨᠠᠭᠤᠯ ᠤᠨ ᠪᠠᠶᠢᠭᠤᠯᠤᠯᠭ᠎ᠠ ᠶᠢᠨ ᠳᠠᠷᠤᠭ᠎ᠠ ᠳᠣᠰᠬᠠᠢ ᠢᠷᠡᠵᠤ ᠨᠠᠳᠠ | ᠲᠠᠢ ᠠᠭᠤᠯᠵᠠᠭᠠᠳ ᠳᠡᠭᠡᠷᠡᠮ ᠤᠨ ᠲᠦᠷᠦᠭᠦᠦ ᠽᠦᠸᠧ ᠯᠢᠤᠽᠢ᠂ ᠸᠠᠩ ᠪᠠᠨᠵᠠᠩ ᠤᠨ ᠰᠡᠭᠦᠳᠡᠷ ᠵᠢᠷᠤᠭ ᠢ ᠦᠭᠴᠤ | ᠪᠠᠶᠢᠳᠠᠯ ᠢ ᠳᠤᠳᠤᠷᠬᠠᠢ ᠳᠠᠨᠢᠯᠴᠠᠭᠤᠯᠪᠠ᠃ ᠳᠣᠰ ᠪᠦᠯᠦᠭ ᠳᠡᠭᠡᠷᠡᠮᠴᠢᠳ ᠪᠤᠯ ᠳᠡᠨᠦᠭᠦᠯᠴᠢᠨ᠂ ᠯᠤᠶᠢᠪᠠᠷᠴᠢᠨ᠂ | ᠶᠠᠷᠭᠠᠴᠢᠨ ᠢᠶᠠᠷ ᠪᠦᠷᠢᠯᠳᠦᠭᠰᠡᠨ ᠰᠣᠶᠣᠯ ᠦᠭᠡᠢ ᠠᠮᠢᠳᠠᠳ ᠪᠤᠯᠬᠤᠷ ᠤᠯᠤᠰ ᠲᠦᠷᠦ ᠶᠢᠨ ᠵᠤᠷᠢᠯᠳᠠ ᠦᠭᠡᠢ᠂ | ᠵᠢᠷᠭᠠᠵᠤ ᠴᠡᠩᠭᠡᠬᠦ ᠶᠢ ᠬᠦᠭᠡᠭᠡᠴᠡᠯᠳᠦᠭᠰᠡᠨ ᠨᠡᠶᠢᠭᠡᠮ ᠤᠨ ᠰᠢᠭᠠᠷᠤ ᠮᠦᠨ᠃ ᠡᠶᠢᠮᠦ ᠠᠴᠠ ᠠᠯᠠᠵᠤ ᠪᠤᠯᠠᠵᠤ | ᠳᠡᠭᠡᠷᠡᠮᠳᠡᠬᠦ ᠮᠡᠳᠦ ᠶᠢᠨ ᠬᠦᠮᠦᠨ ᠤ ᠦᠨᠦᠷ ᠦᠭᠡᠢ ᠬᠠᠷᠬᠢᠰ ᠪᠠᠯᠠᠮᠠᠳ ᠨᠢᠭᠦᠯ ᠢ ᠬᠢᠳᠡᠭ᠃ ᠳᠤᠯᠤᠭ᠎ᠠ ᠨᠠᠢᠮᠠᠬᠠᠨ | ᠨᠠᠰᠤᠳᠠᠢ ᠨᠢᠯᠬᠠᠰ ᠢ ᠬᠦᠴᠦᠷᠬᠡᠭᠯᠡᠬᠦ ᠠᠴᠠ ᠠᠪᠤᠭᠠᠳ ᠬᠦᠮᠦᠨ ᠤ ᠵᠢᠷᠦᠬᠡ ᠶᠢ ᠰᠣᠭᠤᠯᠵᠤ ᠰᠡᠮᠡᠵᠡᠨ ᠦᠭᠡᠬᠦᠨ ᠳᠤ | ᠪᠤᠭᠤᠵᠤ ᠰᠢᠷᠠᠵᠤ ᠢᠳᠡᠬᠦ ᠵᠡᠷᠭᠡ ᠶᠢᠰᠦᠨ ᠬᠠᠷ᠎ᠠ ᠨᠢᠬᠦᠯ ᠢ ᠦᠢᠯᠡᠳᠦᠳᠡᠭ᠃ ᠳᠡᠳᠡ ᠦᠷᠭᠦᠯᠵᠢ ᠵᠠᠭᠤ ᠨᠠᠶᠠᠭᠠᠳ | ᠬᠦᠮᠦᠰ ᠲᠠᠢ᠂ ᠵᠠᠷᠢᠮ ᠳᠠᠭᠠᠨ ᠰᠦᠷᠦᠭᠯᠡᠵᠤ ᠬᠤᠶᠠᠷ ᠵᠠᠭᠤᠭᠠᠳ ᠴᠦ ᠪᠤᠯᠴᠢᠬᠠᠳᠠᠭ᠃ ᠭᠤᠤᠯᠳᠠᠭᠤ ᠴᠠᠬᠠᠷ ᠤᠨ | ᠳᠤᠮᠳᠠ ᠭᠡᠰᠡᠭ ᠤᠨ ᠳᠠᠷᠢᠶᠠᠯᠠᠬᠤ ᠶᠢᠰᠣᠨ ᠰᠢᠶᠠᠨ ᠤ ᠬᠤᠭᠤᠷᠤᠨᠳᠠᠬᠢ ᠪᠠᠷᠳᠠᠭᠠᠳᠣ ᠠᠭᠤᠯᠠᠷᠬᠠᠭ ᠤᠷᠤᠨ ᠢᠶᠠᠷ | ᠰᠦᠯᠵᠢᠨ ᠳᠡᠭᠡᠷᠡᠮᠳᠡᠭᠡᠳ ᠠᠷᠪᠠᠭᠠᠳ ᠵᠢᠯ ᠪᠤᠯᠵᠠᠢ᠃ ᠤᠷᠳᠤ ᠫᠤᠤ᠂ ᠪᠠᠭ᠎ᠠ ᠫᠤᠤ᠂ ᠵᠠᠭᠤᠭᠠᠳ ᠪᠤᠢ ᠭᠡᠨ᠎ᠡ᠃ | ᠳᠡᠷᠡᠴᠢᠯᠡᠨ ᠨᠠᠮᠠᠢᠢ ᠬᠤᠯᠠᠭᠠᠢ ᠶᠢ ᠳᠠᠷᠤᠵᠤ ᠭᠠᠪᠢᠶ᠎ᠠ ᠪᠠᠶᠢᠭᠤᠯᠬᠤ ᠶᠢ ᠪᠡᠯᠭᠡᠯᠡᠪᠡᠢ᠃ | ᠳᠡᠷᠨ ᠦᠶ᠎ᠡ ᠳᠤ ᠶᠡᠭᠡ ᠶᠡᠭᠡ ᠳᠤᠰᠬᠤᠨᠠ ᠪᠦᠷ ᠳᠣᠰᠬᠤᠨ ᠤ ᠠᠯᠪᠠᠨ ᠦᠷᠦᠭᠡ᠂ ᠴᠠᠭᠳᠠᠭ᠎ᠠ ᠶᠢᠨ | ᠦᠷᠦᠭᠡ ᠪᠠᠶᠢᠭᠤᠯᠤᠨ ᠬᠠᠷᠢᠯᠴᠠᠭᠤᠷ ᠲᠠᠢ ᠪᠤᠯᠤᠭᠰᠠᠨ ᠪᠤᠯᠬᠤᠷ ᠳᠡᠭᠡᠷᠡᠮ ᠤᠨ ᠬᠤᠤᠷ ᠬᠦᠨᠦᠬᠡᠯ ᠢ ᠠᠮᠰᠠᠵᠤ | ᠪᠠᠶᠢᠭᠰᠠᠨ ᠡᠭᠡᠯ ᠠᠷᠠᠳ ᠴᠦ ᠴᠢᠮᠡᠭᠡ ᠬᠦᠷᠭᠡᠵᠤ ᠢᠷᠡᠳᠡᠭ ᠶᠤᠮ᠃ ᠮᠢᠨᠦ ᠪᠡᠶ᠎ᠡ ᠭᠤᠷᠪᠠᠨ ᠰᠣᠮᠣ ᠴᠡᠷᠢᠭ᠂ ᠭᠤᠷᠪᠠᠨ | ᠵᠠᠭᠤ ᠨᠠᠶᠠᠭᠠᠳ ᠳᠠᠷᠤᠭ᠎ᠠ ᠪᠠᠶᠢᠯᠳᠤᠭᠴᠢ ᠶᠢ ᠳᠠᠭᠠᠭᠤᠯᠵᠤ ᠡᠨᠡ ᠪᠦᠯᠦᠭ ᠳᠡᠭᠡᠷᠡᠮ ᠲᠠᠢ ᠰᠣᠷᠣᠨᠵᠢᠨ ᠮᠡᠳᠦ | ᠨᠠᠭᠠᠯᠳᠤᠵᠤ ᠠᠮᠢᠰᠬᠤᠭ᠎ᠠ ᠠᠪᠬᠤ ᠴᠢᠯᠦᠭᠡ ᠦᠭᠡᠢ ᠱᠠᠯᠠᠪᠳᠠᠨ ᠬᠦᠭᠡᠭᠡᠪᠠᠢ᠃ ᠬᠤᠷᠢᠭᠠᠳ ᠡᠳᠦᠷ ᠤᠨ ᠳᠣᠳᠣᠷ᠎ᠠ | ᠳᠣᠯᠣᠭᠠᠨ ᠤᠳᠠᠭ᠎ᠠ ᠪᠠᠶᠢᠯᠳᠤᠵᠤ ᠳᠠᠯᠠᠭᠠᠳ ᠳᠡᠭᠡᠷᠡᠮ ᠢ ᠣᠰᠠᠳᠬᠠᠪᠠ᠃ ᠪᠢ ᠪᠠᠰᠨ ᠤᠯᠵᠠᠯᠠᠭᠰᠠᠨ ᠫᠤᠤ ᠰᠣᠮᠣ ᠶᠢ | ᠡᠷᠬᠡᠪᠰᠢ ᠳᠡᠭᠡᠭᠰᠢ ᠳᠣᠰᠢᠶᠠᠬᠤ ᠠᠴᠠ ᠭᠠᠳᠠᠨ᠎ᠠ ᠪᠤᠰᠣᠳ ᠤᠯᠤᠭᠰᠠᠨ ᠡᠳ᠋ ᠬᠤᠭᠰᠢᠯ᠂ ᠮᠦᠩᠭᠦ ᠵᠤᠭᠤᠰ᠂ | ᠠᠭᠳᠠ ᠮᠤᠷᠢ ᠵᠡᠷᠭᠡ ᠶᠢ ᠬᠡᠨ ᠤᠯᠪᠠᠯ ᠬᠡᠨ ᠠᠪᠤᠳᠤᠭᠠᠢ ᠬᠡᠮᠡᠨ ᠵᠠᠷᠯᠢᠭᠳᠠᠬᠤᠢ ᠳᠤᠷ ᠪᠠᠶᠢᠯᠳᠤᠭᠴᠢᠳ ᠤᠨ | ᠳᠠᠶᠢᠯᠠᠯᠳᠤᠬᠤ ᠤᠷᠮ᠎ᠠ ᠵᠤᠷᠢᠭ ᠠᠷᠪᠠᠨ ᠬᠤᠪᠢ ᠨᠡᠮᠡᠭᠳᠡᠪᠡᠢ᠃ | ᠨᠢᠭᠡᠨ ᠰᠢᠭᠤᠷᠭᠠᠨᠳᠤ ᠡᠳᠦᠷ ᠦᠯᠡᠳᠡᠭᠳᠡᠯ ᠳᠡᠭᠡᠷᠡᠮ ᠨᠢᠭᠡᠨᠳᠡ ᠭᠦᠩ ᠾᠦᠢ ᠶᠢᠨ ᠤᠷᠴᠢᠮ ᠾᠷᠢᠰᠲ᠋ᠤᠰ | ᠤᠨ ᠰᠦᠮ᠎ᠠ ᠲᠠᠢ ᠬᠤᠤ ᠵᠢᠶᠠ ᠲᠢ ᠬᠡᠮᠡᠬᠦ ᠳᠤᠰᠬᠤᠨᠠ ᠰᠢᠷᠭᠤᠯᠠᠨ ᠪᠠᠶᠢᠬᠤ ᠯᠠᠪᠲᠠᠢ ᠴᠢᠮᠡᠭᠡ ᠤᠯᠪᠠ᠃ ᠭᠠᠵᠠᠷ | ᠤᠨ ᠵᠢᠷᠤᠭ ᠢ ᠳᠡᠯᠭᠡᠵᠤ ᠦᠵᠡᠬᠦᠯ᠎ᠡ ᠮᠠᠨ ᠤ ᠰᠠᠭᠤᠴᠨ ᠠᠴᠠ ᠵᠠᠭᠤ ᠨᠠᠶᠠᠭᠠᠳ ᠭᠠᠵᠠᠷ ᠪᠠᠶᠢᠬᠤ ᠴᠡᠷᠢᠭ ᠮᠤᠷᠢᠳ ᠢ | ᠰᠠᠶᠢᠳᠤᠷ ᠠᠮᠤᠰᠬᠢᠯᠬᠡᠵᠤ ᠬᠦᠯ ᠬᠠᠷᠢᠴᠠᠭ᠎ᠠ ᠶᠢ ᠴᠢᠩᠭᠠᠳᠠ ᠬᠤᠷᠢᠪᠠᠢ᠃ ᠰᠦᠨᠢ ᠶᠢᠨ ᠬᠠᠷᠠᠩᠭᠤᠢ ᠪᠤᠯᠤᠮᠠᠭᠴᠠ | ᠰᠡᠮᠡᠭᠡᠷ ᠮᠤᠷᠳᠠᠵᠤ ᠤᠨᠴᠠ ᠳᠡᠰ ᠤᠨ ᠬᠤᠷᠳᠤᠴᠠ ᠪᠠᠷ ᠳᠠᠪᠬᠢᠭᠤᠯᠵᠤ ᠦᠷ ᠢᠶᠠᠷ ᠳᠣᠰ ᠳᠣᠰᠬᠤᠨ ᠢ ᠪᠠᠳᠤ | ᠪᠦᠰᠡᠯᠡᠨ ᠠᠪᠴᠤ ᠪᠠᠶᠢᠯᠳᠤᠪᠠᠢ᠃ ᠫᠤᠤ ᠫᠠᠷᠴᠢᠭᠢᠨᠠᠨ ᠠᠭᠳᠠ ᠢᠨᠴᠠᠭᠠᠯᠳᠣᠨ ᠵᠡᠷᠯᠢᠭ ᠰᠣᠮᠣ ᠱᠤᠤᠭᠢᠨ ᠾᠷᠢᠰᠲ᠋ᠣᠰ | ᠤᠨ ᠰᠦᠮ᠎ᠡ ᠶᠢᠨ ᠴᠠᠭᠠᠨ ᠳᠡᠮᠦᠷ ᠳᠡᠭᠡᠪᠦᠷ ᠲᠤ ᠳᠣᠰᠬᠤ ᠨᠢ ᠠᠶᠤᠩᠭ᠎ᠠ ᠨᠢᠷᠭᠢᠭᠰᠡᠨ ᠮᠡᠳᠦ ᠨᠠᠷᠭᠢᠨ ᠴᠣᠣᠷᠢᠶᠠᠳᠣᠵᠣ | ᠳᠠᠶᠢᠨ ᠤ ᠰᠦᠷ ᠬᠦᠴᠦᠨ ᠢ ᠤᠯᠠᠮ ᠭᠡᠳᠦᠨ ᠬᠤᠪᠢ ᠨᠡᠮᠡᠭᠳᠡᠭᠦᠯᠦᠨ ᠬᠠᠯᠠᠮᠰᠢᠨ ᠪᠠᠶᠢᠯᠳᠤᠪᠠ᠃ | ᠪᠢ ᠳᠣᠰᠬᠤᠨ ᠤ ᠬᠤᠶᠢᠳᠤᠬᠢ ᠦᠨᠳᠦᠷ ᠳᠤᠪᠤᠴᠠᠭ ᠳᠡᠭᠡᠷ᠎ᠡ ᠠᠴᠠ ᠳᠠᠶᠢᠨ ᠤ ᠪᠠᠶᠢᠳᠠᠯ ᠢ ᠳᠤᠷᠠᠨᠳᠠᠨ | ᠠᠵᠢᠶᠠᠷᠠᠵᠤ ᠪᠠᠶᠢᠳᠠᠯ᠎ᠠ᠂ ᠴᠤᠯᠪᠤᠭᠤᠷ ᠢᠶᠠᠨ ᠴᠢᠷᠦᠭᠰᠡᠨ ᠬᠤᠩᠭᠢᠯᠳᠠᠭ ᠡᠮᠡᠭᠡᠯ ᠬᠠᠵᠠᠭᠠᠷ ᠲᠠᠢ ᠤᠯᠠᠭᠠᠨ ᠵᠡᠭᠡᠷᠳᠡ | ᠮᠤᠷᠢ ᠨᠠᠰᠢ ᠴᠠᠰᠢ ᠦᠷᠭᠦᠨ ᠳᠠᠪᠬᠢᠬᠤ ᠨᠢ ᠮᠢᠨᠦ ᠠᠩᠬᠠᠷᠣᠯ ᠢ ᠤᠨᠴᠠ ᠳᠠᠳᠠᠪᠠ᠃ ᠳᠡᠷᠡ ᠳᠠᠷᠤᠢ ᠳᠤᠨᠢ ᠰᠢᠳᠠᠷ | ᠬᠠᠮᠠᠭᠠᠠᠯᠠᠭᠴᠢ ᠶᠢ ᠵᠠᠷᠯᠢᠭᠳᠠᠨ ᠲᠡᠷᠨ ᠮᠤᠷᠢ ᠶᠢ ᠪᠠᠷᠢᠭᠤᠯᠵᠤ ᠢᠷᠡᠨ ᠦᠵᠡᠪᠡᠰᠦ ᠮᠦᠩᠭᠦᠨ ᠡᠮᠡᠭᠡᠯ ᠬᠠᠵᠠᠭᠠᠷ᠂ | ᠰᠠᠩᠬᠠᠶᠦ ᠭᠦᠯᠢᠮ ᠲᠠᠢ᠂ ᠮᠤᠨᠳᠠᠭ᠎ᠠ ᠂ ᠰᠡᠭᠦᠯ ᠢ ᠨᠢ ᠳᠠᠪᠤᠨ ᠦᠩᠬᠡ ᠶᠢᠨ ᠬᠡᠮᠡᠷᠯᠢᠭ ᠢᠶᠠᠷ ᠪᠠᠳᠮᠠᠯᠠᠨ | ᠵᠠᠩᠭᠢᠳᠤᠭᠰᠠᠨ ᠪᠠᠶᠢᠪᠠ᠃ ᠳᠡᠭᠡᠷ᠎ᠡ ᠨᠢ ᠤᠯᠠᠭᠠᠨ ᠦᠨᠡᠭᠡᠨ ᠤᠷᠢᠶᠠᠯᠳᠠ ᠲᠤᠬᠤᠭᠠᠳᠠᠢ ᠪᠠᠶᠢᠭᠰᠠᠨ ᠪᠦᠭᠡᠳ ᠵᠢᠩ | ᠲᠠᠢ ᠯᠠᠨ ᠰᠡᠶᠢᠯᠤᠮᠡᠯ ᠲᠠᠢ ᠲᠦᠷᠦᠭᠡᠨ ᠤ ᠰᠣᠷ ᠢ ᠮᠠᠰᠢ ᠤᠬᠤᠷᠬᠠᠨ ᠳᠠᠳᠠᠭᠰᠠᠨ ᠢ ᠦᠵᠡᠭᠦᠯ᠎ᠡ ᠬᠡᠦᠬᠡᠳ ᠪᠤᠶᠤ | ᠡᠮᠡᠭᠳᠡᠢ ᠬᠦᠮᠦᠨ ᠤ ᠤᠨᠤᠭᠠᠷᠢ ᠪᠤᠯᠬᠤ ᠨᠢ ᠢᠯᠡᠷᠬᠡᠢ ᠪᠠᠶᠢᠪᠠ᠃ ᠤᠯᠵᠠᠯᠠᠭᠳᠠᠭᠰᠠᠨ ᠳᠡᠭᠡᠷᠡᠮᠴᠢᠳ ᠠᠴᠠ ᠡᠨᠡ ᠬᠡᠨ | ᠤ ᠮᠤᠷᠢ ᠪᠤᠯᠬᠤ ᠶᠢ ᠳᠤᠳᠤᠯᠠᠭᠰᠠᠨ ᠳᠤ᠄ ︽ ᠮᠠᠨ ᠤ ᠽᠦᠸᠧ ᠵᠠᠩᠭᠦᠶᠢᠳᠠ ᠶᠢᠨ ᠬᠠᠳᠤᠨ ᠱᠣᠣ ᠨᠠᠶᠢᠨᠠᠢ ᠶᠢᠨ | ᠤᠨᠤᠭᠠᠷᠢ ᠮᠦᠨ︾ ᠬᠡᠵᠤ ᠪᠠᠶᠢᠪᠠ᠃ ᠲᠡᠷᠡᠴᠢᠯᠡᠨ ᠽᠦᠸᠧ ᠯᠢᠦᠽᠢ᠂ ᠸᠠᠩ ᠪᠠᠨᠵᠠᠩ ᠯᠠᠪᠲᠠᠢ ᠠᠳᠡ ᠪᠠᠶᠢᠬᠤ ᠶᠢ | ᠮᠡᠳᠡᠭᠡᠳ ᠮᠠᠰᠢᠳᠠ ᠪᠠᠶᠠᠷᠯᠠᠨ ᠦᠨᠡᠭᠡᠷ ᠲᠡᠭᠷᠢ ᠨᠠᠮᠠᠢᠢ ᠳᠤᠰᠠᠯᠠᠪᠠᠢ᠂ ᠳᠡᠭᠡᠷᠡᠮ ᠤᠨ ᠲᠦᠷᠦᠭᠦᠦ ᠶᠢᠨ ᠳᠣᠯᠣᠭᠠᠢ ᠶᠢ | ᠠᠪᠴᠤ ᠳᠡᠷᠢᠭᠦᠨ ᠨᠤᠶᠠᠨ ᠤ ᠡᠮᠦᠨ᠎ᠡ ᠭᠠᠪᠢᠶ᠎ᠠ ᠪᠠᠶᠢᠭᠤᠯᠬᠤ ᠴᠠᠭ ᠨᠢᠭᠡᠨᠳᠡ ᠪᠤᠯᠵᠤᠬᠤᠢ ᠬᠡᠮᠡᠨ ᠪᠠᠳᠤ ᠢᠳᠡᠭᠡᠪᠠᠢ᠃ | ᠳᠡᠭᠡᠷᠡᠮᠴᠢᠳ ᠭᠠᠳᠠᠭᠰᠢ ᠰᠢᠪᠳᠤᠯᠤᠨ ᠭᠠᠷᠬᠤ ᠢ ᠭᠤᠷᠢᠳᠠᠭᠰᠠᠨ ᠪᠤᠯᠪᠠᠴᠤ ᠨᠡᠯᠢᠶᠡᠳ ᠬᠦᠮᠦᠨ ᠢᠶᠠᠨ | ᠠᠯᠠᠭᠤᠯᠤᠭᠠᠳ ᠵᠠᠷᠢᠮ ᠨᠢ ᠪᠠᠷᠢᠭᠳᠠᠵᠤ ᠠᠷᠭ᠎ᠠ ᠪᠤᠰᠣ ᠲᠦᠷᠪᠡᠨ ᠦᠨᠴᠦᠭ ᠳᠡᠭᠡᠨ ᠫᠤᠤᠲ᠋ᠠᠢ ᠲᠠᠢ ᠪᠢᠴᠢᠬᠠᠨ | ᠸᠡᠶᠢᠰᠧ ᠳᠡᠭᠡᠨ ᠳᠠᠬᠢᠨ ᠵᠢᠭᠤᠳᠠᠨ ᠤᠷᠤᠪᠠᠢ᠃ ᠳᠡᠭᠡᠷᠡᠮᠴᠢᠳ ᠪᠠᠳᠣ ᠬᠡᠷᠡᠮ ᠦᠨᠳᠦᠷ ᠫᠤᠤᠲ᠋ᠠᠢ ᠶᠢ ᠠᠰᠢᠭᠯᠠᠵᠤ | ᠬᠦᠴᠦᠳᠠᠢ ᠭᠠᠯᠯᠠᠭᠰᠠᠨ ᠳᠤ ᠮᠠᠨ ᠤ ᠭᠤᠷᠪᠠᠨ ᠪᠠᠶᠢᠯᠳᠤᠭᠴᠢ ᠠᠳᠡᠭᠳᠡᠵᠤ ᠳᠠᠪᠤᠨ ᠬᠦᠮᠦᠨ ᠰᠢᠷᠬᠠᠳᠤᠪᠠᠢ᠃ ᠡᠶᠢᠮᠦ | ᠪᠠᠶᠢᠳᠠᠯ ᠳᠣᠣᠷ᠎ᠠ ᠳᠣᠰᠬᠤᠨ ᠤ ᠲᠠᠷᠢᠶᠠᠴᠢᠳ ᠢ ᠦᠨᠳᠦᠷ ᠦᠨ᠎ᠡ ᠪᠠᠷ ᠬᠦᠯᠦᠰᠦᠯᠡᠵᠤ ᠴᠠᠭᠠᠨ ᠳᠤᠭ ᠪᠠᠷᠢᠭᠤᠯᠵᠤ᠄ | ︽ᠪᠠᠭᠤᠵᠤ ᠦᠭᠪᠡᠯ ᠠᠯᠠᠬᠤ ᠦᠬᠡᠢ︾ ᠬᠡᠮᠡᠨ ᠤᠴᠢᠭᠤᠯᠤᠭᠰᠠᠨ ᠳᠤ ᠬᠠᠷᠢᠭᠤ ᠫᠤᠤᠳᠠᠭᠠᠳ ᠤᠶᠢᠷᠠᠳᠤᠬᠤ ᠶᠢᠨ | ᠠᠷᠭ᠎ᠠ ᠦᠭᠡᠢ ᠪᠦᠬᠡᠳ ᠮᠢᠨᠦ ᠳᠣᠷᠠᠨ ᠤ ᠣᠭᠤᠰᠤᠷ ᠢ ᠴᠦ ᠳᠠᠰᠣ ᠫᠤᠤᠳᠠᠪᠠᠢ᠃ ᠡᠶᠢᠨᠮᠦ ᠪᠠᠶᠢᠳᠠᠯ ᠳᠤ ᠬᠦᠨᠳᠦ | ᠵᠡᠪᠰᠡᠭ ᠦᠭᠡᠢ ᠪᠤᠯᠬᠤ ᠦᠭᠡᠢ ᠭᠡᠳ ᠴᠠᠬᠢᠯᠭᠠᠨ ᠬᠠᠷᠢᠯᠴᠠᠭᠤᠷ ᠢᠶᠠᠷ ᠭᠤᠯᠢᠮᠤᠨᠰᠧ ᠳᠠᠷᠤᠭ᠎ᠠ ᠳᠤ ᠮᠡᠳᠡᠭᠦᠯᠦᠭᠰᠡᠨ᠎ᠡ | ᠲᠡᠷᠨ ᠪᠠᠶᠢᠯᠳᠤᠭᠠᠨ ᠤ ᠪᠠᠶᠢᠳᠠᠯ ᠢ ᠨᠠᠷᠢᠨ ᠬᠢᠨᠠᠮᠠᠭᠠᠢ ᠯᠠᠪᠯᠠᠵᠤ ᠤᠳᠤ ᠠᠴᠠ ᠡᠬᠢᠯᠡᠵᠤ ᠳᠠᠭᠠᠷᠢᠯᠳᠠ ᠬᠢᠬᠦ ᠶᠢ | ᠵᠤᠭᠰᠣᠵᠤ ᠳᠡᠭᠡᠷᠡᠮᠴᠢᠳ ᠰᠢᠪᠳᠤᠯᠤᠨ ᠭᠠᠷᠬᠤ ᠶᠢ ᠪᠠᠳᠤ ᠰᠡᠷᠭᠡᠶᠢᠯᠡᠭᠡᠳ ᠪᠠᠶᠢᠭᠠᠷᠠᠢ᠃ ᠪᠢ ᠮᠠᠷᠭᠠᠰᠢ ᠬᠦᠷᠴᠤ | ᠰᠢᠳᠢ ᠶᠢ ᠨᠢ ᠦᠵᠡᠶ᠎ᠡ ᠬᠡᠮᠡᠪᠠᠢ᠃ ᠡᠶᠢᠮᠦ ᠠᠴᠠ ᠸᠡᠶᠢᠰᠧ ᠶᠢᠨ ᠬᠠᠭᠠᠯᠠᠭ᠎ᠠ ᠦᠭᠡᠳᠡ ᠬᠤᠶᠠᠷ ᠫ᠊ ᠫᠤᠯᠧᠮᠢᠶᠤᠲ | ᠤᠭᠰᠠᠷᠠᠭᠤᠯᠵᠤ ᠳᠠᠪᠬᠤᠷ ᠬᠠᠷᠠᠭᠤᠯ ᠳᠠᠯᠪᠢᠭᠠᠳ᠂ ᠰᠦᠨᠢ ᠳᠦᠯᠢ ᠪᠤᠯᠤᠮᠠᠭᠴᠠ ᠪᠢᠴᠢᠬᠠᠨ ᠳᠡᠯᠭᠡᠭᠦᠷ ᠠᠴᠠ | ᠬᠦᠪᠦᠩ᠂ ᠳᠠᠪᠤᠤ ᠪᠦᠰ᠂ ᠬᠤᠮᠠᠨ ᠳᠣᠰᠣ ᠠᠪᠴᠤ ᠭᠠᠯ ᠪᠠᠮᠪᠠᠷ ᠤᠷᠢᠶᠠᠵᠤ ᠸᠡᠶᠢᠰᠧ ᠶᠢ ᠳᠤᠭᠤᠷᠢᠭᠤᠯᠤᠨ | ᠬᠠᠳᠬᠤᠭᠰᠠᠨ ᠳᠤ ᠤᠷᠴᠢᠨ ᠳᠤᠭᠤᠷᠢᠨ ᠡᠳᠦᠷ ᠮᠡᠳᠦ ᠳᠣᠩᠭᠠᠯᠠᠭ ᠪᠤᠯᠪᠠ᠃ | ᠡᠨᠡ ᠬᠤᠭᠤᠷᠤᠨᠳᠤ ᠮᠠᠨ ᠤ ᠴᠡᠷᠢᠭ ᠢ ᠬᠦᠷᠬᠦ ᠳᠤ ᠳᠡᠭᠡᠷᠡᠮᠴᠢᠳ ᠬᠡᠦ ᠵᠢᠶᠠ ᠲᠠᠢ ᠶᠢᠨ ᠬᠠᠮᠤᠭ ᠲᠤᠮᠤ | ᠪᠠᠶᠠᠨ ᠬᠤᠤ ᠤᠪᠤᠭᠳᠤ ᠭᠠᠵᠠᠷ ᠤᠨ ᠡᠵᠡᠨ ᠢ ᠪᠠᠷᠢᠵᠤ ᠪᠠᠶᠢᠰᠢᠩ ᠤᠨ ᠨᠢᠷᠤᠭᠤᠨ ᠠᠴᠠ ᠳᠡᠭᠦᠵᠢᠯᠡᠵᠤ | ᠤᠯᠠᠶᠢᠯᠠᠭᠠᠭᠰᠠᠨ ᠳᠡᠮᠦᠷ ᠢᠶᠠᠷ ᠰᠢᠷᠠᠵᠤ ᠡᠷᠡᠭᠦᠳᠡᠨ ᠦᠴᠦᠭᠯᠡᠭᠦᠯᠵᠤ ᠮᠦᠩᠭᠦ ᠵᠤᠭᠤᠰ ᠰᠢᠬᠠᠮᠳᠠᠭᠤᠯᠵᠤ ᠪᠠᠶᠢᠵᠠᠢ᠃ | ᠮᠠᠨ ᠤ ᠴᠡᠷᠢᠭ ᠳᠡᠷᠡ ᠭᠠᠵᠠᠷ ᠤᠨ ᠡᠵᠡᠨ ᠢ ᠳᠠᠯᠪᠢᠭᠰᠠᠨ ᠳᠤ ᠳᠡᠷᠨ ᠭᠠᠶᠢᠬᠠᠯ ᠮᠢᠨᠦ ᠡᠮᠦᠨ᠎ᠡ ᠭᠤᠷᠪᠠᠨᠳᠠ | ᠰᠦᠭᠦᠳᠦᠨ ᠶᠢᠰᠣ ᠮᠦᠷᠭᠦᠭᠳ ᠯᠤᠤ ᠽᠦᠩ ᠲᠠ ᠨᠤᠬᠠᠢ ᠶᠢᠨ ᠠᠮᠢ ᠶᠢ ᠮᠢᠨᠢ ᠠᠪᠤᠷᠠᠪᠠ᠃ ᠤᠯᠳᠤᠢ ᠪᠢ ᠶᠢᠰᠣᠨ | ᠪᠣᠯᠠᠭ ᠤᠨ ᠳᠣᠣᠷ᠎ᠠ ᠤᠷᠣᠭᠰᠠᠨ ᠴᠦ ᠨᠤᠶᠠᠨ ᠳᠠᠨ ᠢ ᠮᠠᠷᠲᠠᠬᠤ ᠦᠬᠡᠢ ᠬᠡᠮᠡᠨ ᠪᠦᠮᠪᠦᠯᠵᠡᠭᠰᠡᠭᠡᠷ ᠲᠡᠷᠨ ᠳᠤᠤᠷ᠎ᠠ | ᠪᠠᠨ ᠨᠠᠳᠠᠳᠤ ᠮᠢᠩᠭᠠᠨ ᠴᠠᠭᠠᠨ ᠵᠤᠭᠤᠰ᠂ ᠬᠤᠶᠠᠷ ᠠᠯᠳᠠᠨ ᠪᠠᠭᠤᠪᠴᠢ ᠶᠢᠨ ᠡᠷᠭᠦᠴᠨ ᠪᠠᠷᠢᠪᠠᠢ᠃ ᠪᠠᠰᠨ ᠬᠤᠨᠢ | ᠭᠠᠭ᠋ᠠᠢ ᠠᠯᠠᠭᠤᠯᠵᠤ᠂ ᠬᠠᠷ᠎ᠠ ᠳᠠᠮᠠᠬᠢ ᠨᠡᠷᠡᠵᠤ᠂ ᠠᠷᠢᠬᠢ ᠵᠠᠭᠤᠰᠢ ᠪᠡᠯᠡᠳᠬᠡᠨ ᠶᠡᠭᠡ ᠳᠠᠶᠢᠯᠠᠯᠭ᠎ᠠ ᠳᠠᠯᠪᠢᠪᠠᠢ᠃ ᠰᠦᠨᠢ | ᠳᠦᠯᠢ ᠪᠤᠯᠬᠤ ᠳᠤ ᠳᠡᠭᠡᠷᠡᠮ ᠤᠨ ᠲᠦᠷᠦᠬᠦᠦ ᠽᠦᠸᠧ ᠯᠢᠦᠽᠢ ᠶᠢᠨ ᠱᠣᠶᠢᠰᠤᠭ ᠬᠦᠯ ᠲᠠᠢ ᠪᠤᠯᠪᠠᠷᠠᠢ ᠬᠠᠳᠤᠨ ᠢ | ᠪᠠᠭᠳᠠᠭᠠᠭᠰᠠᠨ ᠭᠤᠸ᠎ᠠ ᠦᠬᠢᠳ ᠵᠠᠯᠠᠭᠤ ᠪᠡᠷᠢᠶᠠᠳ ᠬᠤᠷᠢ ᠭᠤᠴᠢᠭᠠᠳ ᠢ ᠠᠪᠴᠢᠷᠠᠵᠤ ᠴᠡᠷᠢᠭ ᠤᠨ ᠡᠷᠡᠴᠤᠳ ᠢ | ᠲᠤᠬᠤᠨᠢᠭᠤᠯᠤᠨ ᠪᠠᠶᠠᠰᠬᠠᠪᠠ᠃ ᠬᠠᠷ᠎ᠠ ᠳᠠᠮᠠᠬᠢ᠂ ᠬᠠᠷ᠎ᠠ ᠠᠷᠢᠬᠢᠨᠠ ᠮᠠᠩᠰᠢᠭᠤᠷᠠᠭᠰᠠᠨ ᠴᠡᠷᠢᠭ ᠡᠷᠡᠴᠣᠳ | ᠤᠯᠵᠠᠯᠠᠭᠳᠠᠭᠰᠠᠨ ᠳᠡᠭᠡᠷᠡᠮ ᠢ ᠭᠡᠷ ᠤᠨ ᠨᠢᠷᠤᠭᠤᠨ᠎ᠠ ᠳᠡᠭᠦᠵᠢᠯᠡᠨ ᠡᠷᠡᠭᠦᠳᠡᠨ ᠲᠠᠮᠤᠯᠠᠬᠤᠶᠠ ᠴᠢᠷᠯᠠᠭᠰᠠᠨ ᠵᠢᠪᠡᠭᠦᠨ | ᠳᠠᠭᠤᠨ ᠪᠠ ᠤᠯᠠᠶᠢᠯᠠᠭᠠᠭᠰᠠᠨ ᠳᠡᠮᠦᠷ ᠢᠶᠠᠷ ᠰᠢᠷᠠᠭᠰᠠᠨ ᠬᠦᠮᠦᠨ ᠤ ᠮᠢᠬᠠᠨ ᠤ ᠦᠮᠦᠬᠡᠢ ᠦᠨᠦᠷ ᠢ ᠦᠬᠡ | ᠦᠭᠦᠯᠡᠪᠦᠷᠢ ᠪᠠᠷ ᠲᠦᠷᠰᠦᠯᠡᠬᠦ ᠶᠢᠨ ᠠᠷᠭ᠎ᠠ ᠦᠭᠡᠢ ᠪᠠᠶᠢᠪᠠ᠃ ᠾᠷᠢᠰᠲ᠋ᠤᠰ ᠱᠠᠰᠢᠨ ᠤ ᠰᠦᠮ᠎ᠡ ᠶᠢᠨ ᠬᠠᠷ᠎ᠠ ᠯᠠᠮᠨ | ︵ ᠮᠤᠩᠭᠤᠯ ᠬᠦᠮᠦᠨ︶ ᠳᠡᠮᠦᠷ ᠯᠠᠵᠨ ᠲᠠᠢ ᠤᠷᠤᠰ ᠤᠨ ᠬᠠᠭᠤᠷᠠᠢ ᠰᠦ ᠶᠢ ᠰᠠᠭᠤᠯᠠᠭ᠎ᠠ ᠰᠠᠭᠤᠯᠠᠭ᠎ᠠ ᠪᠠᠷ ᠴᠢᠨᠠᠵᠤ | ᠴᠤᠺᠤᠯᠠᠳ᠋ ᠰᠢᠬᠢᠷ᠂ ᠰᠢᠭᠠᠷ ᠳᠠᠮᠠᠬᠢ ᠲᠠᠢ ᠬᠦᠷᠭᠡᠨ ᠢᠷᠡᠪᠠᠢ᠃ ᠪᠠᠰᠠ ᠮᠤᠩᠭᠤᠯ ᠴᠡᠷᠢᠭ ᠤᠨ ᠪᠠᠭᠠᠳᠤᠷᠯᠢᠭ ᠲᠦᠷᠢ | ᠶᠢ ᠳᠤᠷᠠᠰᠬᠠᠨᠠ ᠬᠡᠳ ᠵᠢᠷᠤᠭ ᠤᠨ ᠮᠠᠰᠢᠨ ᠢᠶᠠᠷ ᠴᠡᠷᠢᠭ ᠮᠤᠷᠢᠳ ᠤᠨ ᠰᠡᠭᠦᠳᠡᠷ ᠢ ᠤᠯᠠᠨᠳᠠ ᠪᠠᠭᠤᠯᠭᠠᠨ ᠠᠪᠤᠪᠠᠢ᠃ | | ᠳᠠᠷᠠᠭ᠎ᠠ ᠡᠳᠦᠷ ᠤᠨ ᠦᠳᠡᠰᠢ ᠶᠢᠨ ᠳᠠᠪᠤᠨ ᠴᠠᠭ ᠪᠤᠯᠤᠮᠠᠭᠴᠠ ᠭᠤᠯᠢᠮᠤᠨᠰᠧ ᠨᠢᠭᠡᠨ ᠰᠤᠮᠤ ᠴᠡᠷᠢᠭ | ᠳᠠᠭᠠᠭᠤᠯᠵᠤ᠂ ︽ᠲᠢᠺᠢᠲ᠋ᠦ᠋︾ ᠬᠡᠮᠡᠬᠦ ᠶᠠᠫᠤᠨ ᠤ ᠦᠬᠡᠷ ᠫᠤᠤ ᠬᠤᠶᠠᠷ ᠢ ᠴᠢᠷᠴᠤ ᠢᠷᠡᠵᠠᠢ᠃ ᠳᠠᠷᠠᠭ᠎ᠠ ᠦᠷᠯᠦᠭᠡ | ᠶᠢᠨ ᠨᠠᠷᠠᠨ ᠢᠶᠠᠷ ᠳᠠᠭᠠᠷᠢᠯᠳᠠ ᠬᠢᠬᠦ ᠪᠠᠷ ᠪᠤᠯᠵᠤᠵᠤ ᠬᠠᠷᠠᠭᠤᠯ ᠮᠠᠨᠠᠭ᠎ᠠ ᠶᠢ ᠴᠢᠩᠭᠠᠳᠬᠠᠨ ᠴᠡᠷᠢᠭ ᠮᠤᠷᠢᠳ ᠢ | ᠠᠮᠠᠷᠠᠭᠤᠯᠤᠨ ᠬᠤᠨᠤᠭᠯᠠᠪᠠᠢ᠃ ᠳᠠᠷᠠᠭ᠎ᠠ ᠡᠳᠦᠷ ᠨᠠᠷᠠᠨ ᠮᠠᠨᠳᠤᠬᠤᠶᠠ ᠦᠬᠡᠷ ᠫᠤᠤ ᠳᠣᠰᠪᠤᠷᠢ ᠠᠷᠪᠠᠨ ᠰᠣᠮᠣ | ᠫᠤᠤᠳᠠᠵᠤ ᠪᠢᠴᠢᠬᠠᠨ ᠸᠡᠶᠢᠰᠧ ᠶᠢ ᠦᠨᠡᠰᠦᠨ ᠲᠤᠪᠷᠠᠭ ᠪᠤᠯᠭᠠᠨ ᠭᠠᠯ ᠤᠨ ᠬᠠᠷ᠎ᠠ ᠤᠳᠤᠭ᠎ᠠ ᠳᠡᠭᠷᠢ ᠳᠤᠯᠤᠮ᠎ᠠ | ᠪᠠᠭᠠᠭᠢᠵᠤ᠂ ᠳᠠᠷᠢ ᠶᠢᠨ ᠭᠠᠰᠢᠭᠤᠨ ᠦᠨᠦᠷ ᠬᠠᠮᠠᠷ ᠴᠤᠷᠭᠢᠨ ᠬᠤᠭᠤᠯᠠᠢ ᠪᠠᠭᠠᠯᠵᠤᠤᠷ ᠢ ᠵᠢᠮᠵᠢᠭᠢᠨᠡᠭᠦᠯᠦᠨᠡ᠃ | ᠴᠡᠷᠢᠭ ᠤᠳ ᠳᠠᠭᠠᠷᠢᠨ ᠤᠷᠤᠵᠤ ᠳᠠᠪᠢᠭᠠᠳ ᠳᠡᠭᠡᠷᠡᠮ ᠢ ᠤᠰᠠᠳᠬᠠᠵᠤ ᠠᠷᠪᠠᠭᠠᠳ ᠢ ᠪᠠᠷᠢᠪᠴᠢᠯᠠᠵᠠᠢ᠃ ᠳᠠᠶᠢᠨ | ᠠᠴᠠ ᠳᠠᠵᠢᠨ ᠭᠡᠳᠡᠭ ᠢᠶᠠᠷ ᠡᠨᠡᠬᠦ ᠠᠶᠤᠯ ᠳᠤ ᠡᠩ ᠤᠨ ᠦᠳᠡᠬᠦᠰ ᠨᠢᠯᠬᠠᠰ ᠡᠳᠦᠢ ᠳᠡᠳᠦᠢ ᠬᠦᠮᠦᠨ ᠵᠡᠷᠯᠢᠭ | ᠰᠣᠮᠣᠨ ᠳᠤ ᠠᠳᠡᠪᠡ᠃ ᠪᠠᠷᠢᠪᠴᠢᠯᠠᠭᠳᠠᠭᠰᠠᠨ ᠳᠡᠭᠡᠷᠡᠮ ᠠᠴᠠ ᠽᠦᠸᠧ ᠯᠢᠦᠽᠢ᠂ ᠸᠠᠩ ᠪᠠᠨᠵᠠᠩ ᠡᠭᠦᠨ ᠤ | ᠳᠤᠳᠤᠷ᠎ᠠ ᠪᠠᠶᠢᠬᠤ ᠡᠰᠡᠬᠦ ᠶᠢ ᠠᠬᠢᠨ ᠳᠠᠬᠢᠨ ᠰᠢᠭᠦᠨ ᠠᠰᠠᠭᠤᠬᠤᠢ ᠳᠤᠷ ᠪᠦᠭᠦᠳᠡᠭᠡᠷ ᠬᠠᠮᠳᠤ ᠪᠠᠶᠢᠯ᠎ᠠ ᠬᠡᠮᠡᠨ | ᠬᠠᠷᠢᠭᠤᠯᠪᠠᠴᠤ ᠬᠡᠳᠤᠨᠲ᠋ᠠᠬᠢᠨ ᠱᠦᠭᠦᠷᠳᠡᠨ ᠨᠡᠩᠵᠢᠭᠰᠡᠨ ᠪᠤᠯᠪᠠᠴᠣ ᠡᠨᠡ ᠬᠤᠶᠠᠷ ᠲᠦᠷᠦᠬᠦᠦ ᠶᠢ ᠤᠯᠵᠤ | ᠴᠢᠳᠠᠭᠰᠠᠨ ᠦᠭᠡᠢ᠃ | ᠳᠠᠷᠠᠭ᠎ᠠ ᠡᠳᠦᠷ ᠨᠢ ᠪᠠᠷᠢᠪᠴᠢᠯᠠᠭᠳᠠᠭᠰᠠᠨ ᠠᠷᠪᠠᠭᠠᠳ ᠳᠡᠭᠡᠷᠡᠮᠴᠢᠳ ᠢ ᠳᠣᠰᠬᠤᠨ ᠤ ᠭᠠᠳᠠᠨ᠎ᠠ ᠴᠢᠷᠴᠤ | ᠠᠪᠠᠴᠢᠨ ᠪᠦᠬᠦᠨ ᠢ ᠫᠤᠤᠳᠠᠨ ᠠᠯᠠᠪᠠ᠂ ᠡᠨᠡ ᠤᠳᠠᠭ᠎ᠠ ᠶᠢᠨ ᠳᠡᠭᠡᠷᠡᠮ ᠢ ᠤᠰᠠᠳᠬᠠᠬᠤ ᠳᠠᠶᠢᠨ ᠨᠡᠶᠢᠳᠡ ᠬᠤᠷᠢᠨ | ᠵᠢᠷᠭᠤᠭᠠᠨ ᠡᠳᠦᠷ ᠶᠠᠪᠤᠭᠳᠠᠵᠤ ᠵᠠᠭᠤ ᠬᠤᠷᠢᠭᠠᠳ ᠬᠤᠯᠠᠭᠠᠢ ᠶᠢ ᠤᠰᠠᠳᠬᠠᠵᠤ᠂ ᠤᠷᠳᠤ ᠫᠤᠤ᠂ ᠭᠠᠷ ᠫᠤᠤ | ᠵᠠᠭᠤᠭᠠᠳ ᠢ ᠤᠯᠵᠠᠯᠠᠪᠠ᠃ ᠮᠠᠨ ᠤ ᠴᠡᠷᠢᠭ ᠬᠠᠷ᠎ᠠ ᠪᠠᠯᠭᠠᠰᠣᠨ᠎ᠠ ᠪᠤᠴᠠᠭᠰᠠᠨ ᠤ ᠳᠠᠷᠠᠭ᠎ᠠ ᠳᠠᠶᠢᠨ ᠤ ᠳ᠋ᠦᠩᠨᠡᠯᠳᠡ | ᠬᠢᠵᠤ ᠭᠠᠪᠢᠶ᠎ᠠ ᠳᠡᠮᠳᠡᠭᠯᠡᠬᠦ ᠪᠠᠶᠠᠷ ᠬᠢᠭᠰᠡᠨ ᠶᠤᠮ᠃ ᠪᠠᠶᠠᠷ ᠤᠨ ᠴᠢᠭᠤᠯᠭᠠᠨ ᠳᠡᠭᠡᠷ᠎ᠡ ᠳᠡᠷᠢᠭᠦᠨ ᠨᠤᠶᠠᠨ | ᠲᠡᠮᠴᠤᠭᠳᠦᠩᠷᠦᠪ ᠮᠤᠷᠢᠯᠠᠨ ᠢᠷᠡᠵᠤ ᠰᠣᠷᠭᠠᠯ ᠳᠠᠯᠪᠢᠭᠰᠠᠨ ᠪᠦᠭᠡᠳ ᠨᠠᠮᠠᠢᠢ ᠬᠤᠯᠠᠭᠠᠢ ᠶᠢ ᠳᠠᠷᠤᠭᠰᠠᠨ ᠭᠠᠪᠢᠶᠠᠳᠠᠢ | ᠰᠢᠯᠢᠳᠡᠭ ᠵᠠᠯᠠᠭᠤ ᠭᠡᠵᠤ ᠰᠠᠶᠢᠰᠢᠶᠠᠵᠤ ︽ᠳᠡᠮᠦᠷ ᠮᠤᠷᠢᠳᠤ ᠴᠡᠷᠢᠭ︾ ᠤᠨ ᠬᠤᠶᠠᠳᠤᠭᠠᠷ ᠳᠡᠰ ᠤᠨ ᠮᠧᠲ᠋ᠠᠯ᠂ ︽ | ᠭᠠᠷᠮᠠᠭᠠᠢ ᠵᠢᠳᠬᠦᠯᠳᠡᠨ︾ ᠬᠡᠮᠡᠬᠦ ᠦᠰᠦᠭ ᠲᠠᠢ ᠭᠠᠩ ᠰᠡᠯᠡᠮ᠎ᠡ ᠪᠠᠷ ᠱᠠᠩᠨᠠᠪᠠ᠃ ᠪᠠᠰᠨ ᠭᠠᠪᠢᠶ᠎ᠠ ᠪᠠᠶᠢᠭᠤᠯᠤᠭᠰᠠᠨ | ᠪᠠᠶᠢᠯᠳᠤᠭᠴᠢᠳ ᠤᠨ ᠨᠡᠷ᠎ᠡ ᠶᠢ ᠳᠠᠭᠤᠳᠠᠵᠤ ᠪᠡᠶ᠎ᠡ ᠦᠷᠡᠭᠳᠡᠭᠰᠡᠨ ᠰᠢᠷᠬᠠᠳᠣᠭᠰᠠᠨ ᠴᠡᠷᠢᠭ ᠲᠤ ᠠᠯᠳᠠᠷ ᠭᠠᠪᠢᠶ᠎ᠠ | ᠳᠡᠮᠳᠡᠭᠯᠡᠵᠤ ᠭᠡᠷ ᠪᠦᠯᠢ ᠳᠤᠨᠢ ᠠᠰᠠᠷᠠᠮᠵᠢ ᠶᠢᠨ ᠮᠦᠩᠭᠦ ᠤᠯᠭᠤᠪᠠ᠃ | ᠡᠳᠦᠷ ᠬᠤᠨᠤᠭ ᠦᠩᠭᠡᠷᠡᠬᠦᠶᠡ ᠬᠠᠷᠪᠤᠭᠰᠠᠨ ᠰᠣᠮᠣ ᠮᠡᠳᠦ ᠠᠵᠠᠢ᠃ ᠨᠢᠭᠡ ᠮᠡᠳᠡᠬᠦᠶ᠎ᠡ1945 ᠤᠨ ᠳᠤ | ᠶᠠᠫᠤᠨ ᠡᠵᠡᠷᠭᠡᠭ ᠲᠦᠷᠢᠮᠡᠬᠡᠶᠢᠳᠡᠨ ᠪᠠᠭᠤᠨ ᠦᠭᠴᠤ ᠳᠡᠷᠢᠭᠦᠨ ᠨᠤᠶᠠᠨ ᠤ ᠬᠠᠭᠤᠷᠠᠮᠠᠭ ᠮᠤᠩᠭᠤᠯ ᠤᠨ ᠬᠢᠵᠠᠭᠠᠷ | ᠤᠷᠤᠨ ᠤ ᠦᠪᠡᠰᠦᠪᠡᠨ ᠵᠠᠰᠠᠬᠤ ᠭᠦᠷᠦᠨ ᠴᠦ ᠳᠠᠭᠠᠯᠳᠤᠨ ᠰᠦᠢᠷᠡᠨ ᠤᠨᠠᠪᠠ᠃1946 ᠤᠨ ᠠᠴᠠ ᠡᠬᠢᠯᠡᠵᠤ | ᠳᠤᠳᠤᠭᠠᠳᠤ ᠶᠢᠨ ᠳᠠᠶᠢᠨ ᠪᠤᠯᠵᠤ ᠴᠠᠭ ᠰᠠᠮᠠᠭᠤᠷᠠᠪᠠᠢ᠃1947 ᠤᠨ᠎ᠠ ᠮᠢᠨᠦ ᠠᠪᠤ ᠨᠤᠷᠪᠤᠽᠠᠨᠠ ᠠᠮᠪᠠᠨ | ᠭᠤᠮᠢᠨᠳᠠᠩ ᠤᠨ ᠬᠤᠸᠠᠪᠸᠢ ᠲᠠᠪᠤᠨ ᠮᠤᠵᠢ ᠶᠢᠨ ᠴᠡᠷᠢᠭ ᠵᠠᠰᠠᠭ ᠢ ᠬᠠᠮᠳᠤᠷᠠᠭᠤᠯᠤᠨ ᠵᠠᠬᠢᠷᠴᠣ ᠪᠠᠶᠢᠭᠰᠠᠨ ᠠᠬᠠᠮᠠᠳ | ᠭᠧᠨᠢᠷᠡᠯ ᠹᠦ᠋ ᠽᠦᠸᠧ ᠢ ᠵᠠᠩᠵᠤᠨ ᠢ ᠳᠠᠭᠠᠵᠤ ᠳᠡᠬᠦᠨ ᠤ ᠭᠠᠷ ᠳᠤᠤᠷ᠎ᠠ ᠮᠤᠩᠭᠤᠯ ᠬᠢᠵᠠᠭᠠᠷ ᠤᠷᠤᠨ ᠤ ᠳᠡᠭᠡᠷᠡᠮ | ᠢ ᠣᠰᠠᠳᠬᠠᠬᠤ ᠰᠧᠯᠢᠩᠪᠦ᠋ ᠶᠢᠨ ᠬᠤᠰᠢᠭᠤᠴᠢ ᠭᠧᠨᠧᠷᠡᠯ ᠵᠡᠷᠭᠡ ᠲᠠᠢ ᠳᠡᠳ᠋ ᠰᠧᠯᠢᠩ ᠪᠤᠯᠪᠠᠢ᠃ ᠤᠯᠳᠤᠢ ᠮᠢᠨᠤ | ᠪᠡᠶ᠎ᠡ ᠴᠤ ᠴᠠᠬᠠᠷ ᠠᠶᠢᠮᠠᠭ ᠤᠨ ᠠᠮᠤᠷ ᠢ ᠬᠠᠮᠠᠭᠠᠯᠠᠬᠤ ᠰᠧᠯᠢᠩᠪᠦ᠋ ᠶᠢᠨ ᠰᠧᠯᠢᠩ ᠮᠦᠭᠳᠡᠨᠪᠤᠤ ᠶᠢᠨ ᠳᠤᠤᠷ᠎ᠠ ᠼᠠᠨᠮᠤ | ᠰᠠᠯᠠᠭᠠᠨ ᠤ ᠳᠠᠷᠤᠭ᠎ᠠ ᠪᠤᠯᠵᠤ ᠳᠡᠳ᠋ ᠬᠤᠷᠠᠨᠳᠠ ᠵᠡᠷᠭᠡ ᠲᠠᠢ ᠪᠤᠯᠪᠠ᠃ ᠨᠢᠭᠡᠨ ᠡᠳᠦᠷ ᠲᠤᠬᠠᠢ ᠶᠢᠨ ᠦᠶ᠎ᠡ ᠶᠢᠨ | ᠴᠠᠬᠠᠷ ᠠᠶᠢᠮᠠᠭ ᠤᠨ ᠲᠦᠪ ᠪᠤᠤ ᠶᠤᠸᠠᠨ ᠰᠢᠶᠠᠨ ᠤ ᠵᠡᠭᠡᠯᠢ ᠳᠡᠭᠡᠷ᠎ᠡ ᠵᠤᠭᠠᠴᠠᠨ ᠶᠠᠪᠤᠵᠤ ᠪᠠᠶᠢᠳᠠᠯ᠎ᠠ᠂ ᠭᠡᠨᠡᠳᠳᠡ | ᠨᠢᠭᠤᠷ ᠲᠦᠭᠦᠷᠡᠩ ᠬᠠᠷ᠎ᠠ ᠴᠤᠬᠤᠷ ᠳᠤᠯᠪᠤ ᠲᠠᠢ᠂ ᠭᠤᠮᠢᠨᠳᠠᠩ ᠤᠨ ᠴᠡᠷᠢᠭ ᠬᠤᠪᠴᠠᠰᠣ ᠡᠮᠦᠰᠴᠤ ᠵᠠᠭᠠᠮᠠᠨ | ᠳᠡᠭᠡᠷ᠎ᠡ ᠪᠠᠨ ᠳᠡᠰᠯᠡᠭᠴᠢ ᠳᠡᠰ ᠤᠨ ᠳᠡᠮᠳᠡᠭ ᠵᠡᠭᠦᠭᠰᠡᠨ ᠢᠳᠡᠷ ᠡᠷ᠎ᠡ ᠨᠠᠮᠠᠢᠢ ᠳᠣᠰᠴᠣ ᠠᠭᠤᠯᠵᠠᠭᠠᠳ ᠮᠠᠰᠢ | ᠳᠣᠳᠣᠨᠣ ᠬᠠᠯᠠᠭᠤᠮᠰᠤᠭ ᠢᠶᠠᠷ ᠯᠤᠤ ᠽᠦᠩ ᠳᠠᠨ ᠤ ᠡᠷᠬᠢᠮ ᠠᠯᠳᠠᠷ ᠲᠠᠮᠪᠠ ᠭᠡᠳᠡᠭ ᠪᠤᠶᠤ ᠬᠡᠮᠡᠨ ᠳᠤᠳᠤᠯᠠᠨ | ᠠᠰᠠᠭᠤᠪᠠᠢ᠃ ᠪᠢ ᠭᠠᠶᠢᠬᠠᠰᠢ ᠠᠯᠳᠠᠵᠤ ᠮᠦᠨ ᠬᠡᠮᠡᠬᠦᠢ ᠳᠤᠷ ᠳᠡᠷᠡ ᠳᠠᠷᠣᠢ ᠲᠦᠰ ᠬᠢᠳᠡᠯ᠎ᠡ ᠰᠦᠭᠦᠳᠦᠨ | ᠮᠦᠷᠭᠦᠭᠡᠳ ᠨᠤᠬᠠᠢ ᠶᠢᠨ ᠠᠮᠢ ᠶᠢ ᠮᠢᠨᠢ ᠦᠷᠦᠰᠢᠶᠡᠨ ᠭᠡᠯᠳᠦᠷᠢᠭᠦᠯᠦᠭᠰᠡᠨ ᠯᠤᠤ ᠽᠦᠩ ᠳᠠᠨ ᠳᠤ ᠳᠤᠶᠢᠯ ᠢᠶᠠᠷ | ᠳᠠᠯᠠᠷᠬᠠᠮᠤᠢ ᠬᠡᠪᠡ᠃ ᠤᠴᠢᠷ ᠢ ᠨᠠᠷᠢᠪᠴᠢᠯᠠᠨ ᠰᠣᠷᠠᠪᠠᠰᠤ ᠡᠨᠡ ᠬᠦᠮᠦᠨ ᠪᠤᠯ ᠳᠠᠷᠤᠢ ᠳᠡᠭᠡᠷᠡᠮ ᠤᠨ ᠲᠦᠷᠦᠭᠦᠦ | ᠽᠦᠸᠧ ᠯᠢᠦᠽᠢ ᠭᠡᠳᠡᠭ ᠭᠠᠶᠢᠬᠠᠯ ᠮᠦᠨ ᠠᠵᠠᠢ᠃ ᠶᠠᠫᠤᠨ ᠲᠠᠩᠨᠠᠭᠤᠯ ᠤᠨ ᠳᠠᠷᠤᠭ᠎ᠠ ᠶᠢᠨ ᠦᠭᠭᠦᠭᠰᠨᠨ ᠰᠡᠭᠦᠳᠡᠷ | ᠯᠤᠭ᠎ᠠ ᠠᠳᠠᠯᠢᠳᠬᠠᠪᠠᠰᠣ ᠠᠰ ᠦᠭᠡᠷ᠎ᠡ ᠬᠦᠮᠦᠨ ᠪᠠᠶᠢᠯ᠎ᠠ᠃ ᠬᠤᠤ ᠵᠢᠶᠠ ᠲᠠᠢ ᠶᠢᠨ ᠪᠠᠶᠢᠯᠳᠤᠭᠠᠨᠠ ᠲᠡᠷᠨ | ᠨᠤᠭᠤᠭ᠎ᠠ ᠶᠢᠨ ᠵᠤᠭᠤᠷᠢ ᠳᠤ ᠰᠢᠷᠭᠤᠵᠤ ᠤᠷᠤᠭᠠᠳ ᠠᠮᠢ ᠵᠤᠯᠪᠢᠭᠰᠠᠨ ᠪᠠᠶᠢᠵᠠᠢ᠃ ᠠᠯᠠᠵᠤ ᠨᠢᠳᠤᠯᠬᠤ ᠨᠢᠭᠦᠯᠳᠦ | ᠠᠵᠢᠯᠯᠠᠭ᠎ᠠ ᠶᠢ ᠶᠡᠭᠡᠳᠡ ᠦᠢᠯᠡᠳᠦᠭᠰᠡᠨ ᠪᠤᠯᠬᠤᠷ ᠰᠢᠷ᠎ᠠ ᠪᠤᠷᠴᠠᠭ ᠢ ᠡᠯᠡᠰᠦ ᠲᠠᠢ ᠬᠠᠭᠤᠷᠴᠣ ᠨᠢᠭᠤᠷ ᠢᠶᠠᠨ ᠳᠠᠷᠤᠵᠤ | ᠬᠠᠴᠠᠷ ᠢᠶᠠᠨ ᠬᠠᠷ᠎ᠠ ᠴᠣᠬᠤᠷ ᠪᠤᠯᠭᠠᠨ ᠵᠢᠰᠣ ᠪᠤᠷᠤᠭᠤᠯᠠᠵᠠᠢ᠃ ᠳᠤᠳᠤᠭᠠᠳᠤ ᠶᠢᠨ ᠳᠠᠶᠢᠨ ᠤ ᠦᠶ᠎ᠡ ᠳᠤ | ᠭᠤᠴᠢᠭᠠᠳ ᠳᠡᠭᠡᠷᠡᠮ ᠢ ᠳᠠᠭᠠᠭᠤᠯᠵᠤ ᠪᠤᠤ ᠶᠤᠸᠠᠨ ᠰᠢᠶᠠᠨ ᠢ ᠰᠡᠷᠭᠡᠶᠢᠯᠡᠨ ᠰᠠᠬᠢᠵᠤ ᠪᠠᠶᠢᠭᠰᠠᠨ ᠸᠠᠩ ᠲᠤᠸᠠᠨ ᠤ | ᠴᠡᠷᠢᠭ ᠲᠤ ᠪᠠᠭᠤᠨ ᠦᠭᠴᠣ ᠰᠣᠮᠣᠨ ᠳᠠᠷᠤᠭ᠎ᠠ ᠶᠢᠨ ᠳᠣᠰᠢᠶᠠᠯ ᠲᠠᠢ ᠪᠤᠯᠵᠠᠢ᠃ ᠨᠦᠬᠦᠬᠡ ᠲᠦᠷᠦᠭᠦᠦ ᠸᠠᠩ | ᠪᠠᠨᠵᠠᠩ ᠢ ᠰᠤᠷᠠᠨ ᠠᠰᠠᠭᠤᠬᠤᠢ ᠳᠤᠷ ᠳᠡᠷᠨ ᠭᠠᠶᠢᠬᠠᠯ ᠪᠠᠷᠠᠭᠤᠨ ᠭᠠᠷ ᠢᠶᠠᠨ ᠬᠤᠭᠤᠯᠠᠢ ᠳᠡᠭᠡᠷ᠎ᠡ ᠪᠠᠨ ᠬᠦᠨᠳᠡᠯᠡᠨ | ᠳᠠᠯᠪᠢᠵᠤ ᠤᠭᠳᠤᠯᠤᠭᠰᠠᠨ ᠲᠦᠷᠢ ᠦᠵᠡᠭᠦᠯᠵᠦ ᠬᠡᠯᠨ ᠪᠠᠨ ᠪᠤᠯᠳᠠᠶᠢᠯᠭᠠᠪᠠᠢ᠃ ︵ ᠨᠤ · ᠲᠠᠮᠪᠠ ᠶᠢᠨ ᠳᠡᠮᠳᠡᠭᠯᠡᠯ | ᠤᠨ ᠳᠡᠪᠳᠡᠷ ᠠᠴᠠ ᠴᠤᠶᠢᠷᠠᠪᠵᠠᠢ ᠳᠢᠭᠯᠡᠨ ᠬᠠᠭᠤᠯᠠᠪᠠ ᠃︶ | ︵ᠲᠠᠭᠠᠯᠳᠤᠭᠤᠯᠤᠯ︶ | ᠤᠨᠴᠨ ᠠᠭᠤᠴᠢᠯᠠᠭᠳᠠᠭᠰᠠᠨ ᠳᠠᠶᠢᠨ ᠤ ᠶᠠᠯᠠᠳᠠᠨ ᠨᠤ · ᠳᠠᠮᠪᠠ ᠶᠢᠨ ᠳᠤᠪᠴᠢ ᠨᠠᠮᠳᠠᠷ | | ᠳᠠᠮᠪᠠ ᠰᠢᠪᠠᠭᠤᠴᠢᠨ ᠤᠪᠤᠭ ᠲᠠᠢ᠂ ᠴᠠᠬᠠᠷ ᠪᠠᠷᠠᠭᠤᠨ ᠭᠠᠷ ᠲᠠᠶᠢᠫᠤᠰᠧ ᠶᠢᠨ ᠬᠦᠯᠦ ᠰᠢᠷ᠎ᠠ | ᠠᠭᠳᠠᠨ ᠰᠦᠷᠦᠭ ᠲᠤ 1918 ᠤᠨ᠎ᠠ ᠲᠦᠷᠦᠵᠠᠢ᠃ ᠡᠴᠢᠭᠡ ᠨᠤᠷᠪᠤᠽᠠᠨᠠ᠂ ᠡᠬᠡ ᠯᠤᠪᠰᠠᠩᠨᠢᠮᠠ᠂ 1958 | ᠤᠨ ᠤ 4 ᠰᠠᠷ᠎ᠠ ᠶᠢᠨ20 ᠳᠤ ᠠᠯᠠᠱᠨ ᠪᠠᠷᠠᠭᠤᠨ ᠬᠤᠰᠢᠭᠤᠨ ᠤ ᠤᠪᠤᠭᠠᠳᠤ ᠳᠤ ᠨᠠᠰᠤ ᠨᠦᠭᠴᠢᠪᠠᠢ᠃ | 1926 ᠤᠨ ᠤ 9 ᠰᠠᠷ᠎ᠠ ᠠᠴᠠ1929 ᠤᠨ ᠤ7 ᠰᠠᠷ᠎ᠠ ᠪᠤᠯᠳᠠᠯ᠎ᠠ ᠴᠢᠭᠤᠯᠠᠯᠳᠤ ᠬᠠᠭᠠᠯᠠᠭ᠎ᠠ | ᠬᠤᠳᠠ ᠶᠢᠨ ᠳᠡᠭᠡᠳᠦ ᠴᠠᠶᠢᠵᠨ ︵上堡︶ ᠶᠢᠨ ᠮᠢᠩ ᠳ᠋ᠧ ᠪᠸᠢ ᠬᠤᠶᠢᠳᠤ ᠵᠡᠭᠡᠯᠢ ᠶᠢᠨ ᠬᠤᠸᠠ ᠬᠠᠨ | ᠭᠤᠳᠤᠮᠵᠢ ᠳᠠᠬᠢ ᠤᠯᠤᠰ ᠠᠴᠠ ᠪᠠᠶᠢᠭᠤᠯᠤᠭᠰᠠᠨ ᠢᠷᠭᠡᠨ ᠠᠷᠠᠳ ᠤᠨ ᠪᠠᠭ᠎ᠠ ᠰᠤᠷᠭᠠᠭᠤᠯᠢ ᠳᠤ ︵明德北街 | 花巷国立国民小学︶ ᠬᠢᠳᠠᠳ ᠪᠢᠴᠢᠭ ᠠᠩᠬ᠎ᠠ ᠰᠣᠷᠣᠯᠴᠠᠵᠤ ᠡᠬᠢᠯᠡᠵᠠᠢ᠃ ᠰᠤᠷᠭᠠᠭᠤᠯᠢ | ᠶᠢᠨ ᠳᠠᠷᠤᠭ᠎ᠠ ᠬᠤᠸᠠᠩ ᠴᠢᠩ ᠬᠠᠢ ︵黄清海︶ ᠭᠡᠵᠤ ᠪᠠᠶᠢᠵᠠᠢ᠃ 1929 ᠤᠨ ᠤ 10 ᠰᠠᠷ᠎ᠠ | ᠠᠴᠠ1934 ᠤᠨ ᠤ 1 ᠰᠠᠷ᠎ᠠ ᠬᠦᠷᠳᠡᠯ᠎ᠡ ᠤᠨᠴᠤᠭᠤᠢ ᠤᠷᠤᠨ ᠤ ᠴᠠᠬᠠᠷ ᠲᠦᠷᠪᠡᠨ ᠰᠦᠷᠦᠭ ᠤᠨ ᠨᠢᠭᠡ ᠪᠤᠯᠬᠤ | ᠳᠠᠶᠢᠫᠣᠰᠧ ᠪᠠᠷᠠᠭᠤᠨ ᠭᠠᠷ ᠰᠦᠷᠦᠭ ᠤᠨ ᠪᠠᠭ᠎ᠠ ᠰᠤᠷᠭᠠᠭᠤᠯᠢ ᠳᠤ ᠰᠣᠷᠣᠯᠴᠠᠵᠤ ᠪᠠᠶᠢᠵᠠᠢ᠃ ᠰᠣᠷᠭᠠᠭᠤᠯᠢ ᠶᠢᠨ | ᠳᠠᠷᠤᠭ᠎ᠠ ᠪᠠᠷ ᠨᠤᠷᠪᠤᠽᠠᠨᠠ ᠪᠠᠶᠢᠵᠠᠢ᠃ | 1934 ᠤᠨ ᠤ 11 ᠰᠠᠷ᠎ᠠ ᠠᠴᠠ1935 ᠤᠨ ᠤ 7 ᠰᠠᠷ᠎ᠠ ᠪᠤᠯᠳᠠᠯ᠎ᠠ ︽ ᠮᠤᠩᠭᠤᠯ ᠦᠪᠡᠰᠦᠪᠡᠨ | ᠵᠠᠰᠠᠬᠤ ᠭᠦᠷᠦᠨ︾ ᠤ ᠴᠠᠬᠠᠷ ᠠᠶᠢᠮᠠᠭ ᠤᠨ ᠮᠤᠩᠭᠤᠯ ᠢ ᠮᠠᠨᠳᠤᠭᠤᠯᠬᠤ ᠰᠤᠷᠭᠠᠭᠤᠯᠢ ᠳᠤ ᠰᠣᠷᠣᠯᠴᠠᠵᠠᠢ᠃ ︵ | ᠳᠠᠷᠤᠢ ᠶᠡᠷᠦ ᠶᠢᠨ ᠶᠠᠷᠢᠶᠠᠨ ᠳᠤ ᠬᠠᠷ᠎ᠠ ᠪᠠᠯᠭᠠᠰᠤ ᠶᠢᠨ ᠵᠠᠯᠠᠭᠤᠴᠤᠳ ᠤᠨ ᠰᠤᠷᠭᠠᠭᠤᠯᠢ ᠭᠡᠳᠡᠭ᠃︶ ᠬᠠᠮᠳᠤ | ᠰᠤᠷᠤᠭᠴᠢ ᠷᠠᠰᠢᠨᠠᠮᠵᠢᠯ᠂ ᠰᠤᠳᠤ᠂ ᠭᠧᠨᠫᠢᠯ᠂ ᠰᠤᠳᠨᠠᠮᠶᠦ᠋ᠩᠷᠦᠩ᠂ ᠴᠢᠮᠡᠳᠪᠠᠯᠵᠤᠤᠷ᠂ ᠷᠠᠰᠢᠪᠠᠯᠵᠤᠤᠷ ᠵᠡᠷᠭᠡ | ᠠᠷᠪᠠᠨ ᠨᠢᠭᠡᠨ ᠰᠤᠷᠤᠭᠴᠢ ᠬᠠᠮᠳᠤ ᠰᠣᠷᠣᠯᠴᠠᠬᠤ ᠪᠠᠷ ᠶᠠᠪᠤᠵᠠᠢ᠃ ᠰᠤᠷᠭᠠᠭᠤᠯᠢ ᠶᠢᠨ ᠳᠠᠷᠤᠭ᠎ᠠ ᠪᠠᠷ ᠰᠧᠪᠡᠭᠵᠠᠪ ︵ | 吴伯仁︶ ᠭᠡᠵᠤ ᠪᠠᠶᠢᠵᠠᠢ᠃ | 1935 ᠣᠨ ᠤ 9 ᠰᠠᠷ᠎ᠠ ᠠᠴᠠ1935 ᠤᠨ ᠤ 7 ᠰᠠᠷ᠎ᠠ ᠪᠤᠯᠳᠠᠯ᠎ᠠ ᠬᠠᠭᠤᠷᠮᠠᠭ ᠮᠠᠨᠵᠤ ᠤᠯᠤᠰ | ᠤᠨ ᠸᠠᠩ ᠤᠨ ᠰᠦᠮ᠎ᠡ ᠳᠠᠬᠢ ᠴᠡᠷᠢᠭ ᠤᠨ ᠳᠠᠷᠤᠭ᠎ᠠ ᠵᠢᠨᠰᠤᠷᠭᠠᠭᠤᠯᠢ ᠳᠤ ᠰᠣᠷᠣᠯᠴᠠᠵᠤ ᠲᠡᠭᠦᠰᠴᠠᠢ᠃ | ᠰᠣᠷᠭᠠᠭᠤᠯᠢ ᠶᠢᠨ ᠳᠠᠷᠤᠭ᠎ᠠ ᠠᠬᠠᠮᠠᠳ ᠭᠧᠨᠧᠷᠡᠯ ᠮᠠᠨᠢᠪᠠᠳᠠᠷᠠ ᠵᠠᠩᠵᠤᠨ ᠭᠡᠵᠤ ᠪᠠᠶᠢᠵᠠᠢ᠃ ᠳᠤᠰ ᠵᠢᠯ ᠪᠡᠯᠡᠳᠬᠡᠭᠴᠢ | ᠠᠬᠠᠯᠠᠭᠴᠢ ︵副补︶ ᠪᠠᠶᠢᠭᠰᠠᠨ ᠠᠴᠠ ᠪᠠᠨ ᠤᠳᠠᠯ ᠦᠭᠡᠢ ᠪᠠᠭ᠎ᠠ ᠳᠡᠰᠡᠯᠡᠭᠴᠢ ︵少尉︶ ᠪᠤᠯᠤᠨ | ᠳᠡᠪᠰᠢᠵᠠᠢ᠃ ᠠᠪᠠᠯᠢ ᠡᠬᠡᠨᠡᠷ ᠨᠢ ᠪᠤᠯ ᠦᠷᠳᠡᠭᠡᠨ ᠤ ᠶᠦᠷᠦ᠋ᠩ ᠵᠠᠩᠭᠢ ᠶᠢᠨ ᠬᠡᠦᠬᠡᠨ ᠷᠢᠭᠢᠵᠢᠳ ᠪᠤᠯᠤᠨ᠎ᠠ᠃ | ᠬᠤᠷᠢᠮᠯᠠᠭᠠᠳ ᠳᠡᠮᠡᠢ ᠣᠳᠠᠯ ᠦᠭᠡᠢ ᠭᠡᠨᠡᠳᠳᠡ ᠬᠦᠨᠳᠦ ᠡᠪᠡᠳᠴᠢᠨ ᠢᠶᠠᠷ ᠪᠡᠶ᠎ᠡ ᠪᠠᠷᠠᠵᠠᠢ᠃ ᠳᠠᠬᠢᠭᠠᠳ | ᠲᠤᠯᠤᠨᠨᠠᠭᠤᠷ ᠯᠠᠮᠨ ᠳᠠᠮᠠᠭ᠎ᠠ ᠶᠢᠨ ᠬᠤᠰᠢᠭᠤᠨ ᠤ ᠶᠡᠷᠦᠩᠭᠡᠢ ᠶᠠᠪᠤᠳᠠᠯ ᠤᠨ ᠰᠠᠯᠠᠭᠠᠨ ᠤ ᠳᠠᠷᠤᠭ᠎ᠠ ᠪᠠᠶᠢᠭᠰᠠᠨ | ᠲᠦᠮᠡᠳ ᠬᠤᠰᠢᠭᠤᠨ ᠤ ᠲᠦᠪᠰᠢᠨ ︵陈子欣︶ ᠤ ᠬᠡᠦᠬᠡᠨ ᠶᠠᠩᠵᠢᠨᠰᠣ ᠲᠠᠢ ᠬᠤᠷᠢᠮᠯᠠᠵᠠᠢ᠃ | 1938 ᠤᠨ ᠤ 8 ᠰᠠᠷ᠎ᠠ ᠠᠴᠠ1941 ᠤᠨ ᠤ 7 ᠰᠠᠷ᠎ᠠ ᠪᠤᠯᠳᠠᠯ᠎ᠠ ᠬᠠᠭᠤᠷᠮᠠᠭ ᠮᠤᠩᠭᠤᠯ ᠤᠨ | ᠦᠪᠡᠰᠦᠪᠡᠨ ᠵᠠᠰᠠᠬᠤ ᠴᠡᠷᠢᠭ ᠵᠠᠰᠠᠭ ᠤᠨ ᠤᠷᠳᠤᠨ ᠤ ᠰᠧᠯᠢᠩᠪᠦ᠋ ᠶᠢᠨ ᠼᠠᠨᠮᠤ ᠶᠢᠨ ᠭᠠᠵᠠᠷ ᠠᠵᠢᠯᠯᠠᠵᠤ ᠳᠡᠰᠯᠡᠭᠴᠢ | ︵中尉︶ ᠵᠡᠷᠭᠡ ᠳᠤ ᠳᠡᠪᠰᠢᠵᠠᠢ᠃ ᠰᠧᠯᠢᠩᠪᠦ᠋ ᠳᠤᠬᠠᠢ ᠶᠢᠨ ᠦᠶ᠎ᠡ ᠳᠤ ᠡᠷᠳᠡᠮ ᠰᠣᠶᠣᠯᠳᠤ ᠬᠤᠳᠠ ᠳᠤ | ᠪᠠᠶᠢᠭᠰᠠᠨ ᠳᠠᠷᠤᠢ ᠣᠳᠣᠬᠢ ᠬᠤᠸᠠᠳᠧ ᠰᠢᠶᠠᠨ ︵化德县︶ ᠪᠤᠯᠤᠨ᠎ᠠ᠃ ᠶᠡᠷᠦᠩᠬᠡᠢ ᠰᠧᠯᠢᠩ ᠨᠢ ᠠᠬᠠᠮᠠᠳ | ᠭᠧᠨᠧᠷᠡᠯ ᠬᠠᠷᠠᠴᠢᠨ ᠬᠦᠮᠦᠨ ᠯᠢ ᠱᠤ᠋ ᠰᠢᠨ ︵李守信︶ ᠭᠡᠵᠤ ᠪᠠᠶᠢᠵᠠᠢ᠃ | 1941 ᠤᠨ ᠤ 9 ᠰᠠᠷ᠎ᠠ ᠠᠴᠠ1943 ᠤᠨ ᠤ 9 ᠰᠠᠷ᠎ᠠ ᠪᠤᠯᠳᠠᠯ᠎ᠠ ᠶᠠᠫᠤᠨ ᠤᠯᠤᠰ ᠤᠨ | ᠳᠤᠤᠺᠢᠤ᠋ ᠬᠤᠳᠠ ᠶᠢᠨ ᠺᠠᠨᠠᠺᠧᠨ ᠬᠠᠭᠤᠷᠠᠢ ᠵᠠᠮ ᠤᠨ ᠴᠡᠷᠢᠭ ᠤᠨ ᠳᠠᠷᠤᠭ᠎ᠠ ᠵᠢᠨᠰᠣᠷᠭᠠᠭᠤᠯᠢ ︵日本东京 | 神乃川陆军士官学校︶ ᠶᠢᠨ34 ᠳ᠋ᠤᠭᠡᠷ ᠬᠤᠭᠤᠴᠠᠭ᠎ᠠ ᠠᠴᠠ ᠳᠡᠭᠦᠰᠴᠤ᠂ ᠠᠬᠠᠮᠠᠳ | ᠳᠡᠰᠯᠡᠭᠴᠢ ︵上尉︶ ᠶᠢᠨ ᠵᠡᠷᠭᠡ ᠳᠤ ᠳᠡᠪᠰᠢᠵᠠᠢ᠃ ᠬᠠᠮᠳᠤ ᠲᠡᠭᠦᠰᠦᠭᠰᠡᠨ ᠴᠠᠬᠠᠷ ᠰᠣᠷᠣᠭᠴᠢ ᠱᠠᠭᠠᠢ᠂ | ᠭᠧᠨᠫᠢᠯ᠂ ᠰᠣᠳᠣ᠂ ᠪᠣᠶᠠᠨᠳᠤᠭᠳᠠᠬᠤ ᠵᠡᠷᠭᠡ ᠬᠦᠮᠦᠨ ᠪᠠᠶᠢᠵᠠᠢ᠃ ᠰᠣᠷᠭᠠᠭᠤᠯᠢ ᠶᠢᠨ ᠳᠠᠷᠤᠭ᠎ᠠ ᠶᠠᠫᠤᠨ ᠬᠦᠮᠦᠨ | ᠳᠡᠰᠯᠡᠭᠴᠢ ᠭᠧᠨᠧᠷᠡᠯ ᠦᠶᠠᠸ᠋ᠨᠤ᠋ ︵上野中将︶ ᠭᠡᠵᠤ ᠪᠠᠶᠢᠵᠠᠢ᠃ | 1943 ᠤᠨ ᠤ 10 ᠰᠠᠷ᠎ᠠ ᠠᠴᠠ1944 ᠤᠨ ᠤ 1 ᠰᠠᠷ᠎ᠠ ᠬᠦᠷᠳᠡᠯ᠎ᠡ ᠪᠤᠯᠳᠠᠯ᠎ᠠ ᠴᠠᠬᠠᠷ ᠠᠶᠢᠮᠠᠭ ᠤᠨ | ᠰᠡᠷᠭᠡᠶᠢᠯᠡᠨ ᠬᠠᠮᠠᠭᠠᠯᠠᠬᠤ ᠬᠤᠶᠠᠳᠤᠭᠠᠷ ᠳ᠋ᠢᠸᠢᠽᠢ ᠶᠢᠨ ︵察哈尔盟第二防卫师︶ ᠼᠠᠨᠮᠤ | ᠶᠢᠨ ᠭᠠᠵᠠᠷ ᠤᠨ ᠳᠠᠷᠤᠭ᠎ᠠ ᠪᠠᠷ ᠠᠵᠢᠯᠯᠠᠵᠠᠢ᠃ ᠳ᠋ᠢᠸᠢᠽᠢ ᠶᠢᠨ ᠳᠠᠷᠤᠭ᠎ᠠ ᠴᠠᠬᠠᠷ ᠠᠶᠢᠮᠠᠭ ᠤᠨ ᠳᠠᠷᠤᠭ᠎ᠠ ᠪᠠᠶᠢᠭᠰᠠᠨ | ᠳᠡᠰᠯᠡᠭᠴᠢ ᠭᠧᠨᠧᠷᠡᠯ ᠵᠤᠳᠪᠠᠵᠠᠪ᠂ ᠠᠶᠢᠮᠠᠭ ᠤᠨ ᠳᠡᠳ᠋ ᠳᠠᠷᠤᠭ᠎ᠠ ᠪᠠᠶᠢᠭᠰᠠᠨ ᠳᠡᠰᠯᠡᠭᠴᠢ ᠭᠧᠨᠧᠷᠡᠯ ᠰᠧᠷᠡᠩᠨᠠᠮᠵᠢᠯ | ᠳᠠᠪᠬᠤᠷ ᠬᠠᠷᠢᠭᠤᠴᠠᠵᠠᠢ᠃ ᠼᠠᠨᠮᠤᠵᠠᠩ ᠨᠢ ᠪᠤᠯᠪᠠᠰᠤ ᠳᠡᠰᠯᠡᠭᠴᠢ ᠭᠧᠨᠧᠷᠡᠯ ᠭᠤᠯᠢᠮᠤᠨᠰᠧ ᠬᠡᠵᠤ ᠪᠠᠶᠢᠵᠠᠢ᠃ ᠡᠨᠡᠬᠦ | ᠬᠤᠭᠤᠴᠠᠭᠠᠨ᠎ᠠ ᠴᠠᠬᠠᠷ ᠤᠨ ᠬᠤᠶᠢᠳᠤ ᠭᠡᠰᠡᠭ ᠲᠤ ᠡᠭᠦᠷᠯᠡᠵᠤ ᠪᠠᠶᠢᠭᠰᠠᠨ ᠳᠡᠭᠡᠷᠡᠮ ᠤᠨ ᠽᠦᠸᠧ ᠯᠢᠥᠽᠢ ᠶᠢᠨ | ᠪᠦᠯᠦᠭ ᠤᠨ ᠵᠠᠭᠤᠭᠠᠳ ᠬᠤᠯᠠᠭᠠᠢ ᠶᠢ ᠤᠰᠠᠳᠬᠠᠵᠠᠢ᠃ ᠪᠠᠰᠠ ᠮᠢᠩ ᠳ᠋ᠧ ᠪᠸᠢ ᠵᠠᠭᠡᠯᠢ ᠳᠤ ︽ᠳ᠋ᠠᠩ ᠶᠦᠨ ᠭᠧ︾ | ︵丹云阁︶ ᠬᠡᠮᠡᠬᠦ ᠺᠤᠹᠧ ᠶᠢᠨ ᠦᠷᠦᠭᠡ ᠡᠵᠡᠩᠨᠡᠵᠠᠢ᠃ ᠳᠡᠷᠡᠴᠢᠯᠠᠨ ᠬᠠᠭᠤᠷᠠᠮᠠᠭ ᠮᠤᠩᠭᠤᠯ ᠤᠨ ᠬᠢᠵᠠᠭᠠᠷ | ᠤᠨ ᠵᠠᠰᠠᠭ ᠤᠨ ᠶᠠᠫᠤᠨ ᠬᠡᠯᠡᠨ ᠤ ᠰᠢᠯᠭᠠᠯᠳᠠ ᠳᠤ ᠤᠷᠤᠯᠴᠠᠭᠠᠳ ᠨᠢᠭᠡᠳᠦᠭᠡᠷ ᠳᠡᠰ ᠤᠨ ᠤᠷᠴᠢᠭᠤᠯᠤᠭᠴᠢ ᠶᠢᠨ | ᠴᠤᠯᠨ ᠶᠢ ᠬᠠᠮᠠᠭᠠᠯᠠᠵᠤ ᠰᠠᠷ᠎ᠠ ᠪᠦᠷᠢ ᠶᠢᠨ 30 ᠲᠦᠭᠦᠷᠢᠭ ᠤᠨ ᠱᠠᠩᠨᠠᠯ ᠬᠦᠷᠳᠡᠵᠤ ᠰᠠᠷ᠎ᠠ ᠶᠢᠨ ᠴᠠᠯᠢᠩ ᠨᠡᠶᠢᠳᠡ | 80 ᠲᠦᠭᠦᠷᠢᠭ ᠲᠤ ᠬᠦᠷᠴᠠᠢ᠃ | 1944 ᠤᠨ ᠤ 2 ᠰᠠᠷ᠎ᠠ ᠠᠴᠠ 1945 ᠤᠨ ᠤ 8 ᠰᠠᠷ᠎ᠠ ᠪᠤᠯᠳᠠᠯ᠎ᠠ ᠬᠦᠬᠡᠬᠤᠳᠠ ᠳᠠᠬᠢ ᠮᠤᠩᠭᠤᠯ | ᠴᠡᠷᠢᠭ ᠤᠨ ᠳᠠᠷᠤᠭ᠎ᠠ ᠶᠢᠨ ᠰᠣᠷᠭᠠᠭᠤᠯᠢ ᠶᠢᠨ4 ᠳ᠋ᠤᠭᠡᠷ ᠰᠤᠮᠤᠨ ᠳᠠᠷᠤᠭ᠎ᠠ ᠶᠢᠨ ᠳᠤᠰᠢᠶᠠᠯ ᠳᠤ ᠪᠠᠶᠢᠵᠠᠢ᠃ | ᠰᠤᠷᠭᠠᠭᠤᠯᠢ ᠶᠢᠨ ᠳᠠᠷᠤᠭ᠎ᠠ ᠨᠢ ᠬᠠᠷᠠᠴᠢᠨ ᠬᠦᠮᠦᠨ ᠪᠤᠤ ᠭᠦᠢ ᠲᠢᠩ ︵宝贵廷︶ ᠳᠡᠰᠯᠡᠭᠴᠢ ᠭᠧᠨᠧᠷᠡᠯ | ᠭᠡᠵᠤ ᠪᠠᠶᠢᠵᠠᠢ᠃1945 ᠤᠨ ᠤ 10 ᠰᠠᠷ᠎ᠠ ᠳᠤ ᠨᠠᠢᠮᠠᠳᠤᠭᠠᠷ ᠵᠠᠮ ᠤᠨ ᠴᠡᠷᠢᠭ ᠬᠦᠬᠡᠬᠤᠳᠠ ᠶᠢ ᠳᠠᠭᠠᠷᠢᠬᠤ ᠳᠤ | ᠮᠤᠩᠭᠤᠯ ᠴᠡᠷᠢᠭ ᠤᠨ ᠬᠤᠯᠪᠤᠭᠠᠨ ᠤ ᠲᠦᠯᠦᠭᠡᠯᠡᠭᠴᠢ ᠪᠠᠷ ᠬᠤᠳᠠ ᠳᠡᠭᠦᠷᠭᠡ ᠶᠢᠨ ᠰᠢ ᠯᠦᠩ ᠸᠠᠩ ᠮᠢᠶᠥᠥ ︵西龙 | 王庙︶ ᠳᠠᠬᠢ ᠨᠠᠢᠮᠠᠳᠤᠭᠠᠷ ᠵᠠᠮ ᠤᠨ ᠴᠡᠷᠢᠭ ᠤᠨ ᠡᠮᠦᠨ᠎ᠡ ᠹᠷᠤᠨᠲ ᠲᠠᠬᠢ ᠰᠧᠯᠢᠨᠪᠦ᠋ ᠳᠤ ᠬᠦᠷᠴᠤ ᠨᠢᠭᠡᠨ | ᠫᠧᠩ ᠤᠪᠤᠭ ᠲᠠᠢ ᠳᠠᠷᠤᠭ᠎ᠠ ᠲᠠᠢ ᠬᠡᠯᠡᠯᠴᠡᠭᠡᠷ ᠬᠢᠵᠤ ᠬᠤᠶᠠᠷ ᠲᠦᠮᠡᠨ ᠰᠢᠷᠭᠡᠭ ᠰᠤᠮᠤ᠂ ᠵᠠᠭᠤᠭᠠᠳ ᠤᠷᠳᠤ ᠫᠤᠤ | ᠬᠦᠷᠭᠡᠭᠡᠳ᠂ ᠨᠠᠢᠮᠠᠳᠤᠭᠠᠷ ᠵᠠᠮ ᠤᠨ ᠴᠡᠷᠢᠭ ᠤᠨ ᠳᠠᠭᠠᠷᠢᠯᠳᠠ ᠶᠢ ᠲᠦᠷ ᠬᠤᠶᠢᠰᠢᠯᠠᠭᠤᠯᠵᠠᠢ᠃ | 1945 ᠤᠨ ᠤ 11 ᠰᠠᠷ᠎ᠠ ᠠᠴᠠ 1947 ᠤᠨ ᠤ 11 ᠰᠠᠷ᠎ᠠ ᠬᠦᠷᠳᠡᠯ᠎ᠡ ᠴᠢᠭᠤᠯᠤᠯᠳᠤ ᠬᠠᠭᠠᠯᠭ᠎ᠠ | ᠳᠤ ᠪᠠᠶᠢᠭᠤᠯᠤᠭᠳᠠᠭᠰᠠᠨ ᠮᠠᠯᠴᠢᠳ ᠤᠨ ᠬᠤᠷᠠᠯ ᠳᠤ ᠤᠷᠤᠯᠴᠠᠵᠤ ᠳ᠋ᠠ ᠵᠢᠩ ᠮᠧᠨ ᠬᠠᠭᠠᠯᠭ᠎ᠠ ᠶᠢᠨ ᠳᠤᠳᠤᠷᠠᠬᠢ | ᠴᠢᠦᠸᠠᠨ ᠯᠢ ︵大境门内圈里︶ ᠳᠤ ᠪᠠᠶᠢᠭᠤᠯᠤᠭᠳᠠᠭᠰᠠᠨ ᠦᠪᠦᠷ ᠮᠤᠩᠭᠤᠯ ᠤᠨ ᠴᠡᠷᠢᠭ ᠵᠠᠰᠠᠭ | ᠤᠨ ᠳᠡᠭᠡᠳᠦ ᠰᠣᠷᠭᠠᠭᠤᠯᠢ ︵内蒙军政学院︶ ᠳᠤ ᠰᠣᠷᠣᠯᠴᠠᠵᠠᠢ᠃ ︵ ᠰᠣᠷᠭᠠᠭᠤᠯᠢ ᠶᠢᠨ | ᠳᠠᠷᠤᠭ᠎ᠠ ᠨᠢ ᠤᠯᠠᠭᠠᠨᠬᠦᠦ ᠪᠠᠶᠢᠵᠠᠢ᠃︶ ᠰᠣᠷᠣᠯᠭ᠎ᠠ ᠳᠡᠭᠦᠰᠦᠭᠰᠡᠨ ᠤ ᠳᠠᠷᠠᠭ᠎ᠠ ᠰᠢᠯᠢ ᠶᠢᠨ ᠭᠤᠤᠯ ᠠᠶᠢᠮᠠᠭ ᠲᠤ | ᠫᠠᠷᠲ᠋ᠢᠽᠠᠨ ᠳᠠᠶᠢᠨ ᠦᠷᠨᠢᠭᠦᠯᠵᠤ ᠪᠠᠶᠢᠭᠰᠠᠨ 16 ᠳ᠋ᠤᠭᠠᠷ ᠳ᠋ᠢᠸᠢᠽᠢ ᠶᠢᠨ ᠼᠠᠨᠮᠤ ᠶᠢᠨ ᠭᠠᠵᠠᠷ ᠲᠤ ᠠᠵᠢᠯ | ᠬᠤᠪᠢᠶᠠᠭᠳᠠᠵᠠᠢ᠃ ᠳ᠋ᠢᠸᠢᠽᠢ ᠶᠢᠨ ᠳᠠᠷᠤᠭ᠎ᠠ ᠨᠢ ᠯᠢᠦ ᠵᠢᠩ ᠫᠢᠩ ︵刘景平︶ ᠭᠡᠵᠤ ᠪᠠᠶᠢᠵᠠᠢ᠃ | 1947 ᠤᠨ ᠤ 12 ᠰᠠᠷ᠎ᠠ ᠠᠴᠠ1948 ᠤᠨ ᠤ 12 ᠰᠠᠷ᠎ᠠ ᠬᠦᠷᠳᠡᠯ᠎ᠡ ᠬᠤᠪᠢᠰᠬᠠᠯ ᠠᠴᠠ | ᠤᠷᠪᠠᠵᠤ ᠭᠤᠮᠢᠨᠳᠠᠩ ᠤᠨ ᠴᠠᠬᠠᠷ ᠮᠤᠵᠢ ᠶᠢᠨ ᠴᠠᠬᠠᠷ ᠠᠶᠢᠮᠠᠭ ᠤᠨ ᠠᠮᠤᠷ ᠢ ᠬᠠᠮᠠᠭᠠᠯᠠᠬᠤ ᠰᠧᠯᠢᠩᠪᠦ᠋ ᠶᠢᠨ ᠼᠠᠨᠮᠤ | ᠶᠢᠨ ᠭᠠᠵᠠᠷ ᠤᠨ ᠳᠡᠰᠯᠡᠭᠴᠢ ᠬᠤᠷᠠᠨᠳᠠ ︵中校︶ ᠪᠤᠯᠵᠠᠢ᠃ ᠶᠡᠷᠦᠩᠭᠡᠢ ᠰᠧᠯᠢᠩ ᠨᠢ ᠮᠦᠭᠳᠡᠡᠪᠤᠤ ︵穆盖 | 华︶ ᠭᠡᠵᠤ ᠪᠠᠶᠢᠵᠠᠢ᠃ ᠡᠨᠡᠬᠦ ᠬᠤᠭᠤᠴᠠᠭᠠᠨ᠎ᠠ ᠺᠠᠩ ᠪᠤᠤ ︵康保县︶ ᠪᠤᠤ ᠶᠤᠸᠠᠨ ︵宝源县︶ | ᠳᠤᠯᠤᠨᠨᠠᠭᠤᠷ ︵多伦县︶ ᠵᠡᠷᠭᠡ ᠰᠢᠶᠠᠨ ᠨᠤᠭᠤᠳ ᠢ ᠬᠠᠮᠠᠭᠠᠯᠠᠬᠤ ᠳᠠᠶᠢᠨ ᠳᠤ ᠤᠷᠤᠯᠴᠠᠵᠠᠢ᠃ ᠪᠤᠤ | ᠶᠤᠸᠠᠨ ᠳᠤ ᠴᠢᠯᠦᠭᠡᠯᠡᠬᠦ ᠴᠡᠷᠢᠭ ᠲᠤ ᠳᠡᠶᠢᠯᠡᠭᠳᠡᠭᠡᠳ ᠤᠬᠤᠷᠢᠵᠤ ᠭᠠᠷᠬᠤ ᠳᠤ ᠭᠢᠨᠳᠠᠨ ᠳᠤ ᠪᠠᠶᠢᠭᠰᠠᠨ ᠴᠢᠯᠦᠭᠡᠯᠡᠬᠦ | ᠴᠡᠷᠢᠭ ᠤᠨ ᠲᠦᠷᠪᠡᠨ ᠬᠦᠮᠦᠨ ᠢ ᠠᠯᠠᠬᠤ ᠵᠠᠷᠯᠢᠭ ᠲᠤ ᠵᠦᠪᠰᠢᠶᠡᠷᠡᠬᠦ ᠭᠠᠷ ᠤᠨ ᠦᠰᠦᠭ ᠵᠢᠷᠤᠵᠠᠢ᠃ ᠬᠠᠪᠢᠷᠭ᠎ᠠ | ᠶᠢᠨ ᠴᠤᠤ ᠶᠠᠩ ᠭᠤᠤ ︵朝阳沟︶ ᠶᠢᠨ ᠪᠠᠶᠢᠯᠳᠤᠭᠠᠨᠠ ᠲᠦᠮᠦᠰᠦ ᠶᠢᠨ ᠵᠤᠭᠤᠷᠢ ᠳᠤ ᠨᠢᠭᠤᠭᠳᠠᠭᠰᠠᠨ | ᠴᠢᠯᠦᠭᠡᠯᠡᠬᠦ ᠴᠡᠷᠢᠭ ᠤᠨ ᠭᠤᠷᠪᠠᠨ ᠪᠠᠶᠢᠯᠳᠤᠭᠴᠢ ᠶᠢ ᠪᠠᠷᠢᠪᠴᠢᠯᠠᠨ ︽ᠳᠠᠶᠢᠨ ᠤ ᠴᠠᠭ ᠲᠤ ᠤᠯᠵᠠᠯᠠᠭᠰᠠᠳ ᠢ | ᠳᠠᠷᠤᠵᠤ ᠶᠠᠪᠤᠬᠤ ᠳᠤ ᠰᠠᠭᠠᠳ ᠭᠠᠷᠤᠮᠤᠢ︾ ᠬᠡᠮᠡᠬᠦ ᠰᠢᠯᠳᠠᠭ ᠢᠶᠠᠷ ᠵᠠᠷᠯᠢᠭ ᠪᠠᠭᠤᠯᠭᠠᠵᠤ ᠵᠠᠮ ᠵᠠᠭᠤᠷ᠎ᠠ ᠬᠦᠨᠦᠭᠡᠵᠠᠢ᠃ | ᠳᠡᠷᠡᠴᠢᠯᠡᠨ ᠴᠠᠬᠠᠷ ᠤᠷᠤᠨ ᠳᠤ ᠪᠤᠯᠤᠭᠰᠠᠨ ᠪᠤᠱᠣᠣᠳᠠᠢ᠂ ᠬᠤᠯᠤᠰᠤᠳᠠᠢ᠂ ᠨᠠᠢᠮᠨ ᠶᠢᠨ ᠠᠭᠤᠯᠨ᠂ ᠳᠠᠶᠢᠫᠣᠰᠧ | ᠪᠠᠷᠠᠭᠤᠨ ᠭᠠᠷ ᠬᠤᠰᠢᠭᠤ᠂ ᠦᠬᠡᠷᠴᠢᠨ ᠤᠪᠤᠭ᠎ᠠ᠂ ᠬᠠᠶᠢᠷᠬᠠᠨ ᠡᠩᠭᠡᠷ ᠵᠡᠷᠭᠡ ᠶᠢᠨ ᠪᠠᠶᠢᠯᠳᠤᠭᠠᠨᠠ ᠪᠦᠷ | ᠤᠷᠤᠯᠴᠠᠵᠤ ᠪᠠᠶᠢᠵᠠᠢ᠃ | 1949 ᠤᠨ ᠤ 1 ᠰᠠᠷ᠎ᠠ ᠠᠴᠠ 1955 ᠣᠨ ᠤ 11 ᠰᠠᠷ᠎ᠠ ᠶᠢᠨ ᠬᠤᠭᠤᠷᠤᠨᠳᠤ ᠮᠢᠩᠭ᠎ᠠ ᠶᠢᠰᠦᠨ ᠵᠠᠭᠤ | ᠲᠦᠴᠢᠨ ᠤᠨ ᠤ ᠨᠢᠭᠡᠳᠦᠭᠡᠷ ᠰᠠᠷ᠎ᠠ ᠳᠤ ᠴᠢᠭᠤᠯᠤᠯᠳᠤ ᠬᠠᠭᠠᠯᠠᠭ᠎ᠠ ᠶᠢ ᠴᠢᠯᠦᠭᠡᠯᠡᠬᠦ ᠳᠠᠶᠢᠨ ᠳᠤ ᠪᠠᠷᠢᠪᠴᠢᠯᠠᠭᠳᠠᠪᠠ᠃ | ᠭᠡᠪᠡᠴᠦ ᠵᠠᠪᠰᠢᠶᠠᠨ ᠳᠠᠯᠢᠮᠳᠠᠭᠤᠯᠤᠨ ᠳᠤᠳᠠᠭᠠᠵᠤ ᠪᠡᠭᠡᠵᠢᠩ ᠳᠤ ᠬᠦᠷᠴᠦ ᠶᠠᠫᠤᠨ ᠳᠤ ᠬᠠᠮᠳᠤ ᠰᠣᠷᠣᠯᠴᠠᠵᠤ | ᠪᠠᠶᠢᠭᠰᠠᠨ ᠨᠠᠶᠢᠵᠨ ᠨᠢ ᠰᠢᠶᠠᠩᠭᠠᠩ ᠳᠤ ᠶᠠᠪᠤᠬᠤ ᠪᠤᠯᠬᠤᠷ ᠲᠡᠭᠦᠨ ᠤ ᠡᠷᠦᠬᠡ ᠠᠮᠠᠨ ᠳᠠᠩᠰᠠᠨ ᠳᠤ ᠤᠷᠤᠯᠠᠨ | ᠤᠷᠤᠵᠤ᠂ ᠨᠡᠷ᠎ᠡ ᠪᠠᠨ ᠴᠧᠨ ᠰᠢ ︵陈析︶ ᠭᠡᠵᠤ ᠮᠠᠨᠵᠤ ᠦᠨᠳᠦᠰᠦᠳᠡᠨ ᠭᠡᠵᠤ ᠪᠤᠷᠤᠭᠤᠯᠠᠵᠤ ᠭᠤᠷᠪᠠᠨ | ᠪᠤᠯᠤᠳᠤ ᠳᠡᠷᠭᠡ ᠵᠢᠳᠬᠦᠵᠤ᠂ ᠳᠠᠷᠠᠴᠢᠯᠠᠨ ᠪᠡᠭᠡᠵᠢᠩ ᠬᠤᠳᠠ ᠶᠢᠨ ᠪᠠᠷᠠᠭᠤᠨ ᠳᠤᠭᠤᠷᠢᠭ ᠤᠨ ᠭᠤᠷᠪᠠᠨ ᠪᠤᠯᠤᠳᠤ | ᠳᠡᠷᠭᠡᠴᠢᠨ ᠤ ᠡᠪᠯᠡᠯ ᠤᠨ ᠳᠡᠷᠢᠭᠦᠯᠡᠭᠴᠢ ᠪᠠᠷ ᠠᠵᠢᠯᠯᠠᠵᠠᠢ᠃ | 1955 ᠣᠨ ᠤ 12 ᠰᠠᠷ᠎ᠠ ᠠᠴᠠ 1975 ᠤᠨ ᠤ 2 ᠰᠠᠷ᠎ᠠ ᠶᠢᠨ ᠬᠤᠭᠤᠷᠤᠨᠳᠤ ᠮᠢᠩᠭ᠎ᠠ ᠶᠢᠰᠦᠨ | ᠵᠠᠭᠤ ᠲᠠᠪᠢᠨ ᠳᠠᠪᠤᠨ ᠤᠨ᠎ᠠ ᠭᠤᠮᠢᠨᠳᠠᠩ ᠤᠨ ᠴᠠᠬᠠᠷ ᠠᠶᠢᠮᠠᠭ ᠤᠨ ᠨᠢᠭᠡᠳᠦᠭᠡᠷ ᠤᠷᠤᠨ ᠤ ᠠᠮᠤᠷ ᠢ ᠬᠠᠮᠠᠭᠠᠯᠠᠬᠤ | ᠰᠧᠯᠢᠩᠪᠦ᠋ ᠶᠢᠨ ᠠᠬᠠᠮᠠᠳ ᠳᠡᠰᠡᠯᠡᠭᠴᠢ ᠼᠠᠨᠮᠦ ᠪᠠᠶᠢᠭᠰᠠᠨ ᠮᠢᠨᠵᠤᠤᠷ ᠬᠡᠮᠡᠬᠦ ᠳᠤ ᠢᠯᠡᠴᠢᠯᠡᠭᠳᠡᠭᠡᠳ ᠴᠠᠬᠠᠷ ᠠᠶᠢᠮᠠᠭ | ᠤᠨ ᠠᠮᠤᠷ ᠢ ᠬᠠᠮᠠᠭᠠᠯᠠᠬᠤ ᠳᠤᠪᠴᠢᠶᠠᠨᠠ ᠪᠠᠷᠢᠪᠴᠢᠯᠠᠭᠳᠠᠵᠠᠢ᠃ ᠡᠨᠡᠬᠦ ᠬᠤᠭᠤᠴᠠᠭᠠᠨ᠎ᠠ ᠨᠠᠮ ᠵᠠᠰᠠᠭ ᠤᠨ ᠬᠦᠮᠦᠵᠢᠯ | ᠢᠶᠠᠷ ᠬᠢᠭᠰᠡᠨ ᠶᠠᠯ᠎ᠠ ᠪᠠᠨ ᠮᠡᠳᠡᠷᠡᠨ ᠳᠠᠨᠢᠵᠤ ᠳᠤᠰᠢᠶᠠᠵᠤ ᠴᠠᠭᠠᠪᠤᠷᠢᠯᠠᠭᠰᠠᠨ ᠪᠤᠯᠬᠤᠷ ︵ ᠳᠠᠪᠤᠨ ᠵᠢᠯ ᠤᠨ | ᠬᠤᠭᠤᠴᠠᠭ᠎ᠠ ᠲᠠᠢ ᠪᠠᠷ ᠰᠤᠯᠠᠯᠠᠭᠳᠠᠵᠤ︶ ︵假释︶ ᠲᠡᠷᠢᠭᠦᠨ ᠨᠤᠶᠠᠨ ᠳᠡᠮᠤᠴᠣᠭᠳᠤᠩᠷᠤᠪ ᠬᠡᠮᠡᠭᠴᠢ ᠶᠢᠨ | ᠠᠯᠠᠱᠠ ᠳᠤ ᠪᠠᠶᠢᠭᠤᠯᠤᠭᠰᠠᠨ 《 ᠮᠤᠩᠭᠤᠯ ᠤᠨ ᠦᠪᠡᠰᠦᠪᠡᠨ ᠵᠠᠰᠠᠬᠤ ᠤᠷᠳᠤᠨ 》 ᠢ ᠳᠠᠩᠨᠠᠭᠤᠯᠬᠤ ᠪᠠᠷ | ᠬᠤᠯᠪᠤᠭ᠎ᠠ ᠠᠪᠬᠤ ᠨᠢᠭᠤᠴᠠ ᠨᠡᠷ᠎ᠡ ᠱᠨ ᠶᠤᠸᠠᠨ ︵沙源︶ ᠬᠡᠮᠡᠨ᠂ ᠠᠯᠠᠱᠠ᠂ ᠪᠠᠶᠠᠨᠨᠠᠭᠤᠷ᠂ ᠬᠦᠬᠡᠨᠠᠭᠤᠷ | ᠵᠡᠷᠭᠡ ᠭᠠᠵᠠᠷ ᠤᠳ ᠢᠶᠠᠷ ᠶᠠᠪᠤᠭᠤᠯᠵᠠᠢ᠃ ᠬᠤᠭᠤᠴᠠᠭ᠎ᠠ ᠳᠠᠭᠤᠰᠤᠭᠰᠠᠨ ᠤ ᠳᠠᠷᠠᠭ᠎ᠠ ᠳᠡᠭᠦᠨ ᠤ ᠳᠠᠶᠢᠨ ᠤ ᠶᠠᠯᠠᠳᠠᠨ | ᠪᠤᠯᠬᠤ ᠶᠠᠯ᠎ᠠ ᠶᠢ ᠲᠤᠭᠠᠴᠢᠵᠤ᠂15 ᠵᠢᠯ ᠤᠨ ᠡᠷᠡᠭᠦᠦ ᠶᠢᠨ ᠬᠤᠭᠤᠴᠠᠭ᠎ᠠ ᠲᠠᠢ ᠪᠠᠷ ᠲᠢᠶᠠᠨᠵᠢᠨ ᠬᠤᠳᠠ ᠶᠢᠨ | ᠹᠧᠩ ᠨᠠᠨ ᠰᠢᠶᠠᠨ ︵丰南县︶ ᠳᠤ ᠪᠠᠶᠢᠭ᠎ᠠ 《 ᠳᠠᠶᠢᠨ ᠤ ᠶᠠᠯᠠᠳᠠᠨ ᠢ ᠬᠠᠮᠢᠶᠠᠷᠬᠤ ᠭᠠᠵᠠᠷ | 》ᠬᠦᠷᠭᠡᠭᠳᠡᠵᠤ ᠳᠠᠯᠠᠢ ᠶᠢᠨ ᠳᠠᠪᠤᠰᠤ ᠬᠠᠮᠤᠬᠤ ᠬᠦᠳᠡᠯᠮᠦᠷᠢ ᠶᠢᠨ ᠦᠭᠡᠷᠡᠴᠢᠯᠡᠯᠳᠡ ᠳᠤ ᠤᠷᠤᠯᠴᠠᠵᠠᠢ᠃ | 1985 ᠤᠨ ᠤ 4 ᠰᠠᠷ᠎ᠠ ᠳᠤ ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ | ᠬᠤᠷᠠᠯ ᠤᠨ ᠲᠦᠷᠪᠡᠳᠦᠬᠡᠷ ᠬᠤᠷᠠᠯᠳᠤᠭᠠᠨ ᠤ ᠬᠤᠶᠠᠳᠤᠭᠠᠷ ᠤᠳᠠᠭᠠᠨ ᠤ ᠪᠠᠶᠢᠩᠭᠤ ᠶᠢᠨ ᠬᠤᠷᠠᠯ ᠤᠨ 《 | ᠬᠤᠷᠢᠭᠳᠠᠯ ᠳᠤ ᠪᠠᠶᠢᠭ᠎ᠠ ᠭᠤᠮᠢᠨᠳᠠᠩ ᠤᠨ ᠨᠠᠮ ᠵᠠᠰᠠᠭ ᠤᠨ ᠰᠢᠶᠠᠨ ᠲᠤᠸᠠᠨ ᠠᠴᠠ ᠳᠡᠭᠡᠭᠰᠢᠬᠢ ᠳᠤᠰᠢᠶᠠᠯ ᠲᠠᠢ | ᠳᠠᠶᠢᠨ ᠤ ᠶᠠᠯᠠᠳᠠᠨ ᠳᠤ ᠤᠨᠴᠠ ᠠᠭᠤᠴᠢᠯᠠᠯ ᠦᠵᠡᠭᠦᠯᠬᠦ ᠲᠤᠭᠳᠠᠭᠠᠯ 》 ᠢᠶᠠᠷ ᠰᠤᠯᠠᠯᠠᠭᠳᠠᠵᠤ ᠭᠡᠷ ᠲᠡᠭᠡᠨ | ᠬᠠᠷᠢᠵᠤ ᠢᠷᠡᠵᠠᠢ ᠃ ᠬᠤᠶᠠᠷ ᠬᠦᠦ᠂ ᠬᠤᠶᠠᠷ ᠬᠡᠦᠬᠡᠨ ᠲᠠᠢ᠃ ᠶᠡᠭᠡ ᠬᠡᠦᠬᠡᠨ ᠤᠶᠤᠨᠵᠤᠯᠠ ︵陈舒芝︶ | ᠪᠡᠭᠡᠵᠢᠩ ᠤᠨ ᠭᠤᠳᠠᠭᠠᠷ ᠪᠠᠷᠢᠯᠭ᠎ᠠ ᠶᠢᠨ ᠭᠦᠩᠰᠧ ᠶᠢᠨ ᠦᠨᠳᠦᠷ ᠵᠡᠷᠭᠡ ᠶᠢᠨ ᠳᠠᠩᠰᠠᠯᠠᠭᠳᠠᠭᠰᠠᠨ ᠢᠨᠵᠧᠨᠧᠷ (注 | 册高级工程师︶᠂ ᠤᠤᠭᠠᠨ ᠬᠦᠦ ᠳᠠᠯᠠᠶᠢᠪᠠᠭᠠᠳᠤᠷ᠂ ᠬᠡᠦᠬᠡᠨᠨᠠᠷᠠᠩᠭᠤᠸᠠ ᠪᠦᠷ ᠮᠠᠯᠴᠢᠨ᠃ | ᠣᠳᠬᠤᠨ ᠬᠦᠦ ᠡᠷᠳᠡᠨᠢᠪᠠᠶᠠᠷ ᠠᠯᠠᠱᠠ ᠵᠡᠭᠦᠨ ᠬᠤᠰᠢᠭᠤᠨ ᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ | ᠤᠨ ᠨᠠᠷᠢᠨ ᠪᠢᠴᠢᠭ ᠤᠨ ᠳᠡᠳ᠋ ᠳᠠᠷᠤᠭ᠎ᠠ ᠪᠠᠷ ᠠᠵᠢᠯᠯᠠᠵᠤ ᠪᠠᠶᠢᠵᠠᠢ᠃ ᠡᠨᠡ ᠪᠤᠯ ᠳᠠᠶᠢᠨ ᠤ ᠶᠠᠯᠠᠳᠠᠨ ᠤ ᠦᠷ᠎ᠡ | ᠬᠡᠦᠬᠡᠳ ᠲᠤ ᠠᠷᠠᠳ ᠤᠨ ᠶᠠᠪᠤᠳᠠᠯ ᠤᠨ ᠶᠠᠮᠤᠨ ᠠᠴᠠ ᠤᠯᠭᠤᠵᠤ ᠦᠭᠭᠦᠭᠰᠡᠨ ᠬᠠᠷᠠᠭᠠᠯᠵᠠᠯ ᠮᠦᠨ᠃ ᠠᠴᠢ ᠵᠢᠴᠢ | ᠤᠮᠪᠤᠯᠤ ᠳᠤᠮᠪᠤᠯᠤ ᠨᠠᠷ ᠭᠤᠴᠢᠭᠠᠳ ᠬᠦᠮᠦᠨ ᠪᠤᠯᠤᠨ ᠪᠤᠶᠢᠵᠢᠵᠤ ᠳ᠋ᠤᠺᠲ᠋ᠤᠷ᠂ ᠶᠡᠭᠡ ᠰᠣᠷᠭᠠᠭᠤᠯᠢ ᠶᠢᠨ ᠪᠠᠭᠰᠢ᠂ | ᠰᠣᠳᠣᠯᠬᠤ ᠰᠤᠷᠤᠭᠴᠢ᠂ ᠳᠤᠮᠳᠠᠳᠤ ᠰᠤᠷᠭᠠᠭᠤᠯᠢ ᠶᠢᠨ ᠪᠠᠭᠰᠢ᠂ ᠶᠡᠭᠡ ᠳᠤᠮᠳᠠᠳᠤ ᠪᠠᠭ᠎ᠠ ᠰᠤᠷᠭᠠᠭᠤᠯᠢ ᠶᠢᠨ | ᠰᠣᠷᠣᠭᠴᠢᠳ ᠤᠯᠠᠨ ᠪᠤᠢ᠃ | |