ᠡ᠊ · ᠤᠷᠬᠢᠯ | | | | ᠡᠴᠢᠨ᠎ᠠ ᠬᠤᠯᠠ ᠠᠴᠠ ᠤᠷᠤᠰᠤᠨ ᠢᠷᠠᠨ᠎ᠠ᠃ ᠡᠷᠲᠡᠨ ᠤ ᠪᠠᠭᠠᠳᠤᠷᠴᠤᠳ ᠤᠨ ᠵᠢᠷᠤᠭᠡᠨ ᠲᠤᠮᠳᠠᠭᠤᠷ | ᠤᠷᠤᠰᠤᠨ ᠢᠷᠡᠭᠰᠡᠨ ᠶᠤᠮ ᠁ ᠦᠨᠤᠳᠤᠷ ᠪᠠᠰᠠ ᠯᠠ ᠡᠴᠢᠨ᠎ᠠ ᠬᠤᠯᠠ ᠠᠴᠠ ᠢᠷᠡᠭᠡᠳ ᠪᠢᠳᠡᠨ ᠤ ᠴᠢᠰᠤᠨ | ᠰᠤᠳᠠᠯ ᠢᠶᠠᠷ ᠣᠷᠣᠰᠣᠨ ᠦᠩᠬᠡᠷᠡᠬᠦ ᠡᠬᠡ ᠮᠤᠩᠭᠤᠯ ᠨᠤᠲᠤᠭ ᠤᠨ ᠮᠢᠨᠢ ᠡᠭᠡᠯ ᠨᠢᠭᠡᠨ ᠭᠤᠣᠯ ᠪᠢᠯᠡ᠃ ᠲᠡᠭᠷᠢ | ᠭᠠᠵᠠᠷ ᠤᠨ ᠲᠤᠮᠳᠠᠭᠤᠷ ᠲᠠᠪᠬᠢᠨ ᠦᠩᠭᠡᠷᠡᠬᠦ ᠣᠨ ᠵᠢᠯ ᠢ ᠤᠰᠤᠨ ᠲᠡᠭᠡᠷ᠎ᠡ ᠪᠠᠨ ᠪᠢᠴᠢᠭᠰᠡᠭᠡᠷ ᠯᠡ ᠤᠷᠤᠰᠤᠨ᠎ᠡ᠃ | ᠰᠢᠷᠭᠠᠯᠬᠠᠨ ᠬᠤᠷᠸ᠎ᠠ ᠶᠢᠨ ᠠᠮᠢᠳᠠᠨ ᠵᠢᠷᠭᠤᠭᠠᠨ ᠵᠦᠢᠯ ᠢ ᠤᠮᠳᠠᠯᠠᠵᠦ ᠤᠷᠤᠰᠤᠭᠰᠠᠨ ᠡᠭᠡᠯ ᠤᠨ ᠡᠭᠡᠯᠭᠡᠨ ᠱᠠᠩᠳᠦ | ᠶᠢᠨ ᠭᠤᠤᠯ ᠬᠤᠷᠸ᠎ᠠ ᠶᠢᠨ ᠳᠡᠤᠬᠡ ᠶᠢ ᠴᠠᠭ ᠢᠮᠠᠭᠳᠠ ᠪᠢᠴᠢᠭᠯᠡᠭᠰᠡᠭᠡᠷ ᠯᠡ ᠤᠷᠤᠰᠤᠨ᠎ᠡ᠃ ᠦᠪᠤᠷ ᠮᠤᠩᠭᠤᠯ | ᠤᠷᠤᠨ ᠤ ᠮᠠᠨᠢ ᠭᠠᠳᠠᠭᠠᠳᠤ ᠤᠷᠤᠰᠬᠠᠯᠳᠤ ᠵᠢᠷᠭᠤᠭᠠᠨ ᠶᠡᠭᠡ ᠭᠤᠣᠯ ᠲᠠᠯᠠᠢ ᠳᠤ ᠴᠢᠳᠬᠤᠳᠠᠭ᠃ ᠦᠪᠤᠷ | ᠮᠤᠩᠭᠤᠯ ᠤᠨ ᠵᠡᠭᠦᠨ ᠭᠡᠰᠡᠭ ᠠᠴᠠ ᠡᠷᠭᠦᠨ᠎ᠡ ᠭᠤᠣᠯ᠂ ᠨᠤᠨ ᠮᠦᠷᠡᠨ᠂ ᠯᠢᠶᠤᠤᠾᠧ ᠭᠤᠣᠯ᠂ ᠯᠤᠸᠠᠨ ᠾᠧ ᠭᠤᠣᠯ | ᠂ ᠶᠦᠨ ᠳ᠋ᠢᠩ ᠾᠧ ᠭᠤᠣᠯ᠂ ᠬᠠᠳᠤᠨ ᠭᠤᠣᠯ ᠵᠡᠷᠭᠡ ᠶᠢ ᠵᠢᠷᠭᠤᠭᠠᠨ ᠭᠠᠳᠠᠭᠠᠳᠤ ᠤᠷᠤᠰᠬᠠᠯᠳᠤ ᠤᠰᠤᠨ ᠤ | ᠰᠢᠰᠲ᠋ᠧᠮ ᠭᠡᠵᠤ ᠦᠵᠡᠳᠡᠭ᠃ ᠡᠳᠡᠭᠡᠷ ᠭᠤᠣᠯ ᠤᠳ ᠤᠬᠤᠼᠺ ᠲᠠᠩᠬᠢᠰ᠂ ᠪᠦᠸᠧᠬᠠᠢ ᠲᠠᠩᠬᠢᠰ ᠳᠤ ᠴᠢᠳᠬᠤᠳᠠᠭ | ᠠᠵᠢ᠃ ᠱᠠᠩᠳᠦ ᠶᠢᠨ ᠭᠤᠤᠯ ᠮᠠᠨᠢ ᠯᠤᠸᠠᠨ ᠾᠧ ᠭᠤᠤᠯ ᠮᠦᠨ ᠪᠠᠶᠢᠭᠰᠠᠨ ᠢᠶᠠᠷ ᠢᠶᠠᠨ ᠵᠢᠷᠭᠤᠭᠠᠨ ᠭᠠᠳᠠᠭᠠᠳᠤ | ᠤᠷᠤᠰᠬᠠᠯᠳᠦ ᠤᠰᠤᠨ ᠤ ᠰᠢᠰᠲ᠋ᠧᠮ ᠳᠤ ᠶᠠᠷᠢᠶᠠᠨ ᠦᠭᠡᠢ ᠪᠠᠭᠳᠠᠬᠤ ᠠᠵᠢ᠃ | ᠬᠦᠷᠦᠰᠦᠳᠦ ᠠᠯᠳᠠᠨ ᠳᠡᠯᠡᠭᠡᠢ ᠶᠢᠨ ᠢᠶᠠᠨ ᠴᠢᠰᠤᠨ ᠰᠤᠳᠠᠰᠤ ᠪᠤᠯᠵᠦ᠂ ᠬᠦᠮᠦᠨ ᠵᠤᠨ ᠤ ᠪᠠᠨ ᠰᠦᠨ | ᠳᠡᠵᠢᠭᠡᠯ ᠪᠤᠯᠤᠭᠰᠠᠨ ᠱᠠᠩᠳᠦ ᠶᠢᠨ ᠭᠤᠤᠯ ᠮᠢᠨᠢ ᠰᠤᠳᠤᠷ ᠤᠨ ᠠᠯᠳᠠᠨ ᠬᠠᠭᠤᠳᠠᠰᠤᠨ ᠳᠤ ᠳᠡᠮᠳᠡᠭᠯᠡᠯ ᠲᠠᠢ᠃ ︽ | ᠬᠠᠨ ᠤᠯᠤᠰ ᠤᠨ ᠰᠤᠳᠤᠷ︾ ᠲᠤ ᠱᠠᠩᠳᠤ ᠶᠢᠨ ᠭᠤᠣᠯ ᠤᠨ ᠡᠷᠲᠡᠨ ᠤ ᠨᠡᠷ᠎ᠡ ᠨᠢ ᠬᠢᠳᠡᠳ ᠢᠶᠠᠷ渜水 ᠪᠤᠶᠤ濡 | (nuán)水 ᠭᠡᠮᠡᠨ ᠲᠡᠮᠳᠡᠭᠯᠡᠵᠦ ᠪᠠᠶᠢᠨ᠎ᠠ᠃ ᠲᠤᠯᠠᠭᠠᠨ ᠣᠰᠣ᠂ ᠬᠠᠯᠠᠭᠤᠨ ᠭᠤᠣᠯ ᠭᠡᠰᠡᠨ ᠤᠳᠬ᠎ᠠ ᠲᠠᠢ | ᠠᠵᠢ᠃ ᠡᠬᠢ ᠠᠪᠴᠤ ᠪᠠᠶᠢᠭ᠎ᠠ ᠤᠨᠳᠤᠷᠤᠭ᠎ᠠ ᠭᠠᠵᠠᠷ ᠨᠢ ᠮᠠᠰᠢ ᠤᠯᠠᠨ ᠬᠠᠯᠠᠭᠤᠨ ᠷᠠᠰᠢᠶᠠᠨ ᠪᠤᠯᠠᠭ ᠲᠠᠢ ᠪᠠᠶᠢᠳᠠᠭ ᠃ | ᠷᠠᠰᠢᠶᠠᠨ ᠪᠤᠯᠠᠭ ᠤᠨ ᠡᠬᠢ ᠤᠨᠳᠤᠷᠤᠭ᠎ᠠ ᠲᠠᠢ᠂ ᠠᠮᠢᠨ ᠳᠡᠮ ᠤᠨ ᠳᠠᠩᠰᠤᠭ ᠰᠢᠮ᠎ᠡ ᠲᠠᠢ ᠱᠠᠩᠳᠦ ᠶᠢᠨ ᠭᠤᠤᠯ ᠢ | ᠮᠠᠨᠢ ᠳᠠᠩ ᠤᠯᠤᠰ ᠤᠨ ᠡᠬᠢᠨ ᠤ ᠦᠶᠠᠰ ᠯᠤᠸᠠᠨ ᠾᠧ ᠭᠤᠣᠯ ᠭᠡᠵᠤ ᠨᠡᠷᠡᠯᠡᠨ᠂ ᠡᠨᠡ ᠨᠢ ᠤᠯᠠᠨ ᠭᠤᠣᠯ ᠭᠡᠰᠡᠨ | ᠤᠳᠬ᠎ᠠ ᠲᠠᠢ ᠠᠵᠢ᠃ ᠡᠨᠡ ᠨᠢ ᠶᠡᠭᠡ ᠵᠦᠪ ᠤᠨᠤᠪᠴᠢᠳᠠᠢ ᠨᠡᠷᠡᠯᠡᠭᠰᠡᠨ ᠡᠷᠲᠡ ᠶᠢᠨ ᠨᠡᠷ᠎ᠡ ᠪᠤᠯᠬᠤ ᠶᠤᠮ᠃ | ᠡᠷᠲᠡᠨ ᠤ ᠭᠦᠮᠤᠰ ᠱᠠᠩᠳᠤ ᠶᠢᠨ ᠭᠤᠣᠯ ᠤᠨ ᠪᠦᠬᠦ ᠤᠷᠤᠰᠬᠠᠯ ᠢ ᠯᠤᠸᠠᠨ ᠾᠧ ᠭᠤᠣᠯ ᠭᠡᠵᠤ ᠲᠠᠭᠤᠳᠠᠳᠠᠭ | ᠪᠠᠶᠢᠵᠠᠢ᠃ ᠶᠤᠸᠠᠨ ᠤᠯᠤᠰ ᠤᠨ ᠦᠶᠠᠰ ᠢᠦᠢ ᠾᠧ ᠭᠤᠤᠯ ︵御河︶ ᠪᠤᠯᠵᠤ᠂ ᠡᠨᠡ ᠨᠢ ᠬᠠᠭᠠᠨ ᠭᠤᠣᠯ | ᠪᠤᠶᠤ ᠬᠠᠰᠢᠯᠭ᠎ᠠ ᠭᠤᠣᠯ᠂ ᠲᠡᠭᠡᠳᠤ ᠨᠡᠶᠢᠰᠯᠠᠯ ᠤᠨ ᠭᠤᠣᠯ ᠭᠡᠳᠡᠭ ᠤᠳᠬ᠎ᠠ ᠲᠠᠢ᠃ ᠰᠡᠭᠦᠯ ᠤᠨ ᠦᠶ᠎ᠠ ᠶᠢᠨ | ᠭᠦᠮᠤᠰ上都河 ᠭᠡᠳᠡᠭ ᠬᠢᠳᠡᠳ ᠦᠭᠡ ᠶᠢ ᠰᠢᠭᠤᠳ ᠱᠠᠩᠳᠤ ᠶᠢᠨ ᠭᠤᠣᠯ ᠪᠤᠯᠭᠠᠨ ᠲᠠᠭᠤᠳᠠᠭᠰᠠᠨ ᠨᠢ | ᠲᠤᠳᠤᠷᠬᠠᠢ ᠪᠠᠶᠢᠨ᠎ᠠ᠃ ᠮᠠᠨᠠᠶᠢᠬᠢᠨ ᠤ ᠱᠠᠩᠳᠤ ᠶᠢᠨ ᠭᠤᠣᠯ ᠶᠢ ᠱᠠᠩᠳᠠ ᠶᠢᠨ ᠭᠤᠣᠯ ᠭᠡᠳᠡᠭ ᠨᠡᠷ᠎ᠡ ᠲᠠᠢ ᠪᠠᠶᠢᠵᠤ | ᠮᠠᠭᠠᠳ ᠬᠡᠮᠡᠨ ᠲᠠᠭᠠᠮᠠᠭᠯᠠᠳᠠᠭ᠃ ᠡᠨᠡ ᠲᠠᠭᠠᠮᠠᠭ ᠤᠨᠤᠪᠴᠢ ᠦᠭᠡᠢ ᠶᠤᠮ᠃ ᠱᠠᠩᠳᠤ ᠭᠡᠳᠡᠭ ᠦᠭᠡ ᠨᠢ ᠮᠤᠩᠭᠤᠯ | ᠦᠭᠡ ᠪᠢᠰᠢ᠃上都 ᠬᠡᠰᠡᠨ ᠬᠢᠳᠡᠳ ᠦᠭᠡ ᠶᠢᠨ ᠮᠢᠬᠠᠴᠢᠯᠠᠭᠰᠠᠨ ᠮᠤᠩᠭᠤᠯ ᠦᠭᠡ᠃ ᠱᠠᠩᠳᠦ ᠶᠢᠨ ᠭᠤᠤᠯ | ᠡᠯᠡᠰᠦ ᠮᠠᠩᠬᠠᠨ ᠤ ᠡᠭᠡ ᠨᠤᠲᠤᠭ ᠤᠨ ᠮᠢᠨᠢ ᠠᠮᠢᠨ ᠰᠤᠳᠠᠰᠤ ᠪᠤᠯᠵᠦ ᠦᠶ᠎ᠡ ᠶᠢᠨ ᠦᠶ᠎ᠡ ︽ᠦᠭᠡ ᠳᠠᠭᠤ ᠦᠭᠡᠢ︾ | ᠤᠷᠤᠰᠤᠭᠰᠠᠭᠠᠷ ᠁ ᠦᠯᠢᠭᠡᠷ ᠬᠦᠤᠷᠨᠢᠨ ᠤᠷᠤᠰᠤᠭᠰᠠᠭᠠᠷ ᠁ | ᠲᠤᠬᠠᠢ ᠶᠢᠨ ᠴᠠᠭ ᠦᠶ᠎ᠠ ᠠᠴᠠ ᠪᠠᠨ ᠪᠤᠯᠤᠭᠠᠳ ᠭᠠᠵᠠᠷ ᠤᠨ ᠨᠡᠷ᠎ᠡ ᠶᠢᠨ ᠬᠤᠪᠢᠷᠠᠯᠳᠠ ᠠᠴᠠ | ᠰᠢᠯᠳᠠᠭᠠᠯᠠᠵᠤ ᠯᠤᠸᠠᠨ ᠾᠧ ᠭᠤᠣᠯ ᠤᠨ ᠡᠯ᠎ᠡ ᠭᠡᠰᠡᠭ ᠢ ᠶᠠᠩᠵᠤ ᠶᠠᠩᠵᠤ ᠪᠠᠷ ᠨᠡᠷᠡᠯᠡᠵᠤ ᠪᠠᠶᠢᠵᠠᠢ᠃ ᠾᠧᠪᠸᠢ | ᠮᠤᠵᠢ ᠶᠢᠨ ᠹᠧᠩᠨᠢᠩ ᠤᠨ ᠮᠠᠨᠵᠤ᠂ ᠮᠤᠩᠭᠤᠯ ᠦᠨᠳᠤᠰᠤᠳᠠᠨ ᠤ ᠦᠪᠡᠷᠳᠡᠭᠡᠨ ᠵᠠᠰᠠᠬᠤ ᠰᠢᠶᠠᠨ ᠤ ᠢᠮᠠᠭᠠᠳᠤ | ᠠᠭᠤᠯᠠ᠂ ᠬᠠᠯᠢᠭᠤᠨ ᠠᠭᠤᠯᠠ ᠶᠢᠨ ᠠᠷᠤ ᠬᠤᠷᠮᠤᠢ ᠠᠴᠠ ᠡᠭᠢ ᠠᠪᠴᠤ ᠡᠮᠤᠨ᠎ᠡ ᠠᠴᠠ ᠬᠤᠶᠢᠰᠢ ᠤᠷᠤᠰᠴᠤ᠂ | ᠭᠦᠶᠤᠸᠠᠨ ᠰᠢᠶᠠᠨ ᠤ ᠭᠡᠰᠡᠭ ᠢ闪电河 ᠭᠡᠵᠤ᠂ ᠰᠢᠯᠤᠭᠤᠨ ᠬᠥᠬᠡ ᠬᠤᠰᠢᠭᠤ ᠪᠠᠷ ᠦᠩᠭᠡᠷᠡᠬᠦ ᠭᠡᠰᠡᠭ ᠢ | ᠱᠠᠩᠳᠤ ᠶᠢᠨ ᠭᠤᠣᠯ ᠭᠡᠵᠤ᠂ ᠵᠡᠭᠦᠨᠰᠢ ᠡᠷᠬᠢᠵᠤ᠂ ᠲᠤᠯᠤᠭᠠᠨ ᠨᠠᠭᠤᠷ ᠰᠢᠶᠠᠨ ᠤ ᠬᠡᠰᠡᠭ ᠢ ᠯᠤᠸᠠᠨ ᠾᠧ ᠭᠤᠣᠯ | ᠭᠡᠵᠤ᠂ ᠴᠠᠭᠠᠰᠢ ᠨᠢ ᠲᠠᠯᠠᠢ ᠳᠤ ᠴᠢᠳᠬᠤᠳᠠᠯᠠ ᠡᠶᠢᠮᠤ ᠨᠡᠷ᠎ᠡ ᠲᠠᠢ᠃ ᠡᠬᠢ ᠠᠪᠤᠭᠰᠠᠨ ᠠᠴᠠ ᠪᠠᠨ ᠠᠪᠤᠭᠠᠳ | ᠲᠤᠯᠤᠭᠠᠨ ᠨᠠᠭᠤᠷ ᠤᠨ ᠨᠤᠲᠤᠭ ᠦᠩᠬᠡᠷᠡᠨ ᠲᠠᠬᠢᠨ ᠾᠧᠪᠸᠢ ᠮᠤᠵᠢ ᠤᠨ ᠨᠤᠲᠤᠭ ᠬᠦᠷᠳᠡᠯᠡᠬᠢ ᠬᠡᠰᠡᠭ ᠨᠢ ᠮᠤᠷᠢᠨ | ᠲᠤᠭᠤᠷᠠᠢ ᠶᠢᠨ ᠬᠡᠯᠪᠡᠷᠢ ᠲᠠᠢ ᠨᠠᠷᠠ ᠵᠦᠪ ᠡᠷᠬᠢᠨ ᠤᠷᠤᠰᠳᠠᠭ ᠃ ᠨᠠᠷᠠ ᠵᠦᠪ ᠡᠷᠬᠢᠨ᠎ᠡ ᠭᠡᠳᠡᠭ ᠠᠯᠢᠪᠠ ᠵᠦᠢᠯ ᠵᠦᠪ | ᠪᠠᠶᠢᠬᠤ ᠶᠢᠨ᠂ ᠡᠶᠡᠷᠬᠦ ᠦᠨᠡᠨ ᠪᠠᠶᠢᠬᠤ ᠶᠢᠨ᠂ ᠡᠷᠴᠢᠰ ᠡᠨᠧᠷᠬᠢ ᠪᠠᠷ ᠳᠦᠬᠦᠷᠡᠩ ᠪᠠᠶᠢᠬᠤ ᠶᠢᠨ ᠪᠡᠯᠭᠡᠳᠡᠯ ᠪᠤᠯᠳᠠᠭ | ᠃ ᠭᠤᠤᠯ ᠮᠦᠷᠡᠨ ᠳᠠᠪᠬᠢᠵᠦ ᠪᠠᠶᠢᠭ᠎ᠠ ᠠᠵᠢᠨᠠᠢ ᠬᠦᠯᠦᠭ ᠰᠢᠭ ᠪᠠᠶᠢᠳᠠᠭ ᠶᠤᠮ᠃ ᠯᠤᠸᠠᠨ ᠾᠧ ᠭᠤᠤᠯ ᠾᠧᠪᠸᠢ | ᠮᠤᠵᠢ᠂ ᠥᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ᠂ ᠯᠢᠶᠣᠤᠨᠢᠩ ᠮᠤᠵᠢ ᠪᠠᠷ ᠲᠡᠮᠵᠢᠵᠤ ᠪᠦᠬᠦ ᠤᠷᠳᠤ | ᠨᠢ 880kmᠪᠠᠶᠢᠵᠤ᠂ 44945 ᠠᠮᠠ ᠲᠦᠷᠪᠡᠯᠵᠢᠨ ᠭᠠᠵᠠᠷ ᠨᠤᠲᠤᠭ ᠢ ᠡᠵᠡᠯᠡᠬᠦ ᠰᠠᠪᠠ ᠭᠠᠵᠠᠷ ᠤᠨ ᠲᠠᠯᠠᠪᠠᠢ | ᠲᠠᠢ ᠪᠠᠶᠢᠵᠦ᠂ ᠦᠪᠤᠷ ᠮᠤᠩᠭᠤᠯ ᠤᠨ ᠨᠤᠲᠤᠭ ᠲᠠᠬᠢ ᠤᠷᠤᠰᠬᠠᠯ ᠨᠢ 254km᠂ ᠰᠠᠪᠠ ᠭᠠᠵᠠᠷ ᠤᠨ ᠲᠠᠯᠠᠪᠠᠢ | ᠨᠢ 0.69 ᠲᠦᠮᠠᠨ ᠠᠮᠠ ᠲᠦᠷᠪᠡᠯᠵᠢᠨ ᠺᠢᠯᠤᠮᠧᠲᠷ ᠪᠠᠶᠢᠳᠠᠭ ᠠᠵᠢ᠃ ᠯᠤᠸᠠᠨ ᠾᠧ ᠭᠤᠣᠯ ᠨᠢ ᠾᠧᠪᠸᠢ | ᠮᠤᠵᠢ ᠶᠢᠨ ᠬᠤᠶᠠᠳᠠᠬᠢ ᠶᠡᠭᠡ ᠭᠤᠣᠯ ᠪᠠᠶᠢᠵᠤ᠂ ᠤᠲᠤ ᠪᠡᠭᠡᠵᠢᠩ᠂ ᠲᠢᠶᠠᠨᠵᠢᠨ ᠤ ᠭᠤᠣᠯ ᠴᠢᠬᠤᠯᠡ ᠴᠡᠪᠡᠷ | ᠤᠰᠤᠨ ᠤ ᠡᠬᠢ ᠰᠤᠷᠪᠤᠯᠵᠢ ᠪᠣᠯᠣᠭᠠᠳ ᠪᠠᠶᠢᠨ᠎ᠠ ᠃ ᠳᠦᠭ ᠳᠦᠮᠡᠨ ᠬᠦᠮᠦᠨ ᠠᠮᠢᠳᠠᠨ ᠢ ᠤᠮᠳᠠᠯᠠᠵᠦ ᠪᠠᠶᠢᠨ᠎ᠠ | ᠭᠡᠳᠡᠭ ᠡᠨᠡ ᠭᠤᠤᠯ ᠤᠨ ᠯᠡ ᠪᠤᠶᠠᠨ᠃ ᠢᠪᠡᠭᠡᠯ ᠳᠤᠨᠢ ᠪᠠᠭᠳᠠᠬᠤ ᠶᠢᠨ ᠴᠢᠨᠡᠭᠡ ᠭᠤᠤᠯ ᠤᠰᠤ ᠪᠠᠨ ᠬᠠᠶᠢᠷᠠᠯᠠᠨ | ᠰᠠᠨᠠᠬᠤ ᠰᠡᠳᠬᠢᠯ ᠬᠦᠮᠦᠨ ᠳᠤ ᠬᠡᠷᠡᠭᠳᠠᠢ ᠪᠠᠶᠢᠳᠠᠭ᠂ ᠤᠰᠤ ᠦᠭᠡᠢ ᠪᠤᠯ ᠠᠮᠢᠳᠠᠨ ᠵᠢᠷᠭᠤᠭᠠᠨ ᠵᠦᠢᠯ ᠤᠨ ᠠᠯᠢ ᠨᠢ | ᠴᠦ ᠤᠷᠤᠰᠢᠨ ᠳᠤᠭᠳᠠᠨᠢᠬᠤ ᠶᠢᠨ ᠪᠤᠯᠤᠮᠵᠢ ᠦᠭᠡᠢ᠃ ᠤᠰᠤᠨ ᠤ ᠨᠠᠨᠳᠢᠨ ᠴᠢᠨᠠᠷ ᠢ ᠮᠡᠳᠡᠷᠡᠬᠦ ᠶᠠᠭ ᠦᠨᠡᠨ ᠳᠡᠭᠡᠨ | ᠠᠮᠢᠳᠤ ᠶᠠᠪᠤᠬᠤ ᠬᠤᠪᠢ ᠵᠠᠶᠠᠭ᠎ᠠ ᠪᠠᠨ ᠮᠡᠳᠡᠷᠡᠬᠦ ᠰᠢᠭ ᠨᠠᠨᠳᠢᠨ᠃ | ᠯᠤᠸᠠᠨ ᠾᠧ ᠭᠤᠣᠯ ᠤᠨ ᠡᠬᠢ ᠤᠨᠳᠤᠷᠤᠭ᠎ᠠ ᠶᠢᠨ ᠲᠤᠬᠠᠢ ᠤᠯᠠᠨ ᠲᠡᠮᠳᠡᠭᠯᠡᠯ ᠪᠠᠶᠢᠳᠠᠭ᠃ | ᠲᠡᠭᠡᠳᠤ ᠤᠷᠤᠰᠬᠠᠯ ᠳᠤ大古道沟水 ᠭᠡᠳᠡᠭ ᠭᠠᠵᠠᠷ ᠪᠤᠢ᠂ ᠡᠨᠡ ᠨᠢ ᠶᠡᠭᠡ ᠡᠷᠲᠡᠨ ᠠᠴᠠ ᠨᠡᠷᠡᠯᠡᠵᠤ | ᠢᠷᠡᠭᠰᠡᠨ ᠵᠠᠮ ᠶᠢᠨ ᠤᠰᠤ ᠪᠤᠶᠤ ᠵᠢᠯᠠᠭᠠᠳᠤ ᠶᠢᠨ ᠤᠰᠤ ᠭᠡᠳᠡᠭ ᠪᠤᠯᠠᠭ ᠤᠰᠤᠨ ᠤ ᠤᠨᠳᠤᠷᠤᠭ᠎ᠠ ᠶᠢᠨ ᠭᠠᠵᠠᠷ ᠶᠤᠮ | ᠃ ᠯᠤᠸᠠᠨ ᠾᠧ ᠭᠤᠣᠯ ᠤᠨ ᠲᠡᠭᠡᠳᠤ ᠡᠬᠢ ᠤᠨᠳᠤᠷᠤᠭ᠎ᠠ ᠶᠢᠨ ᠭᠠᠵᠠᠷ ᠲᠤ ᠵᠢᠯᠠᠭ᠎ᠠ ᠭᠡᠳᠡᠭ ᠨᠡᠷ᠎ᠡ ᠲᠠᠢ ᠭᠠᠵᠠᠷ | ᠤᠯᠠᠨ ᠪᠠᠶᠢᠨ᠎ᠠ᠃ ᠬᠤᠶᠠᠷ ᠵᠢᠯᠠᠭᠠᠳᠤ᠂ ᠭᠤᠷᠪᠡᠨ ᠵᠢᠯᠠᠭᠠᠳᠤ᠂ ᠲᠦᠷᠪᠡᠨ ᠵᠢᠯᠠᠭᠠᠳᠤ ᠬᠡᠬᠦ ᠨᠡᠷ᠎ᠡ ᠲᠠᠢ ᠭᠠᠵᠠᠷ | ᠲᠤᠰᠬᠤᠨ ᠤᠯᠠᠨ ᠪᠠᠶᠢᠨ᠎ᠠ᠃ ᠪᠢᠳᠡ ᠬᠠᠷ᠎ᠠ ᠶᠠᠷᠢᠶᠠᠨ ᠳᠤ ᠭᠤᠤ ᠵᠢᠯᠠᠭ᠎ᠠ ᠭᠡᠵᠤ ᠶᠠᠷᠢᠳᠠᠭ᠃ 大古道沟水 | ᠭᠡᠳᠡᠭ ᠲᠠᠢ ᠶᠠᠭ ᠨᠢᠭᠡᠳᠤᠵᠤ ᠪᠠᠶᠢᠭ᠎ᠠ ᠪᠢᠵᠡ᠃ ᠲᠤᠤᠷᠠᠳᠤ ᠡᠬᠢ ᠤᠨᠳᠤᠷᠤᠭ᠎ᠠ ᠶᠢᠨ ᠭᠠᠵᠠᠷ ᠨᠢ ᠢᠮᠠᠭᠠᠳᠤ | ᠠᠭᠤᠯᠠᠨ ᠳᠤ ᠪᠠᠶᠢᠳᠠᠭ᠃ ᠱᠠᠩᠳᠤ ᠶᠢᠨ ᠭᠤᠣᠯ ᠤᠨ ᠡᠬᠢ ᠠᠪᠤᠭᠰᠠᠨ ᠭᠠᠵᠠᠷ ᠨᠢ ᠶᠡᠭᠡ ᠠᠳᠤᠭᠤᠳᠤ ᠶᠢᠨ ᠨᠢᠷᠤᠭᠤ | ᠬᠡᠮᠡᠬᠦ ᠬᠦᠨᠳᠡᠯᠡᠨ ᠠᠭᠤᠯᠠ ᠶᠢᠨ ᠠᠷᠤ ᠬᠤᠷᠮᠤᠢ ᠶᠢᠨ ᠠᠭᠤᠯᠠᠰ ᠤᠨ ᠲᠤᠤᠷ᠎ᠠ ᠠᠴᠠ ᠤᠨᠳᠤᠷᠴᠤ ᠪᠠᠶᠢᠨ᠎ᠠ᠃ ᠡᠳᠡᠭᠡᠷ | ᠠᠭᠤᠯᠠᠰ ᠤᠨ ᠡᠩᠭᠡᠷ ᠠᠴᠠ ᠡᠬᠢ ᠠᠪᠴᠤ ᠡᠮᠤᠨᠡᠰᠢ ᠤᠷᠤᠰᠴᠤ ᠪᠠᠶᠢᠭ᠎ᠠ ᠲᠦᠷᠪᠡᠨ ᠭᠤᠣᠯ ᠪᠤᠢ᠃ ᠡᠨᠡ ᠨᠢ ᠴᠤ | ᠮᠤᠩᠭᠤᠯ ᠨᠡᠷ᠎ᠡ ᠠᠴᠠ ᠤᠯᠠᠷᠢᠵᠤ ᠢᠷᠡᠭᠰᠡᠨ ᠭᠡᠳᠡᠭ ᠨᠢ ᠲᠤᠳᠤᠷᠬᠠᠢ ᠪᠠᠶᠢᠨ᠎ᠠ᠃ ᠵᠢᠯᠠᠭᠠᠳᠤ ᠳᠤ ᠠᠯᠳᠠᠨᠴᠡᠴᠡᠭ ︵ | ᠠᠯᠳᠠᠩᠬᠤᠸ᠎ᠠ︶ ᠴᠡᠴᠡᠭ ᠠᠯᠳᠠᠷᠠᠩᠬᠠᠨ ᠤᠷᠭᠤᠨ᠎ᠡ᠃ ᠠᠯᠳᠠᠩᠬᠤᠸ᠎ᠠ ᠭᠡᠳᠡᠭ ᠪᠣᠯ ᠠᠯᠳᠠᠩᠯᠢᠩᠬᠤᠸᠡ ᠭᠡᠳᠡᠭ | ᠦᠭᠡᠨ ᠤ ᠬᠠᠯᠠᠭᠤ ᠪᠢᠴᠢᠯᠭᠡ ᠶᠤᠮ᠃ ᠠᠯᠳᠠᠨᠴᠡᠴᠡᠭ ᠢ ᠲᠥᠪᠡᠳ ᠢᠶᠠᠷ ᠰᠡᠷᠵᠢᠮᠢᠳᠠᠭ ᠭᠡᠳᠡᠭ᠃ ᠠᠯᠳᠠᠩᠬᠤᠸ᠎ᠠ | ᠴᠡᠴᠡᠭ ᠱᠠᠩᠳᠦ ᠭᠤᠣᠯ ᠢ ᠭᠦᠪᠡᠭᠡᠳᠡᠨ ᠤᠷᠭᠤᠳᠠᠭ᠃ ᠡᠬᠡ ᠭᠠᠵᠠᠷ ᠢ ᠡᠮᠵᠢᠵᠤ ᠠᠯᠳᠠᠳᠠᠨ ᠤᠷᠭᠤᠳᠠᠭ᠃ | ᠵᠣᠨ ᠳᠠᠭᠠᠨ ᠠᠯᠳᠠᠩᠬᠤᠸ᠎ᠠ ᠴᠡᠴᠡᠭᠲᠦ ᠲᠡᠷᠯᠢᠭ ᠢᠶᠠᠷ ᠢᠶᠠᠨ ᠭᠤᠶᠤᠳᠠᠭ ᠪᠤᠯᠬᠤᠷ ᠱᠠᠩᠳᠦ ᠶᠢᠨ ᠭᠤᠤᠯ ᠵᠠᠯᠠᠭᠤᠬᠠᠨ | ᠭᠤᠣᠯ ᠶᠤᠮ ᠡ᠃ | ᠬᠤᠶᠢᠳᠤ ᠸᠧᠢ ᠤᠯᠤᠰ ᠤᠨ ︽ᠤᠰᠤᠨ ᠤ ᠲᠤᠬᠠᠢ ᠰᠤᠲᠤᠷ ᠲᠡᠮᠳᠡᠭᠯᠡᠯ︾ ᠳᠤ ︽ᠯᠤᠸᠠᠨ | ᠾᠧ ᠭᠤᠣᠯ ᠨᠢ御夷镇 ᠤᠨ ᠵᠡᠭᠦᠨ ᠡᠮᠤᠨ᠎ᠡ ᠠᠴᠠ ᠤᠨᠳᠤᠷᠴᠤ᠂ ᠬᠤᠶᠠᠷ ᠡᠬᠢ ᠲᠠᠢ ᠬᠤᠣᠰ ᠭᠤᠣᠯ ᠶᠤᠮ | ᠃ ᠠᠭᠤᠯᠠ ᠶᠢ ᠤᠷᠢᠶᠠᠨ ᠪᠠᠷᠠᠭᠤᠨ ᠬᠤᠶᠢᠰᠢ ᠤᠷᠤᠰᠤᠭᠠᠳ᠂ ᠠᠭᠤᠯᠠ ᠠᠴᠠ ᠭᠠᠷᠤᠭᠠᠳ ᠨᠢᠭᠡ ᠭᠤᠣᠯ ᠪᠣᠯᠣᠮᠣᠢ︾ | ᠬᠡᠮᠡᠨ ᠲᠡᠮᠳᠡᠭᠯᠡᠵᠡᠢ᠃ ᠡᠬᠦᠨ ᠢ ᠤᠲᠤ ᠰᠠᠨᠰᠠᠷ ᠤᠨ ᠵᠢᠷᠤᠭ ᠠᠴᠠ ᠦᠵᠡᠬᠦ ᠳᠤ ᠳᠤᠪ ᠲᠤᠳᠤᠬᠠᠨ ᠬᠤᠶᠠᠷ | ᠭᠤᠣᠯ ᠤᠨ ᠡᠬᠢ ᠤᠨᠳᠤᠷᠤᠭ᠎ᠠ᠂ ᠤᠷᠤᠰᠬᠠᠯ ᠭᠤᠯᠳᠤᠷᠢᠯ ᠬᠠᠷᠠᠭᠳᠠᠨ᠎ᠠ᠃ ︽ᠶᠤᠸᠠᠨ ᠤᠯᠤᠰ ᠤᠨ ᠰᠤᠳᠤᠷ︾ ᠲᠤ | ︽ᠯᠤᠸᠠᠨ ᠾᠧ ᠭᠤᠣᠯ ᠨᠢ ᠠᠯᠳᠠᠩᠬᠤᠸ᠎ᠠ ᠶᠢᠨ ᠲᠠᠯ᠎ᠠ ᠠᠴᠠ ᠤᠨᠳᠤᠷᠴᠤ ᠪᠠᠶᠢᠨ᠎ᠠ︾ ᠬᠡᠮᠡᠨ ᠲᠡᠮᠳᠡᠭᠯᠡᠵᠡᠢ᠃ | ᠰᠢᠷ᠎ᠠ ᠲᠠᠯ᠎ᠠ ᠠᠴᠠ ᠤᠲᠤ ᠪᠠᠭ᠎ᠠ ᠰᠠᠭ᠎ᠠ ᠨᠠᠮᠤᠭ ᠤᠨ ᠪᠤᠯᠠᠭ ᠤᠨᠳᠤᠷᠴᠤ ᠪᠠᠶᠢᠨ᠎ᠠ᠃ ᠡᠷᠲᠡᠨ ᠳᠤ ᠶᠡᠭᠡ ᠤᠨᠳᠤᠷᠴᠤ | ᠪᠠᠶᠢᠭᠰᠠᠨ ᠪᠣᠯᠣᠯᠴᠠᠭ᠎ᠠ ᠲᠠᠢ᠃ ᠪᠤᠯᠠᠭ ᠠᠴᠠ ᠡᠬᠢ ᠲᠠᠢ ᠭᠡᠳᠡᠭ ᠡᠭᠡ ᠳᠡᠯᠡᠭᠡᠢ ᠲᠠᠢ ᠪᠠᠨ ᠬᠦᠢ ᠪᠠᠷ ᠢᠶᠠᠨ | ᠬᠤᠯᠪᠤᠭ᠎ᠠ ᠲᠠᠢ ᠠᠮᠢ ᠲᠠᠢ ᠯᠡ ᠭᠡᠰᠡᠨ ᠦᠭᠡ᠃ ᠪᠤᠯᠠᠭ ᠢ ᠮᠤᠩᠭᠤᠯᠴᠤᠳ ᠠᠮᠢ ᠲᠠᠢ ᠭᠡᠵᠦ ᠳᠡᠭᠡᠳᠦᠯᠡᠨ | ᠰᠢᠳᠦᠳᠡᠭ ᠡᠷᠳᠡ ᠳᠡᠭᠡᠳᠦ ᠶᠢᠨ ᠤᠯᠠᠮᠵᠢᠯᠠᠯ ᠲᠠᠢ᠃ ᠴᠢᠩ ᠤᠯᠤᠰ ᠤᠨ ᠡᠩᠬᠡ ᠠᠮᠤᠭᠤᠯᠠᠩ ᠬᠠᠭᠠᠨ ᠤ | ᠴᠢᠳᠠᠭ ᠲᠠᠬᠢ ︽ᠯᠤᠸᠠᠨ ᠾᠧ ᠭᠤᠣᠯ ᠤᠨ ᠡᠬᠢ ᠶᠢ ᠬᠠᠶᠢᠭᠰᠠᠨ ᠲᠡᠮᠳᠡᠭᠯᠡᠯ︾ ᠤᠨ ᠡᠬᠢᠨ ᠳᠤ ︽ᠯᠤᠸᠠᠨ ᠾᠧ | ᠭᠤᠣᠯ ᠦᠷᠤᠭᠡᠰᠤᠨ ᠴᠢᠯᠠᠭᠤᠨ ᠬᠠᠭᠠᠯᠭ᠎ᠠ ᠶᠢᠨ ᠭᠠᠳᠠᠨ᠎ᠠ ᠠᠴᠠ ᠡᠬᠢ ᠠᠪᠴᠤ᠂ ᠵᠡᠭᠦᠨ ᠬᠤᠶᠢᠨᠠᠬᠢ ᠵᠠᠭᠤ ᠭᠠᠷᠤᠢ | ᠭᠠᠵᠠᠷ ᠤᠨ ᠵᠠᠶᠢᠳᠠᠢ ᠪᠠᠶᠢᠭ᠎ᠠ ᠪᠠᠲᠤ — ᠲᠦᠨᠳᠤᠭᠡᠷ ᠠᠭᠤᠯᠠ ᠶᠢ ᠴᠢᠭᠯᠡᠨ ᠤᠷᠤᠰᠤᠨ᠎ᠡ ᠁︾ ᠬᠡᠮᠡᠨ | ᠲᠡᠮᠳᠡᠭᠯᠡᠵᠡᠢ᠃ ᠡᠨᠡᠬᠦ ᠪᠠᠲᠤ — ᠲᠦᠨᠳᠤᠭᠡᠷ ᠠᠭᠤᠯᠠ ᠨᠢ ᠤᠲᠤ ᠶᠢᠨ ᠹᠧᠩᠨᠢᠩ ᠰᠢᠶᠠᠨ ᠤ ᠳ᠋ᠠ ᠲᠠᠩ | ᠪᠠᠯᠭᠠᠰᠤᠨ ᠤ ᠲᠡᠮᠡᠭᠡᠳᠤ ᠭᠤᠣ ᠰᠢᠶᠠᠩ ᠤᠨ ᠦᠷᠤᠭᠡᠰᠤᠨ ᠴᠢᠯᠠᠭᠤ ᠲᠤᠰᠬᠤᠨ ᠤ ᠵᠡᠭᠦᠨ ᠡᠮᠤᠨ᠎ᠡ ᠪᠠᠶᠢᠭ᠎ᠠ | ᠲᠠᠯᠠᠢ ᠶᠢᠨ ᠲᠦᠪᠰᠢᠨ ᠠᠴᠠ ᠲᠡᠭᠡᠭᠰᠢ 2206 ᠮᠧᠲᠷ ᠡᠷᠭᠦᠭᠳᠡᠭᠰᠡᠨ ᠬᠢᠩᠭ᠎ᠠ ᠨᠢᠷᠤᠭᠤ ᠠᠭᠤᠯᠠ ᠶᠢ ᠬᠡᠯᠡᠨ᠎ᠡ᠃ | ᠵᠠᠷᠢᠮ ᠲᠡᠤᠬᠡ ᠶᠢᠨ ᠨᠣᠮ ᠦᠭᠦᠯᠡᠯ ᠳᠤ小梁山 ᠭᠡᠵᠤ ᠲᠡᠮᠳᠡᠭᠯᠡᠨ᠎ᠡ᠂ ᠡᠨᠡ ᠨᠢ ᠬᠢᠩᠭᠠᠨ ᠠᠭᠤᠯᠠ᠂ ᠬᠢᠩᠭ᠎ᠠ | ᠨᠢᠷᠤᠭᠤ᠂ ᠬᠢᠷ᠎ᠠ ᠨᠢᠷᠤᠭᠤ ᠲᠠᠢ ᠠᠭᠤᠯᠠ ᠭᠡᠰᠡᠨ ᠤᠳᠬ᠎ᠠ ᠲᠠᠢ᠃ ᠠᠭᠤᠯᠠ ᠠᠭᠤᠯᠠ ᠶᠢ ᠤᠷᠤᠰᠬᠠᠯ ᠢᠶᠠᠷ ᠢᠶᠠᠨ | ᠬᠤᠯᠪᠤᠵᠦ᠂ ᠨᠤᠲᠤᠭ ᠨᠤᠲᠤᠭ ᠢ ᠵᠢᠷᠤᠭ ᠤᠨ ᠪᠤᠯᠭᠠᠵᠦ ᠴᠢᠮᠡᠭᠰᠡᠨ ᠱᠠᠩᠲᠤ ᠶᠢᠨ ᠭᠤᠣᠯ ᠡᠷᠲᠡᠨ ᠤ ᠭᠦᠮᠤᠰ ᠢ | ᠤᠮᠳᠠᠯᠠᠵᠤ ᠪᠠᠶᠢᠭᠰᠠᠨ ᠠᠴᠢᠳᠠᠢ ᠭᠤᠣᠯ ᠡ᠃ ᠰᠠᠶᠢᠷ ᠳᠡᠭᠡᠷ᠎ᠡ ᠴᠢᠨᠢ ᠦᠳᠦᠯᠡᠬᠦ ᠰᠢᠪᠠᠭᠤᠨ ᠤ ᠳᠡᠭᠳᠡᠭᠡᠭᠡᠢ ᠰᠢᠭ | ᠬᠦᠮᠦᠨ ᠠᠷᠠᠳ ᠴᠢᠨᠢ ᠳᠠᠨ ᠤ ᠪᠠᠨ ᠰᠦᠨ ᠢᠪᠡᠭᠡᠯ ᠳᠤ ᠡᠩᠭᠡ ᠵᠢᠷᠭᠠᠯ᠂ ᠡᠷᠴᠢ ᠬᠦᠴᠦ ᠪᠠᠷ ᠳᠦᠬᠦᠷᠡᠩ | ᠵᠢᠷᠭᠠᠨ᠎ᠠ ᠃ ᠨᠤᠲᠤᠭ ᠡᠵᠡᠨ ᠬᠤᠶᠠᠷ ᠰᠠᠯᠬᠤ ᠶᠢᠨ ᠵᠠᠢ ᠦᠭᠡᠢ ᠤᠷᠴᠢᠯᠠᠩ ᠳᠡᠭᠡᠷ᠎ᠡ ᠳᠠᠨ ᠢ ᠪᠠᠨ ᠰᠠᠨᠠᠬᠤ | ᠦᠭᠡᠢ ᠶᠠᠪᠤᠴᠢᠬᠠᠬᠤ ᠵᠠᠮ ᠤᠯᠳᠠᠬᠤ ᠦᠭᠡᠢ ᠡ᠃ | ᠲᠤᠯᠤᠨᠨᠠᠭᠤᠷ ᠤᠨ ᠪᠠᠶᠠᠨᠪᠤᠯᠠᠭ ᠤᠨ ᠲᠠᠯ᠎ᠠ ᠲᠡᠭᠡᠷ᠎ᠡ ᠱᠠᠩᠳᠤ ᠶᠢᠨ ᠭᠤᠣᠯ ᠤᠨ ᠶᠡᠭᠡ | ᠤᠰᠤᠨ ᠤ ᠪᠡᠯᠴᠢᠷ ᠪᠠᠶᠢᠳᠠᠭ᠃ ᠠᠳᠠ ᠨᠠᠶᠢᠳᠡᠮ ᠳᠠᠭᠠᠨ ᠨᠠᠮᠤᠭ ᠭᠠᠵᠠᠷ ᠶᠡᠭᠡᠳᠡᠢ᠃ ᠶᠡᠭᠡ ᠭᠤᠷᠤᠬᠠᠨ ︵ | ᠮᠤᠭᠠᠶᠢᠳᠤ ᠶᠢᠨ ᠭᠤᠣᠯ︶᠂ ᠪᠠᠭ᠎ᠠ ᠭᠤᠷᠤᠬᠠᠨ᠂ ᠢᠵᠠᠷ ᠤᠨ ᠭᠤᠣᠯ᠂ ᠨᠠᠷᠠᠨᠪᠤᠯᠠᠭ ᠤᠨ ᠭᠤᠣᠯ᠂ ᠸᠠᠳ ᠤᠨ ᠭᠤᠣᠯ | ᠂ ᠬᠠᠪᠴᠢᠯ ᠤᠨ ᠭᠤᠣᠯ ᠵᠡᠷᠬᠡ ᠭᠤᠣᠯ ᠤᠨ ᠴᠢᠳᠬᠤᠯᠠᠩ ᠨᠡᠶᠢᠯᠡᠭᠰᠡᠨ ᠬᠡᠶᠢᠪᠤᠩ ᠭᠤᠣᠯ ᠪᠠᠶᠠᠨᠪᠤᠯᠠᠭ ᠤᠨ ᠲᠠᠯ᠎ᠠ | ᠲᠡᠭᠡᠷ᠎ᠡ ᠱᠠᠩᠳᠤ ᠶᠢᠨ ᠭᠤᠣᠯ ᠳᠤ ᠴᠢᠳᠬᠤᠳᠠᠭ᠃ ᠡᠬᠦᠨ ᠠᠴᠠ ᠴᠠᠭᠠᠰᠢ ᠲᠦᠷᠭᠡᠨ ᠭᠤᠣᠯ᠂ ᠦᠷᠳᠡᠭᠡᠨ ᠭᠤᠣᠯ᠂ | ᠨᠠᠷᠢᠨ ᠭᠤᠣᠯ ᠁ ᠴᠢᠳᠬᠤᠨ᠎ᠠ᠃ ᠲᠣᠯᠣᠭᠠᠨ ᠨᠠᠭᠤᠷ ᠠᠴᠠ ᠴᠠᠭᠠᠰᠢ ᠲᠠᠯᠠᠢ ᠳᠤ ᠴᠢᠳᠬᠤᠳᠠᠯᠠ ᠤᠷᠤᠰᠬᠠᠯ | ᠤᠰᠤ ᠨᠢ 1000 ᠠᠮᠠ ᠲᠦᠷᠪᠡᠯᠵᠢᠨ ᠺᠢᠯᠤᠮᠧᠲᠷ ᠠᠴᠠ ᠢᠯᠡᠭᠦᠤ ᠠᠷᠪᠠᠨ ᠨᠢᠭᠡᠨ ᠶᠡᠭᠡ ᠭᠤᠣᠯ ᠱᠠᠩᠳᠤ ᠶᠢᠨ | ᠭᠤᠣᠯ ᠳᠤ ᠤᠷᠤᠰᠬᠠᠯ ᠨᠠᠶᠢᠯᠠᠵᠤ ᠪᠠᠶᠢᠨ᠎ᠠ᠃ ᠡᠭᠦᠨ ᠳᠤ ᠪᠠᠭ᠎ᠠ ᠯᠤᠸᠠᠨ ᠾᠧ᠂ ᠬᠤᠶᠢᠭ ᠤᠨ ᠭᠤᠣᠯ᠂ ᠶᠢᠰᠤᠨ | ᠭᠤᠣᠯ ︵ᠣᠣᠯ ᠨᠡᠷ᠎ᠡ ᠨᠢ ᠶᠢᠰᠤᠨ ᠴᠠᠭᠠᠨ ᠴᠢᠯᠠᠭᠤᠳᠤ ᠶᠢᠨ ᠭᠤᠣᠯ ᠭᠡᠳᠡᠭ ᠨᠡᠷ᠎ᠡ ᠲᠠᠢ ᠪᠠᠶᠢᠵᠠᠢ᠃︶ ᠬᠠᠯᠠᠭᠤᠨ | ᠭᠤᠣᠯ᠂ ᠦᠬᠡᠷ ᠤᠨ ᠭᠤᠣᠯ᠂ ᠪᠤᠷᠭᠠᠰᠤᠳᠠᠢ ᠶᠢᠨ ᠭᠤᠣᠯ᠂ ᠢᠮᠠᠭᠠᠳᠤ ᠶᠢᠨ ᠭᠤᠣᠯ᠂ ᠲᠤᠳᠢ ᠶᠢᠨ ᠭᠤᠣᠯ᠂ ᠪᠤᠤ | ᠾᠧ᠂ ᠰᠠ ᠾᠧ᠂ ᠬᠥᠬᠡ ᠯᠤᠤᠲᠤ ᠶᠢᠨ ᠭᠤᠣᠯ ᠵᠡᠷᠭᠡ ᠴᠢᠳᠬᠤᠨ᠎ᠠ᠃ ᠡᠬᠦᠨ ᠳᠤ ᠶᠡᠭᠡ ᠪᠠᠭ᠎ᠠ ᠭᠤᠣᠯ | ᠭᠤᠷᠤᠬ᠎ᠠ ᠶᠢᠨ ᠤᠯᠠᠨ ᠤᠷᠤᠰᠬᠠᠯ ᠨᠠᠶᠢᠯᠡᠭᠰᠡᠨ ᠶᠡᠭᠡ ᠤᠰᠤ ᠲᠠᠢ ᠭᠤᠣᠯ ᠨᠢ ᠶᠢᠰᠤᠨ ᠭᠤᠣᠯ᠂ ᠬᠡᠶᠢᠪᠤᠩ ᠭᠤᠣᠯ᠂ | ᠲᠦᠷᠭᠡᠨ ᠭᠤᠣᠯ ᠪᠠᠶᠢᠵᠤ᠂ ᠬᠠᠮᠤᠭ ᠤᠨ ᠤᠷᠳᠤ ᠮᠦᠷᠳᠡᠭᠡᠨ ᠤᠰᠤ ᠶᠡᠭᠡᠳᠠᠢ ᠭᠤᠣᠯ ᠨᠢ ᠬᠥᠬᠡ ᠯᠤᠤᠲᠤ ᠶᠢᠨ | ᠭᠤᠣᠯ ᠪᠣᠯᠣᠨ᠎ᠠ᠃ ᠤᠲᠤ ᠱᠠᠩᠲᠤ ᠶᠢᠨ ᠭᠤᠣᠯ ᠲᠤᠯᠤᠭᠠᠨ ᠨᠠᠭᠤᠷ ᠤᠨ ᠨᠤᠲᠤᠭ ᠲᠡᠭᠡᠷ᠎ᠡ ᠭᠦᠷᠴᠦ ᠢᠷᠡᠭᠡᠳ ᠯᠡ | ᠰᠠᠶ᠋ᠢ ᠤᠷᠤᠰᠬᠠᠯ ᠲᠠᠢ ᠪᠤᠯᠳᠠᠭ᠃ ᠭᠦᠶᠤᠸᠠᠨ ᠰᠢᠶᠠᠨ ᠤ ᠭᠠᠵᠠᠷ ᠲᠡᠭᠡᠷ᠎ᠡ ᠬᠤᠶᠠᠷ ᠤᠰᠤᠨ ᠴᠦᠭᠦᠷᠤᠮ | ᠪᠠᠶᠢᠭᠤᠯᠤᠭᠰᠠᠨ ᠠᠴᠠ ᠬᠤᠶᠢᠰᠢ ᠱᠠᠩᠲᠤ ᠬᠤᠳᠠ ᠶᠢ ᠡᠮᠵᠢᠶᠡᠷᠢᠯᠡᠨ ᠤᠷᠤᠰᠳᠠᠭ ᠱᠠᠩᠲᠤ ᠶᠢᠨ ᠭᠤᠣᠯ ᠤᠨ ᠴᠡᠭᠡᠯ | ᠤᠰᠤ ᠲᠠᠢ ᠪᠠᠶᠢᠬᠤ ᠯᠡ ᠲᠡᠳᠤᠢ ᠪᠤᠯᠤᠭᠠᠳ ᠣᠨ ᠤᠳᠠᠵᠠᠢ᠃ ᠯᠤᠸᠠᠨ ᠾᠧ ᠭᠤᠣᠯ ᠤᠨ ᠨᠢᠭᠡ ᠵᠢᠯ ᠳᠤ | ᠲᠠᠯᠠᠢ ᠳᠤ ᠴᠢᠳᠬᠤᠬᠤ ᠡᠯᠡᠰᠤ ᠰᠢᠪᠡᠷ ᠤᠨ ᠬᠡᠮᠵᠢᠶ᠎ᠠ ᠨᠢ ᠪᠠᠷᠤᠭ 2270 ᠲᠦᠮᠠᠨ ᠲᠤᠨ ᠪᠠᠶᠢᠳᠠᠭ᠃ ᠱᠠᠩᠳᠦ ᠶᠢᠨ | ᠭᠤᠤᠯ ᠮᠢᠨᠢ ᠨᠤᠲᠤᠭ ᠤᠰᠤᠨ ᠤ ᠬᠡᠶᠢᠮᠤᠷᠢ ᠶᠢᠨ ᠭᠤᠣᠯ᠂ ᠠᠮᠢᠳᠠᠨ ᠵᠢᠷᠭᠤᠭᠠᠨ ᠵᠦᠢᠯ ᠤᠨ ᠠᠮᠢᠨ ᠳᠡᠮ ᠪᠣᠯᠣᠭᠰᠠᠨ | ᠦᠨᠢ ᠮᠦᠩᠬᠡ ᠶᠢᠨ ᠡᠵᠢ ᠣᠰᠣᠨ ᠪᠢᠯᠡ᠃ | ᠲᠡᠯᠡᠬᠡᠢ ᠶᠢᠨ ᠪᠣᠯᠪᠠᠰᠤᠨ ᠰᠤᠶᠤᠯ ᠤᠨ ᠰᠠᠭᠤᠷᠢᠨ ᠨᠠᠶᠢᠰᠯᠠᠯ ᠤᠳ ᠢ ᠠᠯᠳᠠᠷᠳᠤ ᠭᠤᠣᠯ | ᠮᠦᠷᠡᠨ ᠤ ᠰᠠᠪᠠ ᠭᠠᠵᠠᠷ ᠤᠨ ᠥᠩ ᠰᠢᠮᠡᠯᠢᠭ᠂ ᠥᠶᠥᠭ ᠲᠠᠭᠠᠳᠠᠢ ᠭᠠᠵᠠᠷ ᠤᠰᠤᠨ ᠢ ᠰᠤᠩᠭᠤᠵᠤ ᠪᠠᠶᠢᠭᠤᠯᠤᠭᠰᠠᠨ | ᠨᠢ ᠤᠯᠠᠨ᠃ ᠡᠷᠲᠡᠨ ᠠᠴᠠ ᠠᠪᠤᠭᠠᠳ ᠦᠶ᠎ᠡ ᠦᠶ᠎ᠡ ᠶᠢᠨ ᠤᠯᠤᠰ ᠬᠦᠷᠤᠨ ᠤ ᠠᠷᠠᠳ ᠲᠦᠮᠠᠨ ᠱᠠᠩᠳᠤ ᠶᠢᠨ | ᠭᠤᠣᠯ ᠤᠨ ᠰᠠᠪᠠ ᠭᠠᠵᠠᠷ ᠲᠠᠭᠠᠤ ᠳᠤ ︽ᠱᠠᠩᠳᠤ ᠶᠢᠨ ᠭᠤᠣᠯ ᠤᠨ ᠪᠣᠯᠪᠠᠰᠤᠨ ᠰᠤᠶᠤᠯ︾ ᠢ ᠪᠤᠢ ᠪᠤᠯᠭᠠᠵᠠᠢ᠃ | ᠡᠬᠦᠨ ᠢ ᠤᠲᠤ ᠱᠠᠩᠳᠤ ᠶᠢᠨ ᠭᠤᠣᠯ ᠤᠨ ᠰᠠᠪᠠ ᠭᠠᠵᠠᠷ ᠲᠠᠬᠢ ᠡᠷᠲᠡᠨ ᠤ ᠬᠤᠳᠠ ᠶᠢᠨ ᠪᠠᠭᠤᠷᠢ ᠲᠠᠭᠤᠷᠢ ᠠᠴᠠ | ᠲᠤᠳᠤ ᠦᠵᠡᠵᠤ ᠭᠠᠷᠤᠨ᠎ᠠ᠃ ᠭᠤᠤᠯ ᠢᠶᠠᠨ ᠳᠠᠭᠠᠵᠦ ᠠᠮᠢᠳᠤᠷᠠᠳᠠᠭ ᠨᠢ ᠤᠰᠤ ᠤᠮᠳᠠ ᠶᠢᠨ ᠭᠡᠷᠡᠭᠴᠡᠭᠡ | ᠱᠠᠭᠠᠷᠳᠠᠯᠭ᠎ᠠ ᠪᠠᠨ ᠬᠠᠩᠭᠠᠵᠤ ᠪᠠᠶᠢᠳᠠᠭ᠃ ᠬᠦᠮᠦᠨ ᠤ ᠰᠡᠳᠬᠢᠯ ᠢ ᠭᠤᠤᠯ ᠦᠪᠡᠷᠳᠡᠭᠡᠨ ᠰᠤᠷᠢᠨᠵᠢᠨᠳᠠᠨ ᠳᠠᠳᠠᠵᠦ | ᠴᠢᠳᠠᠳᠠᠭ ᠷᠢᠳᠢ ᠰᠢᠳᠢ ᠲᠠᠢ᠃ ᠱᠠᠩᠳᠦ ᠶᠢᠨ ᠭᠤᠤᠯ ᠤᠨ ᠡᠬᠢ ᠠᠪᠤᠭᠰᠠᠨ ᠭᠠᠵᠠᠷ ᠠᠴᠠ ᠠᠪᠤᠭᠠᠳ ᠤᠷᠤᠰᠬᠠᠯ | ᠲᠠᠭᠠᠤ ᠬᠡᠯᠡᠬᠦ ᠳᠤ᠂ ᠶᠤᠸᠠᠨ ᠤᠯᠤᠰ ᠤᠨ ᠴᠠᠭᠠᠨᠨᠠᠭᠤᠷ ᠤᠷᠳᠤᠨ — 1261 ᠣᠨ ᠠᠴᠠ ᠡᠬᠢᠯᠡᠵᠤ ᠪᠠᠶᠢᠭᠤᠯᠪᠠ᠃ | ᠡᠬᠦᠨ ᠢ ᠪᠠᠷᠠᠭᠤᠨ ᠰᠡᠷᠢᠭᠦᠨ ᠤᠷᠳᠤᠨ ᠬᠡᠮᠡᠳᠡᠭ᠃ ᠶᠤᠸᠠᠨ ᠤᠯᠤᠰ ᠤᠨ ᠪᠤᠷᠤᠬᠤᠳᠠ᠃ ᠶᠤᠸᠠᠨ ᠤᠯᠤᠰ ᠤᠨ | ᠳᠤᠮᠳᠠ ᠨᠠᠶᠢᠰᠯᠠᠯ ᠬᠠᠷ᠎ᠠ ᠪᠠᠯᠭᠠᠰᠤ — 1307 ᠣᠨ ᠠᠴᠠ ᠡᠬᠢᠯᠡᠵᠤ ᠪᠠᠶᠢᠭᠤᠯᠪᠠ᠃ ᠡᠳᠤᠭᠡ ᠶᠢᠨ ᠰᠢᠯᠤᠭᠤᠨ | ᠬᠥᠬᠡ ᠬᠤᠰᠢᠭᠤᠨ ᠤ ᠱᠠᠩᠲᠤ ᠪᠠᠯᠭᠠᠰᠤᠨ ᠤ ᠠᠷᠤ ᠳᠤ ᠪᠠᠶᠢᠭ᠎ᠠ ᠠᠯᠳᠠᠨ ᠤᠯᠤᠰ ᠤᠨ ᠬᠤᠸᠠᠩᠵᠸᠤ ᠬᠤᠳᠠ᠃ | ᠮᠤᠩᠭᠤᠯ ᠤᠨ ᠡᠵᠡᠨᠳᠤ ᠬᠦᠷᠤᠨ ᠤ ᠶᠡᠭᠡ ᠶᠤᠸᠠᠨ ᠤᠯᠤᠰ ᠤᠨ ᠲᠡᠭᠡᠳᠤ ᠨᠠᠶᠢᠰᠯᠠᠯ ᠱᠠᠩᠳᠤ ᠬᠤᠳᠠ — 1256 | ᠣᠨ ᠠᠴᠠ ᠡᠬᠢᠯᠡᠵᠤ ᠪᠠᠶᠢᠭᠤᠯᠪᠠ᠃ ᠶᠤᠸᠠᠨ ᠤᠯᠤᠰ ᠴᠠᠭᠠᠨ ᠬᠤᠳᠠ — ᠡᠬᠦᠨ ᠢ ᠵᠡᠭᠦᠨ ᠰᠡᠷᠢᠭᠦᠨ ᠤᠷᠳᠤᠨ | ᠬᠡᠮᠡᠳᠡᠭ᠃ ᠡᠳᠡᠭᠡᠷ ᠡᠷᠲᠡᠨ ᠤ ᠬᠤᠳᠠ ᠤᠳ ᠪᠦᠭᠦᠳᠡ ᠱᠠᠩᠳᠤ ᠶᠢᠨ ᠭᠤᠣᠯ ᠤᠨ ᠰᠠᠪᠠ ᠭᠠᠵᠠᠷ ᠢ ᠰᠤᠩᠭᠤᠵᠤ᠂ | ᠭᠤᠣᠯ ᠢᠰᠭᠦᠯᠤᠨ᠂ ᠠᠭᠤᠯᠠ ᠲᠦᠰᠢᠵᠤ ᠪᠠᠶᠢᠭᠤᠯᠤᠭᠰᠠᠨ ᠪᠠᠶᠢᠳᠠᠭ᠃ ᠠᠳᠡ ᠲᠡᠮᠳᠡᠭᠯᠡᠭᠡ ᠦᠭᠡᠢ ᠪᠠᠭ᠎ᠠ ᠬᠤᠳᠠ | ᠪᠠᠰᠠ ᠪᠠᠶᠢᠨ᠎ᠠ᠃ ᠲᠡᠭᠡᠪᠡᠯ ᠶᠠᠭᠠᠬᠢᠭᠠᠳ ᠱᠠᠩᠳᠤ ᠶᠢᠨ ᠭᠤᠣᠯ ᠤᠨ ᠰᠠᠪᠠ ᠭᠠᠵᠠᠷ ᠲᠠᠭᠠᠤ ᠡᠶᠢᠮᠤ ᠤᠯᠠᠨ ᠬᠤᠳᠠ ᠶᠢ | ᠪᠠᠶᠢᠭᠤᠯᠤᠭᠰᠠᠨ ᠪᠤᠢ︖ ᠡᠨᠡ ᠨᠢ ᠬᠦᠮᠤᠨ ᠮᠠᠯ ᠤᠨ ᠤᠤᠭᠤᠬᠤ ᠤᠰᠤ᠂ ᠬᠡᠷᠡᠭᠯᠡᠬᠦ ᠤᠰᠤᠨ ᠤ ᠠᠰᠠᠭᠤᠳᠠᠯ ᠢ | ᠰᠢᠳᠪᠤᠷᠢᠯᠡᠬᠦ ᠶᠢᠨ ᠲᠦᠯᠤᠭᠡ ᠶᠤᠮ᠃ ᠮᠤᠩᠭᠤᠯ ᠤᠨ ᠲᠡᠤᠭᠡ ᠶᠢ ᠱᠠᠩᠳᠤ ᠶᠢᠨ ᠭᠤᠣᠯ ᠠᠴᠠ ᠰᠠᠯᠭᠠᠵᠤ ᠶᠠᠷᠢᠬᠤ ᠳᠤ | ᠪᠡᠷᠬᠡ ᠶᠤᠮ᠃ ᠶᠤᠸᠠᠨ ᠤᠯᠤᠰ ᠤᠨ ᠬᠤᠷᠢᠨ ᠲᠦᠮᠠᠨ ᠴᠡᠷᠢᠭ ᠮᠤᠷᠢ ᠱᠠᠩᠳᠤ ᠶᠢᠨ ᠭᠤᠣᠯ ᠠᠴᠠ ᠤᠮᠳᠠᠯᠠᠵᠤ | ᠪᠠᠶᠢᠭᠰᠠᠨ ᠶᠤᠮ᠃ ᠠᠮᠠᠷᠠᠵᠤ ᠰᠡᠯᠡᠭᠦᠴᠡᠨ ᠰᠠᠭᠤᠬᠤ ᠳᠤ ᠪᠡᠶ᠎ᠡ ᠳᠤ ᠲᠠᠭᠠᠳᠠᠢ᠂ ᠵᠦᠪ ᠰᠠᠶᠢᠨ ᠡᠨᠧᠷᠭᠢ ᠲᠠᠢ ᠭᠠᠵᠠᠷ | ᠭᠡᠳᠡᠭ ᠨᠢ ᠠᠵᠢᠭᠯᠠᠭᠳᠠᠨ᠎ᠠ᠃ ᠱᠠᠩᠲᠤ ᠶᠢᠨ ᠭᠤᠣᠯ ᠤᠨ ᠤᠰᠤ ᠶᠢ ᠱᠠᠩᠲᠤ ᠬᠤᠳᠠ ᠶᠢᠨ ᠬᠠᠭᠠᠨ ᠤ ᠬᠤᠳᠠ᠂ | ᠲᠤᠳᠤᠷ ᠬᠤᠳᠠ᠂ ᠭᠠᠳᠠᠷ ᠬᠤᠳᠠ ᠢ ᠪᠦᠭᠦᠳᠠ ᠶᠢ ᠨᠢᠭᠡ ᠲᠤᠭᠤᠷᠢᠭᠤᠯᠤᠨ ᠤᠷᠤᠰᠤᠭᠤᠯᠤᠭᠰᠡᠨ ᠲᠠᠳᠠᠮᠠᠯ ᠭᠤᠣᠯ ᠢ | ᠪᠠᠶᠢᠭᠤᠯᠵᠠᠢ᠃ ᠡᠨᠡ ᠨᠢ ᠬᠤᠳᠠ ᠶᠢᠨ ᠠᠭᠠᠷ ᠢ ᠴᠡᠪᠡᠷᠰᠢᠭᠦᠯᠵᠤ᠂ ᠦᠵᠡᠮᠵᠢ ᠲᠠᠢ ᠬᠠᠷᠠᠭᠳᠠᠭᠤᠯᠬᠤ ᠦᠢᠯᠡᠳᠤᠯ ᠲᠠᠢ | ᠪᠠᠶᠢᠵᠠᠢ᠃ ᠰᠠᠶᠢᠬᠠᠨ ᠨᠤᠲᠤᠭ ᠤᠨ ᠪᠤᠶᠠᠨ ᠳᠤ ᠢᠪᠡᠭᠡᠭᠳᠡᠵᠦ ᠶᠠᠪᠤᠬᠤ ᠳᠤ ᠬᠦᠮᠦᠨ ᠤ ᠰᠡᠳᠬᠢᠯ ᠦᠶᠦᠭ ᠳᠠᠩᠰᠤᠭ | ᠂ ᠰᠠᠨᠠᠭ᠎ᠠ ᠳᠡᠨᠢᠬᠦᠨ ᠪᠠᠶᠢᠳᠠᠭ ᠢᠶᠠᠷ ᠵᠤᠷᠢᠭᠰᠠᠨ ᠬᠢᠭᠰᠡᠨ ᠦᠢᠯᠡᠰ ᠨᠢ ᠪᠦᠳᠦᠮᠵᠢᠳᠠᠢ ᠪᠠᠶᠢᠳᠠᠭ ᠤᠴᠢᠷᠳᠠᠢ᠃ | ᠶᠡᠭᠡ ᠤᠬᠠᠭᠠᠨᠳᠦ ᠳᠡᠭᠡᠳᠦᠰ ᠮᠢᠨᠢ ᠡᠨᠡ ᠯᠡ ᠪᠤᠶᠠᠨ ᠢᠶᠠᠷ ᠱᠠᠩᠳᠦ ᠶᠢᠨ ᠭᠤᠤᠯ ᠤᠨ ᠬᠦᠪᠡᠭᠡᠨ ᠳᠤ ᠭᠠᠶᠢᠬᠠᠮᠰᠢᠭᠳᠦ | ᠳᠡᠤᠬᠡ ᠶᠢ ᠪᠢᠴᠢᠵᠦ ᠦᠯᠡᠳᠡᠭᠡᠭᠰᠡᠨ᠃ | ᠱᠠᠩᠳᠤ ᠶᠢᠨ ᠭᠤᠣᠯ ᠤᠨ ᠪᠤᠯᠪᠠᠰᠤᠨ ᠪᠣᠯ ᠮᠣᠩᠭᠤᠯ ᠤᠨ ᠪᠤᠯᠪᠠᠰᠤᠨ ᠤ ᠦᠨᠳᠤᠰᠤᠯᠠᠨ | ᠮᠠᠨᠳᠤᠭᠰᠠᠨ ᠭᠠᠵᠠᠷ ᠪᠢᠯᠡ᠃ ᠱᠠᠩᠳᠤ ᠶᠢᠨ ᠭᠤᠣᠯ ᠭᠦᠭᠵᠢᠮ ᠶᠤᠮ ᠡ᠂ ᠬᠦᠭᠵᠢᠮ ᠤᠨ ᠤᠶᠠᠩᠭᠠᠲᠤ ᠠᠶᠠᠯᠭᠤ | ᠠᠴᠠ ᠨᠢ ᠳᠡᠯᠡᠭᠡᠢ ᠶᠢᠨ ᠪᠤᠯᠪᠠᠰᠤᠨ ᠤ ᠭᠡᠭᠡᠨ ᠡᠭᠡᠰᠢᠭ ᠰᠢᠷᠦᠩᠬᠠᠶᠢᠯᠠᠵᠦ᠂ ᠮᠤᠩᠭᠤᠯ ᠤᠨ ᠮᠠᠨᠳᠤᠭᠰᠠᠨ ᠳᠦᠷᠦ ᠶᠢᠨ | ᠲᠡᠤᠭᠡ ᠶᠢ ᠰᠢᠩᠭᠡᠭᠡᠨ ᠦᠯᠡᠳᠡᠭᠰᠡᠨ ᠱᠠᠩᠳᠤ ᠶᠢᠨ ᠭᠤᠣᠯ ᠡᠴᠢᠨ᠎ᠠ ᠬᠤᠯᠠ ᠠᠴᠠ ᠤᠷᠤᠰᠤᠨ ᠢᠷᠡᠭᠡᠳ᠂ ᠦᠨᠢ | ᠮᠦᠡᠭᠭᠡ ᠶᠢᠨ ᠡᠴᠢᠨ᠎ᠠ ᠬᠤᠯᠠ ᠤᠷᠤᠭᠤ ᠤᠷᠤᠰᠤᠨ ᠤᠷᠤᠰᠤᠭᠰᠠᠭᠠᠷ ᠁ ᠃ | | | ᠲᠠᠶᠢᠯᠪᠤᠷᠢ᠄ | ᠤᠬᠤᠼᠺ ᠲᠠᠩᠬᠢᠰ — ᠳᠠᠩ ᠤᠯᠤᠰ ᠤᠨ ᠦᠶᠠᠰ ᠡᠯᠡᠰᠤᠳᠤ ᠲᠠᠩᠬᠢᠰ ᠪᠣᠶᠣ ᠬᠤᠶᠢᠳᠤ ᠲᠠᠯᠠᠢ ᠭᠡᠳᠡᠭ | ᠪᠠᠶᠢᠵᠠᠢ᠃ | ᠶᠢᠰᠤᠨ ᠭᠤᠣᠯ — ᠣᠣᠯ ᠨᠡᠷ᠎ᠡ ᠨᠢ ᠶᠢᠰᠤᠨ ᠴᠠᠭᠠᠨ ᠴᠢᠯᠠᠭᠤᠳᠤ ᠶᠢᠨ ᠭᠤᠣᠯ ︵伊逊察罕 | 齐老图河︶ ᠭᠡᠳᠡᠭ ᠨᠡᠷ᠎ᠡ ᠲᠠᠢ ᠪᠠᠶᠢᠵᠠᠢ᠃ ᠬᠢᠳᠡᠳ ᠬᠦᠮᠤᠰ ᠡᠨᠡᠬᠦ ᠭᠤᠣᠯ ᠤᠨ ᠤᠷᠤᠰᠬᠠᠯ ᠲᠠᠭᠠᠤ | ᠰᠠᠭᠤᠷᠢᠰᠢᠨ ᠰᠠᠭᠤᠭᠠᠳ ᠡᠨᠡ ᠭᠤᠣᠯ ᠢ ᠲᠦᠭᠦᠮᠴᠢᠯᠡᠨ伊逊河 ᠭᠡᠵᠤ ᠲᠠᠭᠤᠳᠠᠳᠠᠭ ᠪᠣᠯᠵᠠᠢ᠃ ᠡᠨᠡ | ᠭᠤᠣᠯ ᠴᠡᠩᠳᠧ ᠬᠤᠳᠠ ᠶᠢᠨ ᠪᠠᠷᠠᠭᠤᠨ ᠲᠡᠭᠡᠷ᠎ᠡ ᠯᠤᠸᠠᠨ ᠾᠧ ᠳᠤ ︵滦河︶ ᠴᠢᠳᠬᠤᠨ᠎ᠠ᠃ ᠤᠷᠤᠰᠬᠠᠯ | ᠲᠠᠭᠠᠤ ᠳᠤ ᠰᠢᠯᠤᠭᠤᠨ ᠬᠥᠬᠡ᠂ ᠰᠢᠯᠤᠭᠤᠨ ᠴᠠᠭᠠᠨ ᠵᠡᠷᠭᠡ ᠨᠡᠷ᠎ᠡ ᠲᠠᠢ ᠭᠠᠵᠠᠷ ᠤᠳ ᠪᠠᠶᠢᠨ᠎ᠠ᠃ | ᠦᠬᠡᠷ ᠤᠨ ᠭᠤᠣᠯ — ᠦᠬᠡᠷ ᠴᠢᠯᠠᠭᠤᠨ ᠪᠤᠯᠠᠭ ᠠᠴᠠ ᠡᠬᠢ ᠠᠪᠴᠤ ᠪᠠᠶᠢᠭ᠎ᠠ ᠪᠣᠯᠬᠤᠷ ᠢᠩᠬᠢᠵᠤ | ᠨᠡᠷᠡᠯᠡᠵᠡᠢ᠃ | ᠢᠮᠠᠭᠠᠳᠤ ᠠᠭᠤᠯᠠ᠂ ᠬᠠᠷ᠎ᠠ ᠠᠭᠤᠯᠠ ᠶᠢᠨ ᠠᠷᠤ ᠬᠤᠷᠮᠤᠢ — ᠬᠠᠷ᠎ᠠ ᠠᠭᠤᠯᠠ ᠶᠢ ᠡᠷᠲᠡᠨ ᠳᠡᠭᠡᠨ炭 | 山 ᠭᠡᠳᠡᠭ ᠪᠠᠶᠢᠵᠠᠢ᠂ ᠤᠲᠤ黑山 ᠭᠡᠵᠤ ᠨᠡᠷᠡᠯᠡᠵᠤ ᠪᠠᠶᠢᠨ᠎ᠠ᠃ ᠬᠠᠷᠢᠶᠠᠴᠠᠶᠢᠳᠤ ᠨᠢᠷᠤᠭᠤ(燕山) | ᠤᠨ ᠲᠤᠳᠤᠷᠠᠬᠢ ᠶᠡᠭᠡ ᠠᠳᠤᠭᠤᠳᠤ ᠶᠢᠨ ᠨᠢᠷᠤᠭᠤ ᠬᠡᠮᠡᠬᠦ ᠬᠦᠨᠳᠡᠯᠡᠨ ᠠᠭᠤᠯᠠ ᠶᠢᠨ ᠨᠢᠭᠡ ᠭᠡᠰᠡᠭ ᠲᠤ ᠪᠠᠭᠳᠠᠨ᠎ᠠ᠃ | ᠠᠳᠠ ᠱᠠᠩᠳᠤ ᠶᠢᠨ ᠭᠤᠣᠯ ᠨᠢ ᠬᠤᠶᠠᠷ ᠶᠡᠭᠡ ᠡᠬᠢ ᠠᠪᠤᠭᠰᠠᠨ ᠪᠤᠯᠠᠭ ᠤᠨ ᠭᠤᠣᠯ ᠲᠠᠢ᠃ | | | | | ᠬᠠᠶ᠋ᠢᠭ᠄ ᠰᠢᠯᠤᠭᠤᠨ ᠭᠦᠬᠡ ᠬᠤᠰᠢᠭᠤᠨ ᠤ ᠰᠢᠤᠳᠠᠨ ᠲᠤᠪᠴᠢᠶᠠᠨ ᠤ 3 — 009 ᠳ᠋ᠤᠭᠠᠷ ᠵᠠᠬᠢᠳᠠᠯ ᠤᠨ | ᠬᠠᠶᠢᠷᠴᠠᠭ | | | | | | |