ᠲᠠᠭᠠᠯᠠᠰᠢ ᠦᠬᠡᠢ ᠡᠷᠬᠢᠮᠰᠦᠭ
ᠨᠡᠶᠢᠲᠡᠯᠡᠭᠰᠡᠨ ᠴᠠᠭ᠄
2018/6/11
                                                                               ᠶᠦᠩᠰᠢᠶᠡᠪᠦ ·ᠲᠡᠭᠦᠰᠴᠡᠴᠡᠭ               ᠠᠨᠢᠷ ᠦᠬᠡᠢ ᠰᠦᠨᠢ ᠶᠢᠨ ᠨᠢᠯᠬ᠎ᠠ ᠨᠠᠬᠢᠶ᠎ᠠ ᠶᠢ ᠡᠩᠬᠦᠷᠡᠶᠢᠯᠡᠵᠦ               ᠠᠶᠠᠰ ᠦᠶᠡᠰᠬᠢᠨ ᠪᠤᠷᠤᠭᠠᠨ ᠤ ᠨᠠᠷᠢᠨ ᠲᠤᠰᠤᠯ ᠤᠳ ᠨᠢᠰᠦᠯᠳᠦᠨ᠎ᠡ               ᠤᠶᠠᠷᠠᠮᠠᠷ  ᠵᠦᠬᠡᠯᠡᠨ — ᠠᠩᠬᠠᠨ ᠤ ᠪᠤᠷᠤᠭᠠᠨ ᠰᠡᠳᠬᠢᠯ ᠳᠤ ᠨᠢᠬᠡ ᠯᠠ ᠲᠠᠭᠠᠳᠠᠢ               ᠤᠷᠠᠨ ᠭᠤᠶᠢᠳᠠ  ᠲᠤᠷ᠎ᠠ ᠪᠤᠯᠢᠶᠠᠮ᠎ᠠ               ᠰᠠᠶᠢᠬᠠᠨ ᠴᠢᠨᠤ ᠮᠢᠨᠢ ᠬᠠᠷᠠᠴᠠᠨ ᠳᠤ               ᠰᠠᠯᠬᠢᠨ ᠠᠴᠠ ᠪᠤᠰᠤᠳ ᠨᠢ ᠵᠢᠭᠤᠳᠠᠵᠦ ᠴᠢᠳᠠᠳᠠᠭ ᠦᠬᠡᠢ ᠨᠢ ᠦᠨᠡᠨ ᠶᠤᠮ ᠪᠢᠯᠡ ᠤᠤ               ᠮᠤᠳᠤᠳ ᠬᠦᠯᠦᠬᠡᠯᠡᠵᠦ ᠡᠪᠡᠰᠦ ᠨᠤᠭᠤᠭᠠᠷᠠᠭᠠᠳ               ᠮᠢᠨᠤ ᠯᠠ ᠬᠦᠰᠡᠯ ᠤᠨ ᠠᠶᠠᠯᠠᠭᠤ               ᠶᠠᠭ ᠡᠨᠡ ᠯᠠ ᠭᠱᠠᠨ ᠳᠤ ᠪᠢ ᠵᠢᠷᠦᠬᠡᠨ ᠤ ᠪᠠᠨ ᠲᠤᠭᠳᠤᠯᠤᠯ ᠢ ᠮᠡᠳᠡᠷᠡᠵᠦ               ᠶᠠᠳᠤᠭ᠎ᠠ ᠶᠢᠨ ᠤᠶᠠᠬᠠᠨ ᠴᠢᠪᠬᠠᠳᠠᠰᠤᠨ ᠠᠴᠠ               ᠶᠠᠮᠠᠷᠬᠠᠨ ᠠᠶᠠᠰ ᠬᠦᠪᠦᠷᠡᠬᠦ ᠶᠢ ᠰᠤᠨᠤᠰᠤᠮᠠᠷ ᠪᠠᠶᠢᠨ᠎ᠠ               ᠶᠠᠯᠢᠩ ᠮᠦᠩᠬᠦᠨ ᠰᠠᠷᠠᠨ               ᠢᠷᠭᠤᠢ ᠶᠢᠨ ᠴᠡᠩᠭᠡᠷ ᠲᠡᠯᠪᠡᠭᠡ               ᠶᠠᠮᠠᠷᠬᠠᠨ ᠴᠡᠯᠮᠡᠭ ᠲᠡᠭᠷᠢ               ᠶᠠᠮᠠᠷᠬᠠᠨ ᠴᠡᠴᠡᠭ ᠤᠨ ᠰᠤᠳᠤᠨ ᠦᠨᠦᠷ ᠢ ᠰᠠᠨᠠᠭᠳᠠᠭᠤᠯᠤᠨ᠎ᠠ ᠪᠤᠢ               ᠲᠤᠪ ᠲᠤᠩᠭᠠᠯᠠᠭ ᠠᠭᠠᠷ ᠴᠡᠭᠡᠵᠢ ᠶᠢ ᠮᠢᠨᠢ ᠠᠷᠢᠭᠤᠰᠬᠠᠵᠦᠲᠤᠤᠱᠳᠠᠢ ᠬᠠᠶᠢᠷ᠎ᠠ ᠶᠢᠨ ᠰᠡᠳᠬᠢᠯᠬᠡᠨ ᠳᠤ ᠴᠦ ᠶᠤᠮ  ᠪᠤᠦ  ᠮᠡᠳᠡ᠂ ᠲᠠᠲᠠᠭᠳᠠᠨ᠎ᠠᠲᠤᠷᠠᠯᠠᠯ ᠤᠨ ᠬᠠᠨ ᠬᠦᠪᠡᠭᠦᠨ ᠮᠢᠨᠢ ᠺᠢᠲ᠋ᠠᠷ ᠲᠤᠭᠯᠠᠭ᠎ᠠ ᠴᠦ ᠶᠤᠮ ᠰᠢᠭ᠋ᠲᠤᠯᠬᠢᠶ᠎ᠠ ᠨᠠᠮᠤᠭᠤᠬᠠᠨ ᠮᠦᠷᠡᠨ ᠤᠶᠢᠯᠤᠨ ᠲᠠᠪᠠᠯᠭᠠᠯᠠᠬᠤ ᠰᠢᠭ᠋᠂᠂᠂ᠵᠦᠬᠡᠯᠡᠬᠡᠨ ᠬᠠᠷᠠᠴᠠ ᠪᠠᠷ ᠰᠢᠷᠳᠡᠭᠰᠡᠭᠡᠷᠡᠨᠡ ᠬᠠᠪᠤᠷ ᠨᠠᠮ᠎ᠠ ᠶᠢ ᠤᠭᠳᠤᠬᠤ ᠨᠢ ᠳ᠋ᠧᠵᠢᠷᠦᠬᠡ ᠮᠢᠨᠢ ᠲᠠᠩᠴᠢᠲᠠᠶᠢᠪᠤᠩ ᠪᠠᠶᠢᠵᠦ ᠴᠢᠳᠠᠬᠤ ᠦᠬᠡᠢ ᠨᠢ ᠡᠵᠡᠷᠭᠡᠯᠭᠡᠳᠡᠭᠰᠡᠨ ᠬᠦᠬᠡ ᠠᠭᠤᠯᠠᠰ ᠬᠦᠷᠳᠡᠯ᠎ᠡ ᠴᠤᠤᠷᠢᠶᠠᠳᠤᠨᠵᠦᠩ ᠪᠢᠯᠢᠭ ‍ᠣᠨ‌ᠮᠠᠨᠠᠨ ᠬᠦᠰᠢᠬᠡᠯᠡᠨ᠎ᠡ ᠡᠷᠭᠡᠰ ᠤᠨ ᠴᠡᠩᠬᠡᠷ ᠤᠳᠤᠳ ᠤᠨ ᠲᠤᠶᠠᠭᠠᠨ ᠳᠤ ᠡᠷᠳᠡᠨ ᠤ ᠰᠤᠩᠭᠤᠳᠠᠭ ᠷᠤᠮᠠᠨ ᠰᠢᠭ᠋ ᠡᠭᠡᠯ ᠦᠬᠡᠢ ᠴᠢ ᠯᠠᠲᠠᠭᠠᠯᠠᠰᠢ ᠦᠬᠡᠢ ᠡᠷᠬᠢᠮᠰᠦᠭ ᠡ  ᠦᠨᠡᠨ ᠳᠡᠭᠡᠨ ᠴᠢ ᠠᠷᠢᠭᠤᠰᠤᠯ ᠤᠨ ᠬᠡᠬᠡᠨ‌‍ᠰᠤᠳᠤᠷ ᠶᠤᠮ ᠤᠨᠳᠤᠷᠬᠤ ᠦᠬᠡᠰ ᠤᠨ ᠮᠢᠨᠢ ᠬᠠᠯᠬᠢᠶ᠎ᠠ ᠶᠤᠮ ᠡᠦᠵᠦᠭ ᠮᠢᠨᠢ ᠴᠢᠨᠤ ᠵᠢᠷᠤᠭᠠᠴᠢ ᠶᠤᠮᠦᠪᠡᠷ ᠢᠶᠠᠨ ᠪᠢ ᠨᠢᠯ ᠶᠠᠭᠠᠨ ᠰᠠᠷᠠᠨᠠᠢ                      ᠬᠤᠭᠤᠷ ᠤᠨ ᠡᠭᠡᠰᠢᠭ ᠰᠤᠨᠤᠷ ᠮᠢᠯᠢᠶᠠᠵᠦ                      ᠬᠦᠬᠡᠮᠳᠦᠭ ᠤᠭᠳᠠᠷᠭᠤᠢ ᠲᠡᠭᠡᠪᠦᠷ ᠮᠢᠨᠢ ᠪᠤᠯᠵᠦ                      ᠬᠠᠳᠠᠭ ᠤᠨ ᠰᠠᠬᠢᠭᠤᠰᠤ ᠲᠠᠢ ᠲᠤᠭᠤᠨᠤ ᠪᠠᠷ ᠨᠠᠷᠠᠨ ᠬᠡᠶᠢᠵᠦ                      ᠬᠦᠬᠡ ᠲᠤᠷᠭᠠᠨ ᠲᠡᠷᠯᠢᠭ ᠤᠨ ᠨᠢᠮᠬᠡᠨ ᠬᠡ ᠲᠤᠷᠠᠶᠢᠬᠤ ᠳᠤ                      ᠴᠡᠴᠡᠭᠡᠰ ᠤᠨ ᠮᠡᠯᠮᠡᠢ ᠶᠢ ᠵᠠᠶᠢᠷᠳᠠᠭᠤᠯᠤᠨ                      ᠴᠡᠪᠡᠷᠬᠡᠨ ᠦᠷᠯᠦᠬᠡᠨ ᠤ ᠰᠢᠬᠦᠳᠡᠷᠢ ᠲᠠᠭᠤᠴᠢᠵᠦ                      ᠲᠤᠪᠯᠠᠭ᠎ᠠ ᠦᠬᠡᠢ ᠪᠤᠯᠵᠤᠭᠠᠨ ᠳᠤ ᠬᠡᠵᠢᠬᠡ ᠪᠠᠨ ᠭᠤᠶᠤᠭᠠᠳ                      ᠲᠡᠪᠡᠯ ᠮᠠᠯᠠᠭᠠᠢ ᠳᠤ ᠴᠢᠨᠢ  ᠭᠤᠨᠢᠭ ᠤᠨ ᠬᠢᠷᠠᠭᠤ ᠤᠨᠠᠭᠠᠯ ᠦᠬᠡᠢ                      ᠡᠷᠬᠡ ᠦᠬᠡᠢ ᠵᠠᠳᠠᠯᠤᠭᠰᠠᠨ ᠬᠠᠶᠢᠷ᠎ᠠ ᠪᠠᠨ‌ᠡᠩᠭᠡᠷ ᠲᠤ ᠴᠢᠨᠢ ᠲᠤᠪᠴᠢᠯᠠᠭᠠᠳ                      ᠠᠳᠡᠭᠦᠷᠡᠵᠦ ᠲᠠᠨᠢᠭ᠎ᠠ ᠦᠬᠡᠢ ᠴᠢᠮ᠎ᠠ ᠳᠠᠭᠠᠨ ᠯᠠ ᠪᠢ ᠤᠴᠢᠨ᠎ᠠ  ᠡ︕ ᠵᠤᠬᠢᠶᠠᠭᠴᠢ ᠶᠢᠨ ᠬᠠᠶ᠋ᠢᠭ᠄ ᠪᠠᠷᠠᠭᠤᠨ ᠦᠵᠦᠮᠦᠴᠢᠨ ᠬᠤᠰᠢᠭᠤᠨ ᠤ ᠲᠧᠯᠸᠢᠰ ᠬᠤᠷᠢᠶ᠎ᠠ                            
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号