ᠦᠨᠦᠬᠡᠳᠦᠷ ᠢ ᠨᠡᠳᠡ ᠪᠤᠷᠬᠠᠨ ᠠᠪᠴᠢᠷᠠᠵᠦ ᠦᠭᠳᠡᠭ
ᠨᠡᠶᠢᠲᠡᠯᠡᠭᠰᠡᠨ ᠴᠠᠭ᠄
2018/6/11
                                   ᠲ᠊ · ᠰᠢᠨᠡᠨᠤᠮ       ᠰᠡᠳᠬᠢᠯ ᠤᠨ ᠴᠠᠭᠠᠨᠠᠳᠤ ᠠᠴᠠ ᠠᠨᠢᠷᠳᠠᠨ ᠠᠨᠢᠷᠳᠠᠨ ᠤᠶᠠᠷᠠᠭᠰᠠᠭᠠᠷ ᠰᠢᠯᠦᠭ ᠢ ᠨᠡᠳᠡ ᠭᠤᠨᠢᠭ ᠠᠪᠴᠢᠷᠠᠵᠦ ᠦᠭᠳᠡᠭ ᠰᠠᠯᠠᠬᠦᠨ ᠤᠷᠴᠢᠯᠠᠩ ᠢ ᠠᠷᠭᠠᠳᠠᠨ ᠠᠷᠭᠠᠳᠠᠨ ᠠᠭᠤᠵᠢᠷᠠᠭᠰᠠᠭᠠᠷ ᠳᠤᠭᠳᠤᠯᠤᠯ ᠢ ᠨᠡᠳᠡ ᠳᠠᠭᠤᠤ ᠠᠪᠴᠢᠷᠠᠵᠦ ᠦᠭᠳᠡᠭ ᠵᠢᠷᠦᠬᠡᠨ‌‍ᠲ᠋ᠤᠯᠳᠤᠨ ᠠᠴᠠ ᠳᠠᠪᠠᠷᠠᠨ ᠳᠠᠪᠠᠷᠠᠨ ᠬᠠᠶᠢᠯᠤᠭᠰᠠᠭᠠᠷ ᠠᠵᠠ ᠵᠢᠷᠭᠠᠯ ᠢ ᠨᠠᠳᠡ ᠬᠠᠶᠢᠷ᠎ᠠ ᠠᠪᠴᠢᠷᠠᠵᠦ ᠦᠭᠳᠡᠭ ᠵᠦᠩ ᠮᠦᠷᠦᠬᠡᠳᠦᠯ ᠠᠴᠠ ᠳᠡᠬᠦᠯᠢᠨ ᠳᠡᠬᠦᠯᠢᠨ ᠳᠡᠪᠢᠭᠰᠡᠭᠡᠷ ᠤᠴᠠᠷᠠᠯ ᠢ ᠨᠡᠳᠡ ᠴᠢ ᠠᠪᠴᠢᠷᠠᠵᠦ ᠦᠭᠳᠡᠭ ᠤᠭᠳᠠᠷᠭᠤᠢ ᠶᠢᠨ ᠬᠦᠨ ᠠᠴᠠ ᠳᠤᠳᠤᠷᠠᠨ ᠳᠤᠳᠤᠷᠠᠨ ᠠᠨᠢᠪᠴᠢᠭᠰᠠᠭᠠᠷ ᠰᠦᠨᠢ ᠶᠢ ᠨᠡᠳᠡ ᠤᠳᠤ ᠠᠪᠴᠢᠷᠠᠵᠦ ᠦᠭᠳᠡᠭ ᠤᠶᠤᠳᠠᠯ ᠤᠨ ᠬᠦᠯ ᠠᠴᠠ ᠵᠡᠶᠢᠳᠡᠨ ᠵᠡᠶᠢᠳᠡᠨ ᠬᠤᠯᠠᠳᠠᠭᠰᠠᠭᠠᠷ ᠦᠦᠷ ᠢ ᠨᠡᠳᠡ ᠴᠤᠯᠮᠤᠨ ᠠᠪᠴᠢᠷᠠᠵᠦ ᠦᠭᠳᠡᠭ ᠤᠯᠠᠪᠢᠷ ᠬᠡᠬᠡ ᠶᠢ ᠡᠷᠬᠦᠨ ᠡᠷᠬᠦᠨ ᠦᠨᠳᠡᠯᠵᠡᠭᠰᠡᠭᠡᠷ ᠨᠠᠷᠠ ᠶᠢ ᠨᠠᠳᠠ ᠠᠭᠤᠯᠠ ᠠᠪᠴᠢᠷᠠᠵᠦ ᠦᠭᠳᠡᠭ ᠤᠨᠳᠠᠭᠰᠡᠨ ᠨᠠᠪᠴᠢᠨ ᠳᠤ ᠵᠡᠭᠦᠳᠦᠯᠡᠨ ᠵᠡᠭᠦᠳᠦᠯᠡᠨ ᠮᠦᠯᠴᠢᠭᠢᠨᠡᠭᠰᠡᠭᠡᠷ ᠦᠷᠯᠦᠬᠡ ᠶᠢ ᠨᠡᠳᠡ ᠰᠢᠬᠦᠳᠠᠷᠢ ᠠᠪᠴᠢᠷᠠᠵᠦ ᠦᠭᠳᠡᠭ ᠡᠮᠦᠨᠡᠳᠦ ᠵᠦᠭ ᠠᠴᠠ ᠳᠠᠭᠤᠯᠠᠨ ᠳᠠᠭᠤᠯᠠᠨ ᠨᠢᠰᠦᠭᠰᠡᠭᠡᠷ ᠬᠠᠪᠤᠷ ᠢ ᠨᠡᠳᠡ ᠰᠢᠪᠠᠭᠤ ᠠᠪᠴᠢᠷᠠᠵᠦ ᠦᠭᠳᠡᠭ ᠡᠬᠦᠯᠡ ᠡᠬᠦᠯᠡᠨ ᠠᠴᠠ ᠳᠤᠰᠤᠯᠠᠨ ᠳᠤᠰᠤᠯᠠᠨ ᠠᠰᠬᠠᠷᠠᠭᠰᠠᠭᠠᠷ ᠵᠤᠨ ᠢ ᠨᠡᠳᠡ ᠪᠤᠷᠤᠭᠠᠨ ᠠᠪᠴᠢᠷᠠᠵᠦ ᠦᠭᠳᠡᠭ ᠦᠩᠬᠡᠳᠦ ᠳᠡᠯᠡᠬᠡᠢ ᠶᠢ ᠢᠯᠪᠢᠨ ᠢᠯᠪᠢᠨ  ᠰᠢᠷᠭᠠᠯᠳᠤᠭᠤᠯᠤᠭᠰᠠᠭᠠᠷ ᠨᠠᠮᠤᠷ ᠢ ᠨᠡᠳᠡ ᠰᠠᠯᠬᠢ ᠠᠪᠴᠢᠷᠠᠵᠦ ᠦᠭᠳᠡᠭ ᠦᠨᠳᠦᠷ ᠳᠡᠭᠷᠢ ᠠᠴᠠ ᠬᠠᠶᠠᠯᠠᠨ ᠬᠠᠶᠠᠯᠠᠨ ᠪᠠᠭᠤᠭᠰᠠᠭᠠᠷ ᠡᠪᠤᠯ ᠢ ᠨᠡᠳᠡ ᠴᠠᠰᠤ ᠠᠪᠴᠢᠷᠠᠵᠦ ᠦᠭᠳᠡᠭ ᠪᠤᠳᠤᠯ ᠤᠨ ᠳᠠᠯᠬᠡᠴᠠᠨ ᠳᠤ ᠳᠠᠬᠢᠨ ᠳᠠᠬᠢᠨ ᠢᠯᠠᠷᠡᠭᠰᠡᠭᠡᠷ ᠦᠩᠬᠡᠷᠡᠭᠰᠡᠨ ᠢ ᠨᠡᠳᠡ ᠳᠤᠷᠠᠰᠤᠮᠵᠢ ᠠᠪᠴᠢᠷᠠᠵᠦ ᠦᠭᠳᠡᠭ ᠪᠤᠶᠠᠨ ᠤ ᠮᠦᠷ ᠢᠶᠠᠷ ᠠᠳᠢᠰᠯᠠᠨ ᠠᠳᠢᠰᠯᠠᠨ ᠰᠢᠪᠰᠢᠭᠰᠡᠭᠡᠷ ᠦᠨᠦᠬᠡᠳᠦᠷ ᠢ ᠨᠡᠳᠡ ᠪᠤᠷᠬᠠᠨ ᠠᠪᠴᠢᠷᠠᠵᠦ ᠦᠭᠳᠡᠭ ᠤᠨᠳᠠᠷᠠᠰᠢ ᠦᠬᠡᠢ ᠬᠦᠰᠡᠯ ᠢᠶᠠᠷ ᠲᠡᠮᠡᠦᠯᠡᠨ ᠲᠡᠮᠡᠦᠯᠡᠨ ᠵᠤᠷᠢᠬᠤ ᠢᠳᠡᠬᠡᠯ ᠢ ᠨᠡᠳᠡ ᠢᠷᠡᠬᠡᠳᠦᠢ ᠠᠪᠴᠢᠷᠠᠵᠦ ᠦᠭᠳᠡᠭ ᠤᠯᠳᠠᠰᠢ ᠦᠬᠡᠢ ᠳᠠᠪᠢᠯᠠᠩ ᠢᠶᠠᠷ ᠳᠠᠬᠢᠨ ᠳᠠᠬᠢᠨ ᠵᠠᠶᠠᠭᠠᠬᠤ ᠬᠤᠪᠢ ᠵᠠᠶᠠᠭ᠎ᠠ ᠶᠢ ᠨᠡᠳᠡ ᠨᠤᠳᠤᠭ ᠮᠢᠨᠢ ᠠᠪᠴᠢᠷᠠᠵᠦ ᠦᠭᠳᠡᠭ᠃ ᠵᠤᠬᠢᠶᠠᠭᠴᠢ ᠶᠢᠨ ᠬᠠᠶ᠋ᠢᠭ᠄ ᠪᠠᠷᠠᠭᠤᠨ ᠦᠵᠤᠮᠦᠴᠢᠨ ᠬᠤᠰᠢᠭᠤᠨ ᠤ ᠤᠯᠠᠭᠠᠨᠬᠠᠭᠠᠯᠭ᠎ᠠ ᠰᠤᠮᠤ
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号