ᠪᠦ᠊ · ᠲᠡᠮᠤᠷ | | ᠨᠢᠬᠡ᠂ ᠱᠠᠩᠳᠤ ᠬᠤᠳᠠ ᠶᠢᠨ ᠬᠠᠶᠢᠭᠤᠯ ᠬᠤᠳᠠ — ᠠᠯᠳᠠᠨ ᠤᠯᠤᠰ ᠤᠨ ᠦᠶ᠎ᠡ ᠰᠢᠨ᠎ᠡ | ᠬᠤᠸᠠᠩᠵᠸᠤ ᠬᠤᠲᠠ | | ᠰᠢᠨ᠎ᠡ ᠬᠤᠸᠠᠩᠵᠸᠤ ᠬᠤᠳᠠ ᠶᠢᠨ ᠪᠠᠭᠤᠷᠢ ᠨᠢ ᠰᠢᠯᠤᠭᠤᠨ ᠬᠦᠬᠡ ᠬᠤᠰᠢᠭᠤᠨ ᠤ ᠵᠠᠰᠠᠭ ᠤᠨ | ᠤᠷᠳᠤᠨ ᠰᠠᠭᠤᠷᠢᠰᠢᠵᠤ ᠪᠠᠶᠢᠭ᠎ᠠ ᠱᠠᠩᠳᠤ ᠪᠠᠯᠭᠠᠰᠣᠨ ᠠᠴᠠ ᠬᠤᠶᠢᠰᠢ ᠭᠤᠷᠪᠠᠨ ᠺᠢᠯᠤᠮᠧᠲᠷ ᠵᠠᠶᠢᠳᠠᠢ᠂ ᠱᠠᠩᠳᠣ | ᠶᠢᠨ ᠭᠤᠤᠯ ︵ᠯᠤᠸᠠᠨ ᠾᠧ︶ ᠤᠨ ᠬᠤᠶᠢᠳᠤ ᠬᠦᠪᠡᠭᠡᠨ ᠠᠴᠠ 600 ᠮᠧᠲᠷ ᠵᠠᠶᠢᠳᠠᠢ ᠪᠠᠶᠢᠷᠢᠰᠢᠵᠤ ᠪᠠᠶᠢᠨ᠎ᠠ᠃ | ᠬᠤᠳᠠ ᠶᠢᠨ ᠪᠠᠷᠠᠭᠤᠨ ᠳᠠᠯ᠎ᠠ ᠪᠠᠷ ᠨᠢ ᠰᠢᠯᠢ ᠶᠢᠨ ᠬᠤᠳᠠ ᠠᠴᠠ ᠴᠢᠭᠤᠯᠤᠯᠳᠣ ᠬᠠᠭᠠᠯᠭ᠎ᠠ ᠬᠦᠷᠬᠦ ᠵᠠᠰᠠᠮᠠᠯ ᠵᠠᠮ | ᠦᠩᠭᠡᠷᠡᠵᠤ ᠪᠠᠶᠢᠨ᠎ᠠ᠃ ᠬᠤᠲᠠ ᠶᠢᠨ ᠵᠡᠭᠦᠨ ᠲᠠᠯ᠎ᠠ ᠪᠠᠷ ᠰᠠᠩ ᠤᠨ ᠳᠠᠯᠠᠢ ᠪᠠᠯᠭᠠᠰᠣ᠂ ᠬᠠᠭᠤᠴᠢᠨ | ᠬᠠᠳᠠᠨᠬᠤᠰᠢᠭᠤ ᠬᠦᠷᠬᠦ ᠬᠤᠰᠢᠭᠤᠨ ᠠᠴᠠ ᠵᠠᠰᠠᠭᠰᠠᠨ ᠰᠢᠷᠤᠢ ᠶᠢᠨ ᠵᠠᠮ ᠦᠩᠭᠡᠷᠡᠨ᠎ᠡ᠃ ᠳᠣᠰ ᠬᠤᠳᠠ ᠨᠢ ᠠᠷᠤ | ᠪᠠᠷ ᠢᠶᠠᠨ ᠪᠠᠷᠠᠭᠤᠨ ᠠᠴᠠ ᠵᠡᠭᠦᠨᠰᠢ ᠦᠷᠭᠦᠯᠵᠢᠯᠡᠭᠰᠡᠨ ᠬᠤᠷᠠᠬᠤ ᠶᠢᠨ ᠦᠨᠳᠤᠷ ᠠᠭᠤᠯᠨ ᠨᠢᠷᠤᠭᠤᠳ ᠢ ᠲᠦᠰᠢᠵᠤ | ᠤᠷᠢᠳᠤᠭᠤᠷ ᠪᠠᠨ ᠤᠭᠠᠯᠵᠠᠯᠠᠨ ᠤᠷᠤᠰᠬᠤ ᠱᠠᠩᠳᠤ ᠶᠢᠨ ᠭᠤᠤᠯ ᠢ ᠢᠰᠭᠦᠯᠡᠵᠤ ᠰᠠᠷᠠᠭᠤᠯ ᠠᠭᠤᠳᠠᠮ ᠰᠢᠷ᠎ᠠ ᠲᠠᠯ᠎ᠠ | ᠶᠢᠨ ᠳᠡᠨᠵᠢ ᠶᠢ ᠪᠠᠷᠠᠯᠠᠨ᠂ ᠵᠡᠭᠦᠨᠰᠢ ᠪᠠᠷᠠᠭᠤᠨᠰᠢ ᠨᠡᠯᠥᠶᠢᠭᠰᠡᠨ ᠬᠠᠷᠠᠭ᠎ᠠ ᠮᠤᠬᠤᠭᠠᠮᠠ ᠠᠭᠤᠳᠠᠮ ᠰᠠᠶᠢᠬᠠᠨ ᠳᠠᠯ᠎ᠠ | ᠶᠢᠨ ᠳᠤᠮᠳᠠ᠂ ᠳᠡᠭᠰᠢ ᠰᠠᠶᠢᠬᠠᠨ ᠭᠠᠵᠠᠷ ᠤᠨ ᠠᠰᠢᠢᠭ ᠢ ᠰᠣᠩᠭᠤᠨ ᠪᠠᠶᠢᠭᠤᠯᠤᠭᠰᠠᠨ ᠪᠠᠶᠢᠨ᠎ᠠ᠃ ᠬᠤᠳᠠ ᠶᠢᠨ | ᠵᠠᠬ᠎ᠠ ᠪᠠᠷ ᠳᠡᠷᠡᠰᠦᠨ ᠳᠤᠬᠤᠢ ᠬᠠᠯᠢᠭᠤᠷᠠᠨ ᠰᠢᠷ᠎ᠠ ᠯᠢᠩᠬᠤᠸ᠎ᠠ᠂ ᠬᠦᠬᠡ ᠴᠠᠬᠢᠷᠮ᠎ᠠ᠂ ᠤᠯᠠᠭᠠᠨ ᠴᠠᠭᠠᠨ ᠳᠠᠯᠠᠨ | ᠲᠦᠷᠦᠭᠦᠦ ᠶᠢᠨ ᠴᠡᠴᠡᠭ ᠮᠢᠷᠠᠯᠵᠠᠨ᠂ ᠳᠠᠴᠢᠷᠬᠠᠭ ᠮᠦᠷᠳᠡᠭᠡᠨ ᠬᠦᠷᠦᠰᠦ ᠰᠢᠷᠤᠢ ᠰᠠᠶᠢᠳᠠᠢ ᠭᠠᠵᠠᠷ ᠢ ᠰᠣᠩᠭᠤᠭᠰᠠᠨ | ᠨᠢ ᠦᠨᠡᠭᠡᠷ ᠭᠠᠶᠢᠬᠠᠯᠳᠠᠢ ᠠᠵᠠᠢ᠃ | ᠠᠳᠡ ᠠᠯᠳᠠᠨ ᠤᠯᠤᠰ ᠤᠨ ᠦᠶ᠎ᠡ ᠳᠤ ᠬᠤᠸᠠᠩᠵᠸᠤ ᠬᠤᠶᠢᠳᠤ ᠬᠢᠵᠠᠭᠠᠷ ᠤᠨ ᠬᠢᠯᠢ ᠶᠢᠨ ᠵᠠᠬ᠎ᠠ | ᠵᠠᠭᠠᠭ ᠤᠨ ᠭᠠᠵᠠᠷ ᠪᠠᠶᠢᠵᠠᠢ᠃ ᠠᠯᠳᠠᠨ ᠤᠯᠤᠰ ᠨᠢ ᠱᠠᠩᠳᠤ ᠶᠢᠨ ᠭᠤᠤᠯ ︵ ᠯᠤᠸᠠᠨ ᠾᠧ︶ ᠤᠨ ᠬᠤᠶᠠᠷ | ᠬᠦᠪᠡᠭᠡ ᠶᠢ ᠳᠠᠭᠠᠵᠤ ᠤᠷᠢᠳ ᠬᠤᠵᠢᠳ ᠬᠤᠶᠠᠷ ᠶᠡᠭᠡ ᠬᠤᠳᠠ ᠴᠤᠭᠴᠠᠯᠠᠵᠠᠢ᠃ ᠨᠢᠬᠡ ᠨᠢ ᠬᠠᠭᠤᠴᠢᠨ ᠬᠤᠳᠠ | ︵ᠪᠤᠷᠤᠬᠤᠳᠠ ᠮᠠᠯᠵᠢᠯ ᠤᠨ ᠲᠠᠯᠠᠪᠠᠢ ᠶᠢᠨ ᠵᠡᠭᠦᠨᠳᠠᠢ︶ ᠪᠤᠢ᠃ ᠨᠦᠬᠦᠬᠡ ᠨᠢ ᠰᠢᠨ᠎ᠠ ᠬᠤᠸᠠᠩᠵᠸᠤ ᠬᠤᠳᠠ | ᠪᠤᠯᠤᠨ᠎ᠠ᠃ ᠠᠳᠡᠬᠢ ᠶᠢᠨ ᠠᠷᠠᠳ ᠢᠷᠭᠡᠳ ᠳᠣᠰ ᠬᠤᠳᠠ ᠶᠢ ᠰᠧᠯᠠᠩᠴᠧᠩ ᠬᠤᠳᠠ ᠭᠡᠵᠤ ᠳᠠᠭᠤᠳᠠᠳᠠᠭ ᠪᠦᠭᠡᠳ | ᠭᠠᠴᠠᠭ᠎ᠠ ᠨᠢ ᠴᠦ ᠳᠣᠰ ᠨᠡᠷ᠎ᠡ ᠪᠠᠷ ᠨᠡᠷᠡᠶᠢᠳᠦᠭᠳᠡᠨ ᠰᠧᠯᠠᠩᠴᠧᠩ ᠭᠠᠴᠠᠭ᠎ᠠ ᠭᠡᠳᠡᠭ ᠶᠤᠮ᠃ ᠠᠷᠠᠳ ᠤᠳ ᠡᠨᠡᠬᠦ | ᠰᠧᠯᠠᠩᠴᠧᠩ ᠬᠤᠳᠠ ᠶᠢᠨ ᠪᠠᠭᠤᠷᠢ ᠶᠢ ᠶᠠᠨ ᠰᠧ ᠯᠠᠩ ᠤᠨ ᠬᠤᠳᠠ ᠭᠡᠵᠤ ᠳᠣᠮᠣᠭᠴᠢᠯᠠᠵᠤ ᠳᠠᠭᠤᠳᠠᠭᠰᠠᠭᠠᠷ | ᠢᠷᠡᠪᠡ᠃ ᠳᠡᠦᠬᠡᠨ ᠳᠡᠭᠡᠷ᠎ᠡ ᠶᠠᠨ ᠰᠧ ᠯᠠᠩ ᠤᠨ ᠦᠯᠢᠭᠡᠷ ᠪᠠᠶᠢᠳᠠᠭ ᠪᠤᠯᠪᠠᠴᠣ ᠲᠡᠷᠨ ᠨᠢ ᠠᠷᠤ ᠭᠠᠵᠠᠷ ᠪᠠᠶᠢᠵᠤ | ᠪᠤᠯᠤᠰᠢ ᠦᠭᠡᠢ ᠨᠢ ᠮᠡᠳᠡᠭᠡᠵᠢ ᠶᠢᠨ ᠬᠡᠷᠡᠭ ᠶᠤᠮ᠃ ᠰᠦᠩ ᠤᠯᠤᠰ ᠤᠨ ᠦᠶ᠎ᠡ ᠶᠢᠨ ᠶᠠᠨ ᠵᠢᠶᠠ ᠶᠢᠨ ᠦᠯᠢᠭᠡᠷ | ᠶᠠᠨ ᠰᠧ ᠯᠠᠨ ᠨᠢ ᠤᠳᠤ ᠶᠢᠨ ᠱᠠᠨ ᠰᠢ ᠮᠤᠵᠢ ᠶᠢᠨ ᠤᠷᠴᠢᠮ ᠳᠤ ᠭᠠᠷᠣᠭᠰᠠᠨ ᠶᠤᠮ᠃ ᠳᠡᠭᠡᠬᠦ ᠪᠠᠷ ᠶᠠᠭᠠᠬᠢᠨ | ᠠᠳᠡ ᠪᠠᠶᠢᠵᠤ ᠪᠤᠯᠬᠤ ᠠᠵᠠᠢ᠃ ᠳᠡᠭᠡᠪᠡᠯ ᠡᠨᠡ ᠦᠯᠢᠭᠡᠷ ᠪᠠᠷ ᠶᠠᠨ ᠰᠧ ᠯᠠᠩ ᠬᠤᠳᠠ ᠭᠡᠵᠤ | ᠳᠤᠮᠤᠭᠴᠢᠯᠠᠭᠳᠠᠭᠰᠠᠨ ᠨᠢ ᠶᠠᠭᠤᠨ ᠪᠤᠯᠪᠠ︖ ᠪᠢᠳᠡ ᠲᠡᠦᠬᠡ ᠪᠢᠴᠢᠭ ᠤᠨ ᠡᠰᠢ ᠪᠠᠷᠢᠮᠳᠠ ᠠᠴᠠ ᠳᠣᠳᠣᠷᠬᠠᠢ | ᠬᠠᠷᠢᠭᠤᠯᠳᠠ ᠤᠯᠵᠤ ᠪᠤᠯᠤᠨ᠎ᠠ᠃ | ᠠᠯᠳᠠᠨ ᠤᠯᠤᠰ ᠤᠨ ᠳᠡᠦᠬᠡ ᠪᠢᠴᠢᠭ ᠤᠨ ᠲᠦᠴᠢᠨ ᠲᠦᠷᠪᠡᠳᠦᠭᠡᠷ ᠪᠤᠳᠢ ᠶᠢᠨ ᠬᠤᠷᠢᠨ | ᠳᠠᠪᠤᠳᠤᠭᠠᠷ ︽ ᠴᠡᠷᠢᠭ︾ ᠭᠡᠰᠡᠨ ᠪᠦᠯᠦᠭ ᠪᠠ ᠬᠤᠷᠢᠨ ᠲᠦᠷᠪᠡᠳᠦᠭᠡᠷ ᠪᠤᠳᠢ ᠶᠢᠨ ︽ᠭᠠᠵᠠᠷ ᠵᠦᠢ ᠶᠢᠨ | ᠳᠡᠮᠳᠡᠭᠯᠡᠯ︾ ᠬᠡᠮᠡᠬᠦ ᠪᠦᠯᠦᠭ ᠤᠳ ᠲᠤ ︽ ᠬᠢᠯᠢ ᠶᠢᠨ ᠱᠤᠭᠤᠮ ᠢ ᠰᠠᠬᠢᠨ ᠳᠠᠷᠤᠩᠭᠤᠶᠢᠯᠠᠬᠤ ᠭᠤᠴᠢᠨ ᠨᠠᠢᠮᠠᠨ | ᠵᠸᠦ ᠶᠢᠨ ᠨᠢᠭᠡᠨ ᠠᠨᠤ ᠬᠤᠸᠠᠩᠵᠸᠤ ᠪᠤᠯᠤᠮᠤᠢ᠃ ᠵᠸᠤ ᠶᠢᠨ ᠵᠠᠬᠢᠷᠭ᠎ᠠ ᠶᠢ ᠤᠮᠠᠷᠠᠳᠣ ᠬᠢᠯᠢ ᠶᠢᠨ ᠬᠠᠭᠤᠴᠢᠨ ᠬᠡᠷᠡᠮ | ᠠᠴᠠ ᠡᠮᠦᠨ᠎ᠡ ᠭᠠᠵᠠᠷ ᠬᠠᠭᠠᠰ ᠤᠨ ᠵᠠᠢ ᠳᠤ ᠪᠠᠶᠢᠭᠤᠯᠪᠠᠢ︾ ᠭᠡᠵᠤ ᠬᠠᠭᠤᠴᠢᠨ ᠬᠤᠸᠠᠩᠵᠸᠤ ᠶᠢᠨ ᠪᠠᠶᠢᠷᠢᠰᠢᠯ ᠢ | ᠳᠤᠩ ᠳᠤᠳᠤᠷᠬᠠᠢ ᠳᠡᠮᠳᠡᠭᠯᠡᠵᠠᠢ᠃ ᠠᠯᠳᠠᠨ ᠤᠯᠤᠰ ᠤᠨ ︽ᠳ᠋ᠠ ᠳ᠋ᠢᠩ ᠤᠨ ᠳᠠᠪᠤᠳᠤᠭᠠᠷ ᠤᠨ ᠪᠤᠶᠤ 1165 | ᠤᠨ ᠳᠤ ᠶᠢᠨ ᠯᠢᠶᠠᠨ ᠴᠤᠸᠠᠨ ᠵᠤᠰᠠᠯᠠᠩ ᠨᠢ ︵ ᠰᠣᠯᠨ ᠤᠷᠳᠤᠨ᠂ ᠠᠳᠡ ᠰᠢᠨ᠎ᠡ ᠬᠤᠸᠠᠩᠵᠸᠤ ᠶᠢ ᠵᠢᠭᠠᠵᠤ | ᠪᠠᠶᠢᠨ᠎ᠠ︶ ᠪᠠᠷᠠᠭᠤᠨ ᠬᠤᠶᠢᠳᠤ ᠵᠠᠮ ᠢ ᠲᠦᠪᠰᠢᠳᠬᠡᠬᠦ ᠶᠠᠮᠤᠨ ᠤ ᠰᠠᠭᠤᠭ᠎ᠠ ᠶᠠᠨ ᠽᠠᠢ ᠴᠧᠩ ︵ ᠬᠤᠷᠢᠮ | ᠰᠣᠶᠣᠷᠬᠠᠯ ᠤᠨ ᠬᠤᠳᠠ ᠭᠡᠰᠡᠨ ᠬᠢᠳᠡᠳ ᠦᠬᠡᠨ ᠠᠴᠠ ᠢᠷᠡᠯᠳᠠᠢ︶ ᠶᠢᠨ ᠭᠠᠳᠠᠨ᠎ᠠ ᠤᠷᠤᠰᠢᠵᠤ ᠪᠠᠶᠢᠭᠰᠠᠨ ᠠᠴᠠ | ᠠᠯᠳᠠᠨ ᠤᠯᠤᠰ ᠤᠨ ᠶᠡᠭᠡ ᠳᠦᠰᠢᠮᠡᠳ ᠬᠠᠭᠠᠨ ᠤ ᠠᠮᠤᠷ ᠢ ᠪᠤᠳᠤᠵᠤ ᠪᠠᠷᠠᠭᠤᠨ ᠬᠤᠶᠢᠳᠤ ᠵᠠᠮ ᠢ ᠲᠦᠪᠰᠢᠳᠬᠡᠬᠦ | ᠶᠠᠮᠤᠨ ᠢ ᠤᠮᠠᠷᠠᠰᠢ ᠬᠢᠯᠢ ᠶᠢᠨ ᠬᠡᠷᠡᠮ ᠳᠡᠰᠢ ᠰᠢᠯᠵᠢᠭᠦᠯᠪᠡ᠃ ᠳ᠋ᠦ᠋ ᠵᠢᠶᠠ ︵ ᠬᠢᠨᠠᠭᠴᠢ︶ ᠳᠦᠰᠢᠮᠡᠯ ᠰᠠᠪᠠ ᠶᠢ | ᠶᠠᠨ ᠽᠠᠢ ᠴᠧᠩ ᠳᠤ ᠦᠯᠡᠳᠡᠭᠡᠵᠤ ᠵᠦᠷᠴᠢᠨ ᠮᠧᠩ ᠠᠨ ᠮᠤᠤ ᠺᠧ ᠶᠢᠨ ᠬᠡᠷᠡᠭ ᠢ ᠮᠡᠳᠡᠭᠦᠯᠪᠡ︾ ᠬᠡᠮᠡᠵᠦᠬᠦᠢ᠃ | ᠡᠬᠦᠨ ᠠᠴᠠ ᠦᠵᠡᠬᠦᠯ᠎ᠡ᠂ ᠶᠠᠨ ᠰᠧ ᠯᠠᠩ ᠤᠨ ᠬᠤᠳᠠ ᠭᠡᠳᠡᠭ ᠨᠢ ᠡᠨᠡᠬᠦ ᠶᠠᠨ ᠽᠠᠢ ᠴᠧᠩ ᠬᠤᠳᠠ ᠶᠢᠨ | ᠭᠠᠳᠠᠨ᠎ᠠ ᠤᠷᠤᠰᠢᠵᠤ ᠪᠠᠶᠢᠭᠰᠠᠨ ᠭᠡᠰᠡᠨ ᠦᠭᠡᠨ ᠠᠴᠠ ᠬᠠᠯᠠᠭᠤᠳᠠᠵᠤ ᠢᠷᠡᠭᠰᠡᠨ ᠳᠣᠮᠤᠭ ᠪᠣᠯᠣᠭᠰᠠᠨ ᠨᠢ ᠮᠡᠳᠡᠭᠡᠵᠢ | ᠶᠢᠨ ᠭᠡᠷᠡᠭ ᠪᠢᠯᠨ᠃ | ᠰᠢᠨ᠎ᠡ ᠬᠤᠸᠠᠩᠵᠸᠤ ᠪᠤᠯ ᠤᠤᠯ ᠨᠢ ᠬᠢᠳᠡᠨ ᠬᠠᠭᠠᠨ ᠤ ᠵᠤᠨ ᠤ ᠤᠷᠳᠤᠨ ᠪᠠᠶᠢᠵᠠᠢ᠃ ᠲᠠᠨ ᠱᠠᠨ | ᠠᠭᠤᠯᠠ ᠲᠠᠢ᠂ ᠬᠢᠳᠠᠨ ᠦᠬᠡᠨ ᠳᠤ ︽ ᠸᠠᠩ ᠭᠦᠸᠧ ᠠᠢ︾ ᠭᠡᠳᠡᠭ᠃ ᠠᠭᠤᠯᠠᠨ ᠠᠷᠤ ᠶᠢ ᠯᠢᠶᠠᠨ ᠰᠢᠩ ︵ | ᠰᠡᠷᠢᠬᠦᠨ ᠬᠦᠨᠳᠡᠢ︶ ᠭᠡᠵᠤ ᠵᠤᠰᠠᠯᠠᠩ ᠤᠨ ᠭᠠᠵᠠᠷ ᠪᠤᠯᠭᠠᠵᠤ ᠪᠠᠶᠢᠵᠠᠢ᠃ ᠠᠯᠳᠠᠨ ᠤᠯᠤᠰ ᠤᠨ ᠱᠾᠼᠦ᠋ᠩ | ᠬᠠᠭᠠᠨ ᠮᠦᠨ ᠲᠠᠨ ᠱᠠᠨ ᠠᠭᠤᠯᠨ ᠶᠢᠨ ᠠᠷᠤ ᠾᠧ ᠯᠠᠢ ᠭᠸᠦ ᠶᠢᠨ ᠵᠡᠭᠦᠨ ᠬᠦᠨᠳᠡᠢ ᠶᠢ ᠵᠤᠰᠠᠯᠠᠩ ᠤᠨ ᠭᠠᠵᠠᠷ | ᠢᠶᠠᠷ ᠰᠣᠩᠭᠤᠵᠤ ᠪᠢᠯᠨ᠃ ᠬᠦᠨᠳᠡᠢ ᠳᠤᠨᠢ ᠠᠯᠳᠠᠨ ᠯᠢᠩᠬᠤᠸ᠎ᠠ ᠴᠡᠴᠡᠭ ᠳᠡᠯᠭᠡᠷᠡᠳᠡᠭ ᠤᠨ ᠳᠤᠯᠨ ᠳ᠋ᠠ ᠳ᠋ᠢᠩ ᠤᠨ | ᠨᠠᠢᠮᠠᠳᠤᠭᠠᠷ ᠤᠨ᠂︵1168︶ ᠳᠤ ᠨᠡᠷ᠎ᠡ ᠶᠢ ᠨᠢ ᠶᠢᠨ ᠯᠢᠶᠠᠨ ᠴᠣᠸᠠᠨ ︵ ᠠᠯᠳᠠᠨ ᠯᠢᠩᠬᠤᠸ᠎ᠠ ᠶᠢᠨ ᠬᠦᠨᠳᠡᠢ | ᠭᠤᠪᠢ︶ ᠭᠡᠵᠤ ᠬᠡᠯᠡᠪᠡ᠃ ᠤᠳᠤ ᠶᠢᠨ ᠪᠤᠷᠤᠬᠤᠳᠠ ᠮᠠᠯᠵᠢᠯ ᠤᠨ ᠲᠠᠯᠠᠪᠠᠢ ᠶᠢᠨ ᠪᠠᠷᠠᠭᠤᠨ ᠬᠤᠶᠢᠳᠤᠬᠢ ᠳᠡᠭᠡᠳᠦ | ᠡᠬᠢᠨ ᠠᠴᠠ ᠠᠪᠤᠭᠠᠳ ᠱᠠᠩᠳᠤ ᠶᠢᠨ ᠭᠤᠤᠯ ︵ ᠯᠤᠸᠠᠨ ᠾᠧ︶ ᠤᠨ ᠬᠤᠶᠠᠷ ᠬᠦᠪᠡᠭᠡ ᠶᠢ ᠲᠠᠭᠠᠨ ᠬᠠᠭᠤᠴᠢᠨ | ᠪᠠ ᠰᠢᠨ᠎ᠡ ᠬᠤᠸᠠᠩᠵᠸᠤ ᠶᠢ ᠳᠠᠮᠵᠢᠨ᠂ ᠱᠠᠩᠳᠤ ᠨᠡᠶᠢᠰᠯᠡᠯ ︵ᠺᠠᠢ ᠫᠢᠩ ᠹᠦ᠋︶ ᠢ ᠳᠠᠭᠠᠷᠢᠨ᠂ ᠵᠡᠭᠦᠨ ᠡᠮᠦᠨᠡᠰᠢ | ᠵᠢᠷᠦᠬᠡ ᠶᠢᠨ ᠠᠭᠤᠯᠨ ᠶᠢᠨ ᠳᠣᠣᠷᠠᠳᠣ ᠡᠬᠢ ᠬᠦᠷᠳᠡᠯᠡᠬᠢ᠂ ᠬᠠᠮᠢᠭ᠎ᠠ ᠬᠠᠮᠢᠭᠠᠰᠢ ᠳᠠᠭᠠᠨ ᠵᠠᠭᠤᠨ ᠭᠠᠵᠠᠷ ᠤᠨ | ᠨᠠᠭᠠᠨ᠎ᠠ ᠴᠠᠭᠠᠨ᠎ᠠ ᠦᠷᠭᠦᠯᠵᠢᠯᠡᠭᠰᠡᠨ᠂ ᠠᠭᠤᠳᠠᠮ ᠰᠠᠷᠠᠭᠤᠯ ᠭᠤᠤᠯ ᠤᠨ ᠬᠦᠨᠳᠡᠢ ᠶᠢ ᠵᠢᠭᠠᠵᠤ ᠪᠠᠶᠢᠨ᠎ᠠ᠃ | ᠱᠾᠼᠦ᠋ᠩ ᠬᠠᠭᠠᠨ ᠨᠢ ᠪᠠᠰᠨ ᠰᠡᠷᠢᠭᠦᠨ ᠬᠦᠨᠳᠡᠢ ᠶᠢᠨ ᠰᠢᠨ᠎ᠡ ᠬᠤᠸᠠᠩᠵᠸᠤ ᠬᠤᠳᠠᠨ ᠳᠤ᠄ ︽ ᠵᠢᠩ ᠮᠢᠩ ᠭᠦᠩ | ᠤᠷᠳᠤᠨ᠂ ᠶᠠᠨ ᠡᠦ ᠳ᠋ᠢᠶᠠᠨ ᠬᠠᠷᠰᠢ ︵ ᠳᠠᠭᠳᠤ︶︾ ᠵᠡᠷᠭᠡ ᠰᠦᠷᠯᠢᠭ ᠰᠠᠶᠢᠬᠠᠨ ᠤᠷᠳᠤᠨ ᠬᠠᠷᠰᠢ ᠶᠢ | ᠴᠤᠭᠴᠠᠯᠠᠵᠤ᠂ ᠵᠤᠰᠠᠯᠠᠩ ᠤᠨ ᠭᠠᠵᠠᠷ ᠪᠤᠯᠭᠠᠵᠤ ᠪᠠᠶᠢᠵᠠᠢ᠃ ᠪᠠᠷᠠᠭᠤᠨ ᠬᠤᠶᠢᠳᠤ ᠵᠠᠮ ᠢ ᠲᠦᠪᠰᠢᠳᠬᠡᠬᠦ ᠶᠠᠮᠤᠨ ᠨᠢ | ᠠᠳᠡ ᠰᠢᠯᠵᠢᠨ ᠪᠠᠶᠢᠭᠰᠠᠨ ᠤ ᠤᠴᠢᠷ ᠬᠤᠸᠠᠩᠵᠸᠤ ᠨᠢ ᠠᠯᠳᠠᠨ ᠤᠯᠤᠰ ᠤᠨ ᠨᠢᠭᠡᠨ ᠵᠦᠭ ᠢ ᠳᠠᠷᠤᠵᠤ | ᠰᠠᠭᠤᠭᠰᠠᠨ᠂ ᠴᠡᠷᠢᠭ ᠤᠨ ᠶᠠᠪᠤᠳᠠᠯ ᠤᠨ ᠴᠢᠬᠤᠯᠨ ᠬᠤᠳᠠ ᠪᠤᠯᠵᠤᠬᠤᠢ᠃ ᠳᠡᠮᠳᠡᠭᠯᠡᠯ ᠢ ᠦᠨᠳᠦᠰᠦᠯᠡᠪᠡᠯ ᠳᠤᠬᠠᠢ | ᠶᠢᠨ ᠦᠶ᠎ᠡ 578 ᠡᠷᠦᠬᠡ ᠲᠠᠢ᠂ ᠵᠸᠤ ᠶᠢᠨ ᠲᠦᠪ ᠤᠨ ᠰᠠᠭᠤᠭ᠎ᠠ᠂ ᠴᠧᠩ ᠰᠢ ᠰᠢᠶᠠᠨ ᠢ ᠬᠠᠷᠢᠶᠠᠯᠠᠨ᠎ᠠ᠃ ᠳᠤᠰ | ᠰᠢᠶᠠᠨ ᠨᠢ ᠮᠢᠩ ᠴᠠᠩ ᠤᠨ ᠲᠦᠷᠪᠡᠳᠦᠭᠡᠷ ᠣᠨ ᠳᠤ ᠪᠠᠶᠢᠭᠤᠯᠪᠠᠢ᠃ 1196 ᠤᠨ ᠳᠤ ᠼᠠᠱᠢ ᠶᠢᠨ ᠳᠡᠰ ᠤᠨ | ᠵᠸᠤ ᠪᠤᠯᠭᠠᠪᠠ ᠭᠡᠵᠠᠢ᠃ ᠠᠯᠳᠠᠨ ᠤᠯᠤᠰ ᠤᠨ ᠲᠡᠦᠬᠡ ᠳᠡᠮᠳᠡᠭᠯᠡᠯ ︵ ᠬᠢᠳᠡᠳ ᠬᠡᠪᠯᠡᠯ︶ ᠤᠨ ᠬᠤᠷᠢᠨ | ᠲᠦᠷᠪᠡᠳᠦᠭᠡᠷ ᠪᠤᠳᠢ ᠶᠢᠨ ︽ ᠭᠠᠵᠠᠷ ᠵᠦᠢ ᠶᠢᠨ ᠳᠡᠮᠳᠡᠭᠯᠡᠯ︾ ᠤᠨ ᠳᠡᠭᠡᠳᠦ ᠪᠦᠯᠦᠭ ᠲᠤ ᠪᠤᠢ᠃ ᠳᠠᠬᠢᠪᠠᠯ | ᠵᠢᠷᠭᠤᠳᠤᠭᠠᠷ ᠳᠡᠪᠳᠡᠷ ᠤᠨ ︽ ᠱᠾᠼᠦ᠋ᠩ︾ ᠤᠨ ᠳᠡᠭᠡᠳᠦ ᠪᠦᠯᠦᠭ ᠲᠤ ︽ᠵᠧᠩ ᠯᠦᠩ ᠤᠨ ᠲᠠᠪᠤᠳᠤᠭᠠᠷ | ᠤᠨ ︵1160︶ ᠳᠤ ᠠᠯᠳᠠᠨ ᠤᠯᠤᠰ ᠤᠨ ᠬᠠᠢ ᠯᠢᠩ ᠸᠠᠩ᠂ ᠡᠮᠦᠨᠡᠳᠦ ᠰᠦᠩ ᠣᠯᠣᠰ ᠲᠠᠢ ᠶᠡᠭᠡ ᠪᠠᠷ | ᠳᠠᠶᠢᠯᠠᠯᠳᠣᠵᠣ ᠤᠮᠠᠷ᠎ᠠ ᠳᠠᠯ᠎ᠠ ᠳᠤ ᠬᠢᠳᠠᠨ ᠢ ᠳᠠᠷᠤᠩᠭᠤᠶᠢᠯᠠᠪᠠ ᠃ ᠲᠤᠬᠠᠢ ᠶᠢᠨ ᠦᠶ᠎ᠡ ᠳᠤ ᠠᠯᠳᠠᠨ ᠤᠯᠤᠰ ᠤᠨ | ᠬᠤᠶᠢᠳᠤ ᠬᠢᠯᠢ ᠳᠤ ᠬᠡᠷᠡᠭ ᠤᠴᠢᠷ ᠡᠳᠦᠷ ᠢᠷᠡᠬᠦᠶ᠎ᠡ ᠤᠯᠠᠳᠠᠵᠤ᠂ ᠳᠠᠭᠠᠭᠤᠯᠤᠭᠰᠠᠨ ᠡᠯ᠎ᠡ ᠪᠠᠭ᠎ᠠ ᠠᠶᠢᠮᠠᠭ ᠪᠦᠯᠦᠭ | ᠦᠷᠭᠦᠯᠵᠢ ᠠᠯᠳᠠᠨ ᠤᠯᠤᠰ ᠲᠠᠢ ᠳᠠᠶᠢᠳᠣᠵᠤ᠂ ᠵᠦᠷᠢᠴᠡᠯ ᠶᠠᠪᠤᠬᠤ ᠳᠤᠳᠤᠮ ᠬᠤᠷᠴᠠᠳᠤᠨ ᠠᠷᠭ᠎ᠠ ᠪᠤᠰᠣ ᠴᠡᠷᠢᠭ | ᠳᠠᠶᠢᠨ ᠢᠶᠠᠷ ᠵᠦᠷᠢᠴᠡᠯ ᠢ ᠰᠢᠢᠳᠪᠦᠷᠢᠯᠡᠬᠦ ᠦᠭᠡᠢ ᠪᠠᠶᠢᠬᠤ ᠶᠢᠨ ᠠᠷᠭ᠎ᠠ ᠦᠭᠡᠢ ᠪᠤᠯᠪᠠ᠃ ᠠᠯᠳᠠᠨ ᠤᠯᠤᠰ ᠤᠨ | ᠳᠠᠶᠢᠳᠤᠯᠭᠠ ᠨᠢ ᠬᠢᠳᠠᠨᠴᠤᠳ ᠲᠤ ᠬᠦᠨᠳᠦ ᠰᠦᠷᠬᠡᠢ ᠴᠤᠬᠢᠯᠳᠠ ᠪᠤᠯᠵᠤ ᠬᠢᠳᠠᠨ ᠬᠦᠮᠦᠨ ᠦᠪᠡᠷ ᠢ ᠪᠠᠨ | ᠬᠠᠮᠠᠭᠠᠯᠠᠵᠤ ᠤᠷᠤᠰᠢᠨ ᠲᠤᠭᠳᠠᠨᠢᠬᠤ ᠶᠢᠨ ᠲᠦᠯᠦᠭᠡ ︽ᠵᠧᠨ ᠯᠦᠩ ᠤᠨ ᠵᠢᠷᠭᠤᠳᠤᠭᠠᠷ ᠤᠨ ︵1161︶ ᠳᠤ | ᠦᠸᠧ ᠬᠠᠨ ᠦᠪᠡᠷ ᠢ ᠪᠠᠨ ᠬᠠᠭᠠᠨ ᠡᠷᠭᠦᠮᠵᠢᠯᠡᠨ ᠪᠤᠰᠣᠯᠭᠠ ᠶᠢᠨ ᠶᠡᠭᠡ ᠴᠡᠷᠢᠭ ᠢ ᠵᠤᠬᠢᠶᠠᠨ ᠪᠠᠶᠢᠭᠤᠯᠵᠤ ᠠᠯᠳᠠᠨ | ᠤᠯᠤᠰ ᠲᠠᠢ ᠠᠮᠢ ᠴᠦᠯᠡᠨ ᠪᠠᠶᠢᠯᠳᠤᠪᠠ᠃ ᠳᠡᠭᠦᠨ ᠤ ᠵᠢᠯᠤᠭᠤᠳᠤᠯᠭ᠎ᠠ ᠳᠣᠣᠷ᠎ᠠ ᠨᠠᠢᠮᠠᠨ ᠲᠦᠮᠡᠨ ᠴᠡᠷᠢᠭ ᠮᠤᠷᠢ | ᠬᠦᠳᠡᠯᠵᠤ᠂ ᠠᠯᠳᠠᠨ ᠣᠯᠣᠰ ᠲᠠᠢ ᠲᠦᠷᠪᠡᠨ ᠵᠢᠯ ᠤᠨ ᠬᠠᠳᠠᠭᠤ ᠰᠢᠷᠦᠬᠦᠨ ᠳᠠᠶᠢᠯᠠᠯᠳᠣᠭᠠᠨ ᠢ ᠦᠷᠭᠦᠯᠵᠢᠯᠡᠭᠦᠯᠪᠡ︾ | ᠭᠡᠵᠠᠢ ᠃ ᠡᠨᠡᠬᠦ ᠳᠠᠶᠢᠯᠠᠯᠳᠤᠭᠠᠨ ᠨᠢ ᠠᠯᠳᠠᠨ ᠤᠯᠤᠰ ᠲᠤ ᠬᠦᠮᠦᠨ ᠮᠤᠷᠢ ᠡᠳ᠋ ᠪᠤᠳᠠᠰ᠂ ᠴᠡᠷᠢᠭ ᠤᠨ ᠶᠠᠪᠤᠳᠠᠯ | ᠤᠨ ᠲᠠᠯ᠎ᠠ ᠪᠠᠷ ᠳᠤᠩ ᠶᠡᠭᠡ ᠬᠤᠬᠢᠷᠠᠯ ᠠᠪᠴᠢᠷᠠᠪᠠ᠃ ︽ᠳ᠋ᠠ ᠳ᠋ᠢᠩ ᠤᠨ ᠬᠤᠶᠠᠳᠤᠭᠠᠷ ᠣᠨ ᠤ ᠶᠢᠰᠦᠨ ᠰᠠᠷ᠎ᠠ ᠳᠤ | ︵1164︶ ᠪᠣᠰᠣᠯᠭ᠎ᠠ ᠶᠢᠨ ᠴᠡᠷᠢᠭ ᠨᠢ ᠳᠤᠳᠤᠭᠠᠳᠤ ᠠᠴᠠ ᠪᠠᠨ ᠬᠠᠭᠠᠴᠠᠯ ᠡᠭᠦᠰᠦᠭᠰᠡᠨ ᠠᠴᠠ ᠪᠤᠯᠵᠤ ᠦᠸᠧ | ᠬᠠᠨ ᠲᠦᠷᠦᠭᠦᠳᠠᠢ ᠶᠡᠭᠡ ᠴᠡᠷᠢᠭ ᠨᠢ ᠠᠯᠳᠠᠨ ᠤᠯᠤᠰ ᠲᠤ ᠪᠦᠷᠢᠮᠦᠰᠦᠨ ᠳᠠᠷᠤᠩᠭᠤᠶᠢᠯᠠᠭᠳᠠᠪᠠ︾᠃ ᠠᠯᠳᠠᠨ | ᠤᠯᠤᠰ ᠨᠢ ᠡᠨᠡ ᠤᠳᠠᠭᠠᠨ ᠤ ᠬᠡᠳᠦᠨ ᠵᠢᠯ ᠤᠨ ᠳᠠᠶᠢᠨ ᠵᠢᠭᠤᠷᠭᠠᠨ ᠠᠴᠠ ᠰᠣᠷᠭᠠᠮᠵᠢ ᠠᠪᠴᠤ ᠬᠢᠯᠢ ᠬᠢᠵᠠᠭᠠᠷ | ᠢᠶᠠᠨ ᠪᠠᠬᠢᠯᠡᠨ ᠰᠡᠷᠭᠡᠶᠢᠯᠡᠬᠦ ᠠᠷᠭ᠎ᠠ ᠬᠡᠮᠵᠢᠶ᠎ᠡ ᠠᠪᠤᠪᠠ᠃ ᠳᠡᠳᠡ ᠬᠢᠯᠢ ᠳᠠᠭᠠᠤ ᠳᠠᠪᠬᠤᠷ ᠳᠠᠪᠬᠤᠷ ᠦᠨᠳᠦᠷ ᠬᠡᠷᠡᠮ᠂ | ᠫᠤᠤᠳᠠᠢ ᠴᠤᠭᠴᠠᠯᠠᠵᠤ᠂ ᠭᠦᠨ ᠭᠤᠤ ᠮᠠᠯᠳᠠᠨ ᠬᠤᠶᠢᠳᠤ ᠪᠡᠶ᠎ᠡ ᠠᠴᠠ ᠨᠡᠭᠦᠳᠡᠯᠴᠢᠨ ᠠᠠᠶᠢᠮᠠᠭ ᠪᠦᠯᠦᠭ ᠤᠨ ᠴᠡᠷᠢᠭ | ᠮᠤᠷᠢ ᠴᠦᠮᠦᠷᠡᠨ ᠤᠷᠤᠵᠤ ᠢᠷᠡᠬᠦ ᠶᠢ ᠰᠡᠷᠭᠡᠶᠢᠯᠡᠵᠤ ᠶᠡᠭᠡ ᠬᠡᠮᠵᠢᠶ᠎ᠡ ᠪᠠᠷ ᠴᠡᠷᠢᠭ ᠮᠤᠷᠢ ᠳᠠᠳᠠᠨ ᠨᠡᠮᠡᠵᠤ ᠬᠢᠯᠢ | ᠳᠠᠭᠠᠤ ᠰᠠᠭᠤᠯᠭᠠᠪᠠ᠃ ᠡᠨᠡ ᠤᠳᠠᠭᠠᠨ ᠤ ᠪᠠᠶᠢᠭᠤᠯᠤᠭᠰᠠᠨ ᠬᠢᠯᠢ ᠶᠢᠨ ᠬᠡᠷᠡᠮ᠂ ᠤᠨᠤᠭᠤᠯᠢ ᠭᠤᠤ ᠨᠢ ᠤᠳᠤ ᠶᠢᠨ | ᠱᠠᠩᠳᠣ ᠰᠢᠶᠠᠨ ᠠᠴᠠ ᠡᠬᠢᠯᠡᠨ᠂ ᠬᠦᠪᠡᠭᠡᠳᠦ ᠰᠢᠷ᠎ᠠ ᠂ ᠰᠢᠯᠤᠭᠤᠨ ᠬᠦᠬᠡ᠂ ᠬᠡᠰᠢᠭᠳᠡᠨ ᠵᠡᠷᠭᠡ ᠬᠤᠰᠢᠭᠤᠳ ᠢ | ᠳᠠᠮᠵᠢᠨ ᠤᠷᠳᠤ ᠪᠠᠷ ᠢᠶᠠᠨ600 ᠭᠠᠷᠤᠢ ᠭᠠᠵᠠᠷ ᠦᠷᠭᠦᠯᠵᠢᠯᠡᠭᠰᠡᠨ ᠪᠠᠶᠢᠨ᠎ᠠ᠃ ᠡᠭᠦᠨ ᠤ ᠬᠠᠮᠳᠣ ︽ᠳ᠋ᠠ ᠳ᠋ᠢᠩ | ᠤᠨ ᠳᠠᠪᠤᠳᠤᠭᠠᠷ ᠤᠨ ︵1165︶ ᠳᠤ ᠵᠤᠤ ᠲᠠᠢ ᠵᠸᠤ᠂ ᠯᠢᠨ ᠬᠤᠸᠠᠩ ᠵᠡᠷᠭᠡ ᠬᠢᠯᠢ ᠶᠢᠨ ᠵᠠᠭᠠᠭ ᠬᠢᠵᠠᠭᠠᠷ | ᠲᠤ ᠰᠡᠷᠭᠡᠶᠢᠯᠡᠯᠳᠡ ᠶᠢᠨ ᠫᠤᠤᠲᠠᠢ 70 ᠶᠢ ᠵᠠᠰᠠᠵᠤ᠂ ᠰᠠᠭᠤᠭ᠎ᠠ ᠴᠡᠷᠢᠭ ᠮᠤᠷᠢ 13000 ᠪᠠᠷ ᠨᠡᠮᠡᠭᠳᠡᠭᠦᠯᠪᠡ︾ | ᠭᠡᠵᠡᠢ᠃ ᠢᠩᠭᠢᠭᠡᠳ ᠬᠢᠯᠢ ᠬᠢᠵᠠᠭᠠᠷ ᠤᠨ ᠠᠷᠠᠳ ᠢᠶᠠᠷ ᠭᠤᠤᠯ ᠪᠤᠯᠭᠠᠨ ᠰᠡᠷᠭᠡᠶᠢᠯᠡᠵᠤ ᠪᠠᠶᠢᠭᠰᠠᠨ ᠢᠶᠠᠨ | ᠦᠭᠡᠷᠡᠴᠢᠯᠡᠵᠤ ᠴᠡᠷᠢᠭ ᠠᠩᠭᠢ ᠪᠠᠷ ᠰᠡᠷᠭᠡᠶᠢᠯᠡᠬᠦ ᠶᠢ ᠭᠤᠤᠯ ᠪᠤᠯᠭᠠᠪᠠ᠃ ᠮᠦᠨ ᠳᠣᠰ ᠵᠢᠯ ᠳᠤ ᠠᠯᠳᠠᠨ ᠤᠯᠤᠰ | ᠤᠨ ᠱᠾᠼᠦ᠋ᠩ ᠬᠠᠭᠠᠨ᠂ ᠵᠤᠤ ᠲᠤᠤ ᠰᠧ ︵ᠵᠤᠴᠢᠯᠠᠨ ᠶᠠᠷᠢᠯᠴᠠᠬᠤ︶ ᠶᠠᠮᠤᠨ ᠬᠤᠶᠠᠷ ᠢ ᠨᠡᠮᠡᠵᠤ ᠪᠠᠶᠢᠭᠤᠯᠪᠠ᠃ | ᠨᠢᠭᠡ ᠠᠨᠤ ᠪᠠᠷᠠᠭᠤᠨ ᠵᠠᠮ ᠤᠨ ᠹᠠᠩᠵᠸᠤ ︵ ᠬᠦᠬᠡᠬᠤᠳᠠ ᠶᠢᠨ ᠡᠮᠦᠨ᠎ᠡ︶᠂ ᠨᠦᠬᠦᠬᠡ ᠨᠢ ᠠᠷᠤ ᠬᠢᠵᠠᠭᠠᠷ ᠤᠨ | ᠰᠢᠨ᠎ᠡ ᠬᠤᠸᠠᠩᠵᠸᠤ ᠪᠤᠯᠤᠨ᠎ᠠ᠃ ᠠᠯᠳᠠᠨ ᠤᠯᠤᠰ ᠤᠨ ᠳᠡᠦᠬᠡ ᠪᠢᠴᠢᠭ ︵ ᠬᠢᠳᠠᠳ ᠬᠡᠪᠯᠡᠯ︶ ᠤᠨ ᠲᠦᠴᠢᠨ | ᠲᠦᠷᠪᠡᠳᠦᠭᠡᠷ ᠪᠤᠳᠢ ᠶᠢᠨ ᠬᠤᠷᠢᠨ ᠳᠠᠪᠤᠳᠤᠭᠠᠷ ︽ᠴᠡᠷᠢᠭ︾ ᠭᠡᠰᠡᠨ ᠪᠦᠯᠦᠭ ᠲᠤ ᠪᠤᠢ᠃ ᠢᠯᠠᠩᠭᠤᠶ᠎ᠠ | ᠵᠢᠷᠭᠤᠳᠤᠭᠠᠷ ᠪᠤᠳᠢ ᠶᠢᠨ ︽ᠱᠾᠼᠦ᠋ᠩ ᠤᠨ ᠳᠡᠮᠳᠡᠭᠯᠡᠯ ᠪᠦᠯᠦᠭ ᠤᠨ ᠳᠡᠭᠡᠳᠦ︾ ᠬᠡᠮᠡᠬᠦ ᠪᠦᠯᠦᠭ ᠲᠤ ︽ | ᠱᠾᠼᠦ᠋ᠩ ᠬᠠᠭᠠᠨ ᠳ᠋ᠠ ᠳ᠋ᠢᠩ ᠤᠨ ᠠᠷᠪᠠᠨ ᠬᠤᠶᠠᠳᠤᠭᠠᠷ ᠤᠨ ︵1172︶ ᠠᠴᠠ ᠡᠬᠢᠯᠡᠨ ᠶᠢᠨ ᠯᠢᠶᠠᠨ ᠴᠤᠸᠠᠨ | ︵ ᠰᠡᠷᠢᠭᠦᠨ ᠬᠦᠨᠳᠡᠢ︶ ᠳᠤ ᠰᠢᠨ᠎ᠡ ᠪᠠᠷᠢᠭᠰᠠᠨ ᠵᠤᠰᠠᠯᠠᠩ ᠤᠨ ᠤᠷᠳᠤᠨ ᠰᠢᠨ᠎ᠡ ᠬᠤᠸᠠᠩᠵᠸᠤ ᠳᠤ ᠠᠩᠬ᠎ᠠ | ᠤᠳᠠᠭ᠎ᠠ ᠵᠤᠰᠠᠪᠠ᠃ ᠡᠨᠡ ᠦᠶ᠎ᠡ ᠰᠢᠨ᠎ᠡ ᠬᠤᠸᠠᠩᠵᠸᠤ ᠬᠤᠳᠠ ᠪᠠᠶᠢᠭᠤᠯᠤᠭᠳᠠᠭᠠᠳ ᠨᠢᠭᠡᠨᠳᠡ ᠳᠤᠯᠤᠭᠠᠨ ᠵᠢᠯ | ᠪᠤᠯᠵᠤᠬᠤᠢ ︾ ᠬᠡᠵᠤ ᠳᠤᠳᠤᠷᠬᠠᠢ ᠳᠡᠮᠳᠡᠭᠯᠡᠵᠤ ᠪᠤᠢ᠃ ᠡᠭᠦᠨ ᠢᠶᠠᠷ ᠦᠵᠡᠬᠦ ᠳᠤ ᠰᠢᠨ᠎ᠡ ᠬᠤᠸᠠᠩᠵᠸᠤ ᠬᠤᠳᠠ ᠨᠢ | ᠱᠾᠼᠦ᠋ᠩ ᠬᠠᠭᠠᠨ ᠤ ᠳ᠋ᠠ ᠳ᠋ᠢᠩ ᠤᠨ ᠳᠠᠪᠤᠳᠤᠭᠠᠷ ᠤᠨ ︵1165︶ ᠳᠤ ᠨᠢᠭᠡᠨᠳᠡ ᠪᠠᠶᠢᠭᠤᠯᠤᠭᠳᠠᠭᠠᠳ ᠪᠠᠶᠢᠵᠠᠢ | ᠃ | ᠰᠢᠨ᠎ᠡ ᠬᠤᠸᠠᠩᠵᠸᠤ ᠬᠤᠳᠠ ᠶᠢᠨ ᠬᠡᠪᠴᠢᠶ᠎ᠡ ᠨᠢ ᠨᠡᠯᠢᠶᠡᠳ ᠦᠷᠭᠡᠨ ᠠᠭᠤᠳᠠᠮ᠂ ᠬᠤᠳᠠ ᠶᠢᠨ ᠬᠡᠯᠪᠡᠷᠢ | ᠨᠢ ᠤᠷᠳᠤ ᠲᠦᠷᠪᠡᠯᠵᠢᠨ ᠶᠤᠮ᠃ ᠠᠩᠬ᠎ᠠ ᠬᠠᠶᠢᠨ ᠬᠡᠮᠵᠢᠭᠰᠡᠨ ᠢᠶᠠᠷ ᠬᠤᠶᠢᠰᠢ ᠤᠷᠤᠭᠰᠢ 1106 ᠮᠧᠲᠷ᠂ | ᠵᠡᠭᠦᠨᠰᠢ ᠪᠠᠷᠠᠭᠤᠨᠰᠢ1050 ᠮᠧᠲᠷ ᠂ ᠦᠷᠭᠡᠷᠢᠭ ᠤᠷᠳᠤᠷᠢᠭ ᠢᠶᠠᠷ ᠪᠠᠷᠠᠭᠤᠨᠰᠢ ᠵᠢᠰᠢᠬᠦᠦ ᠬᠤᠶᠠᠷ ᠭᠷᠠᠳᠦ᠋ᠰ | ᠪᠠᠶᠢᠨ᠎ᠠ᠃ ᠬᠤᠳᠠ ᠶᠢᠨ ᠭᠡᠷᠡᠮ ᠢ ᠮᠤᠳᠤᠨ ᠬᠠᠪᠳᠠᠰᠣ ᠬᠠᠪᠴᠢᠵᠤ ᠪᠠᠶᠢᠭᠠᠳ᠂ ᠳᠠᠪᠬᠤᠷ ᠳᠠᠪᠬᠤᠷ ᠭᠡᠰᠡᠭᠯᠡᠨ | ᠰᠢᠷᠤᠢ ᠪᠠᠷ ᠬᠠᠩᠳᠠᠵᠤ ᠭᠠᠷᠭᠠᠭᠰᠠᠨ ᠪᠠᠶᠢᠨ᠎ᠠ᠃ ᠬᠠᠩᠳᠠᠮᠠᠯ ᠤᠨ ᠵᠤᠵᠠᠭᠠᠨ ᠨᠢᠭᠡ ᠲᠦᠬᠡ ᠪᠠᠶᠢᠵᠤ ᠮᠤᠳᠤᠨ | ᠳ᠋ᠦᠩᠰᠦ ︵ ᠯᠠᠨᠲᠸᠤ︶ ᠪᠠᠷ ᠳᠠᠭᠰᠢᠷᠠᠭᠤᠯᠤᠨ ᠴᠤᠬᠢᠭᠰᠠᠨ ᠤᠷᠤ ᠮᠦᠷᠦ ᠳᠤᠳᠤᠷᠬᠠᠢ ᠪᠠᠶᠢᠯ᠎ᠠ᠃ ᠬᠤᠳᠠ ᠶᠢᠨ | ᠬᠡᠷᠡᠮ ᠢ ᠲᠠᠭᠠᠨ ᠭᠠᠳᠠᠭᠰᠢ ᠲᠦᠷᠦᠨ ᠭᠠᠷᠤᠭᠰᠠᠨ ᠪᠠᠶᠢᠯᠳᠤᠭᠠᠨ ᠤ ᠬᠠᠯᠬᠠᠪᠴᠢ ᠬᠡᠷᠡᠮ ︵ ᠫᠤᠤᠲᠠᠢ︶ ᠨᠢ ᠳᠠᠪᠢᠨ | ᠮᠧᠲᠷ ᠪᠦᠷᠢ ᠳᠤ ᠨᠢᠬᠡ ᠠᠯᠤᠰᠯᠠᠨ ᠪᠠᠷᠢᠵᠠᠢ᠃ ᠲᠦᠷᠪᠡᠨ ᠦᠨᠴᠦᠭ ᠲᠡᠭᠡᠨ ᠪᠦᠷ ᠦᠨᠴᠦᠭ ᠤᠨ ᠠᠰᠠᠷ ᠳᠠᠭᠳᠤ | ᠶᠢᠨ ᠪᠠᠭᠤᠷᠢ ᠲᠠᠢ᠃ ᠬᠤᠳᠠ ᠶᠢᠨ ᠵᠡᠭᠦᠨ ᠪᠠ ᠪᠠᠷᠠᠭᠤᠨ ᠡᠮᠦᠨ᠎ᠡ ᠬᠡᠷᠡᠮ ᠳᠡᠭᠡᠨ ᠳᠣᠰ ᠪᠦᠷᠢ ᠨᠢᠭᠡ ᠡᠭᠦᠳᠡ | ᠵᠤᠬᠢᠶᠠᠵᠤ ᠬᠠᠭᠠᠯᠭ᠎ᠠ ᠪᠦᠷᠢ ᠶᠢᠨ ᠭᠠᠳᠠᠭᠤᠷ ᠢᠶᠠᠨ ᠪᠦᠷ ᠮᠤᠷᠢᠨ ᠳᠤᠭᠤᠷᠠᠢ ᠶᠢᠨ ᠬᠡᠯᠪᠡᠷᠢ ᠶᠢᠨ ᠬᠠᠯᠬᠠᠪᠴᠢ ᠬᠡᠷᠡᠮ | ᠲᠠᠢ ᠃ ᠪᠠᠷᠠᠭᠤᠨ ᠬᠡᠷᠡᠮ ᠤᠨ ᠳᠤᠮᠳᠠ ᠬᠠᠪᠢ ᠳᠤ ᠨᠢᠬᠡ ᠶᠡᠭᠡ ᠰᠡᠳᠡᠷᠬᠡᠢ ᠪᠤᠢ᠃ ᠤᠤᠯ ᠨᠢ ᠡᠭᠦᠳᠡ ᠪᠠᠶᠢᠵᠤ᠂ | ᠤᠨ ᠵᠢᠯ ᠤᠨ ᠤᠳᠠᠭᠠᠨ ᠠᠴᠠ ᠪᠤᠯᠵᠤ ᠴᠤᠴᠠᠷᠠᠭᠰᠠᠨ ᠪᠠᠶᠢᠵᠤ ᠮᠠᠭᠠᠳ᠃ ᠬᠤᠶᠢᠳᠤ ᠬᠡᠷᠡᠮ ᠳᠡᠭᠡᠨ ᠡᠭᠦᠳᠡ | ᠦᠭᠡᠢ᠃ ᠬᠤᠳᠠ ᠶᠢᠨ ᠭᠠᠳᠠᠷ ᠬᠡᠷᠡᠮ ᠢ ᠠᠰᠢᠭᠯᠠᠨ ᠬᠤᠳᠠ ᠶᠢᠨ ᠵᠡᠭᠦᠨ ᠬᠤᠶᠢᠨ᠎ᠠ ᠦᠨᠴᠦᠭ ᠲᠤ ᠨᠢᠭᠡ ᠳᠡᠭ | ᠲᠦᠷᠪᠡᠯᠵᠢᠨ ᠬᠡᠯᠪᠡᠷᠢ ᠶᠢᠨ ᠳᠤᠳᠤᠷ᠎ᠠ ᠬᠤᠳᠠ ᠪᠠᠶᠢᠵᠤ ᠳᠠᠯᠠᠪᠠᠢ ᠨᠢ 7600 ᠳᠡᠭᠰᠢ ᠲᠦᠷᠪᠡᠯᠵᠢᠨ ᠮᠧᠲᠷ ᠪᠤᠢ᠃ | ᠳᠡᠭᠦᠨ ᠳᠤ ᠡᠮᠦᠨ᠎ᠡ ᠪᠠ ᠪᠠᠷᠠᠭᠤᠨ ᠬᠤᠶᠠᠷ ᠲᠠᠯ᠎ᠠ ᠶᠢᠨ ᠬᠡᠷᠡᠮ ᠲᠠᠢ᠃ ᠵᠡᠭᠦᠨ ᠪᠠ ᠬᠤᠶᠢᠳᠤ ᠬᠡᠷᠡᠮ ᠨᠢ ᠶᠡᠭᠡ | ᠬᠤᠳᠠ ᠶᠢᠨ ᠬᠡᠷᠡᠮ ᠢ ᠠᠰᠢᠭᠯᠠᠵᠤᠬᠤᠢ᠃ ᠡᠮᠦᠨ᠎ᠡ ᠬᠡᠷᠡᠮ ᠳᠡᠭᠡᠨ ᠨᠢᠬᠡ ᠡᠭᠦᠳᠡ ᠲᠠᠢ ᠃ ᠬᠤᠳᠠᠨ ᠳᠤᠳᠤᠷ᠎ᠠ | ᠤᠷᠳᠤᠨ ᠬᠠᠷᠰᠢ ᠶᠢᠨ ᠪᠠᠭᠤᠷᠢ ᠮᠡᠳᠡᠭᠳᠡᠬᠦᠶᠢᠴᠡ ᠪᠠᠶᠢᠭ᠎ᠠ ᠨᠢ ᠲᠦᠷᠪᠡ ᠪᠠᠶᠢᠨ᠎ᠠ᠃ ᠤᠷᠳᠤᠨ ᠬᠠᠷᠰᠢ ᠶᠢᠨ | ᠬᠡᠪᠴᠢᠶ᠎ᠡ ᠨᠢ ᠬᠠᠮᠢᠭ᠎ᠠ ᠬᠠᠮᠢᠭᠠᠰᠢ ᠳᠤ ᠪᠠᠨ ᠬᠤᠷᠢᠨ ᠨᠠᠢᠮᠠᠨ ᠮᠧᠲᠷ ᠪᠠᠶᠢᠨ᠎ᠠ᠃ ᠪᠠᠭᠤᠷᠢ ᠶᠢᠨ ᠳᠡᠭᠡᠷ᠎ᠡ ᠪᠠᠷᠢᠯᠭ᠎ᠠ | ᠶᠢᠨ ᠸᠠᠭᠠᠷ ᠳᠣᠭᠤᠰᠬ᠎ᠠ ᠶᠢᠨ ᠬᠡᠮᠬᠡᠷᠬᠡᠢ ᠭᠠᠵᠠᠷ ᠰᠠᠢ ᠦᠭᠡᠢ ᠪᠤᠳᠠᠷᠠᠨ ᠬᠠᠷᠠᠭᠳᠠᠨ᠎ᠠ᠃ ᠪᠠᠷᠢᠯᠭ᠎ᠠ ᠳᠤ ᠬᠡᠷᠡᠭᠰᠡᠬᠦ | ᠰᠡᠶᠢᠯᠤᠮᠡᠯ ᠴᠢᠯᠠᠭᠤ᠂ ᠰᠢᠷᠳᠡᠮᠡᠯ ᠭᠠᠳᠠᠷ ᠲᠠᠢ ᠸᠠᠭᠠᠷ ᠵᠡᠷᠭᠡ ᠪᠠᠶᠢᠬᠤ ᠠᠴᠠ ᠦᠵᠡᠬᠦ ᠳᠤ ᠯᠤᠳᠤ ᠶᠡᠭᠡ ᠤᠷᠳᠤᠨ | ᠬᠠᠷᠰᠢ ᠪᠤᠯᠤᠯᠳᠠᠢ᠃ ᠡᠨᠡᠬᠦ ᠳᠤᠳᠤᠷ᠎ᠠ ᠬᠤᠳᠠ ᠶᠢᠨ ᠤᠷᠢᠳᠤᠭᠤᠷ ᠬᠢᠬᠡᠳ ᠪᠠᠷᠠᠭᠤᠨ ᠬᠡᠷᠡᠮ ᠤᠨ ᠭᠠᠳᠠᠭᠤᠷ ᠬᠤᠳᠠ | ᠬᠠᠮᠠᠭᠠᠯᠠᠬᠤ ᠭᠤᠤᠯ ᠤᠨ ᠰᠣᠪᠠᠭ ᠪᠠᠶᠢᠬᠤ ᠪᠠᠷ ᠦᠵᠡᠬᠦᠶ᠎ᠡ ᠡᠨᠡ ᠨᠢ ᠵᠸᠤ ᠶᠢᠨ ᠶᠠᠮᠤᠨ ᠤ ᠨᠤᠶᠠᠳ ᠲᠦᠰᠢᠮᠡᠳ ᠤᠨ | ᠰᠠᠭᠤᠭ᠎ᠠ ᠨᠤᠶᠠᠯᠠᠬᠤ ᠪᠠᠶᠢᠷᠢ ᠶᠢ ᠡᠵᠡᠯᠡᠭᠰᠡᠨ ᠳᠤᠳᠤᠷ᠎ᠠ ᠤᠷᠳᠤᠨ ᠬᠤᠳᠠ ᠪᠤᠯᠬᠤ ᠨᠢ ᠵᠠᠶᠢᠯᠠᠰᠢ ᠦᠬᠡᠢ ᠪᠢᠯᠨ᠃ | ᠶᠡᠭᠡ ᠬᠤᠳᠠ ᠶᠢᠨ ᠲᠦᠷᠪᠡᠨ ᠳᠠᠯ᠎ᠠ ᠶᠢᠨ ᠭᠠᠳᠠᠭᠤᠷ᠂ ᠤᠶᠢᠷ᠎ᠠ ᠬᠠᠪᠢ ᠪᠠᠷ ᠢᠶᠠᠨ ᠳᠡᠩᠴᠡᠬᠦᠦ ᠳᠤᠪᠤ ᠨᠤᠭᠤᠳ ︵ | ᠫᠤᠤᠳᠠᠢ ᠮᠠᠶ᠋ᠢᠭᠳᠠᠢ︶ ᠲᠦᠡᠭᠳᠦᠶᠢᠵᠤ ᠬᠠᠷᠠᠭᠳᠠᠬᠤ ᠨᠢ ᠴᠠᠭ ᠦᠶ᠎ᠡ ᠶᠢᠨ ᠤᠨᠴᠠᠯᠢᠭ ᠲᠠᠢ ᠪᠠᠷᠢᠯᠭ᠎ᠠ ᠶᠢᠨ ᠬᠡᠯᠪᠡᠷᠢ | ᠪᠤᠯᠬᠤ ᠮᠦᠷᠳᠡᠬᠡᠨ᠂ ᠮᠦᠨ ᠴᠦ ᠬᠤᠳᠠ ᠪᠠᠨ ᠬᠠᠮᠠᠭᠠᠯᠠᠬᠤ ᠪᠠᠶᠢᠯᠳᠤᠭᠠᠨ ᠤ ᠴᠢᠬᠤᠯᠨ ᠪᠠᠬᠢᠯᠡᠯᠳᠡ ᠪᠤᠯᠤᠨ᠎ᠠ᠃ | ᠶᠡᠭᠡ ᠬᠤᠳᠠ ᠶᠢᠨ ᠳᠤᠳᠤᠷ᠎ᠠ ᠡᠮᠦᠨ᠎ᠡ ᠳᠠᠯ᠎ᠠ ᠶᠢᠨ ᠭᠤᠤᠯ ᠱᠤᠭᠤᠮ ᠢ ᠪᠠᠷᠢᠵᠤ ᠵᠤᠬᠢᠬᠤ ᠨᠢᠭᠡᠨ ᠳᠡᠩᠭᠡᠯᠢᠭ | ᠳᠡᠭᠡᠷ᠎ᠡ ᠬᠠᠷᠢᠯᠴᠠᠨ ᠡᠰᠡᠷᠭᠦᠯᠡᠭᠰᠡᠨ ᠶᠡᠭᠡ ᠤᠷᠳᠤᠨ ᠬᠠᠷᠰᠢ ᠶᠢᠨ ᠬᠡᠳᠦᠨ ᠪᠠᠭᠤᠷᠢ ᠨᠢ ᠭᠠᠵᠠᠷ ᠤᠨ ᠲᠦᠪᠰᠢᠨ ᠠᠴᠠ | ᠲᠠᠪᠤᠨ ᠮᠧᠲᠷ ᠤᠷᠴᠢᠮ ᠳᠤᠪᠤᠶᠢᠵᠤ ᠪᠠᠶᠢᠨ᠎ᠠ᠃ ᠡᠳᠡᠭᠡᠷ ᠤᠷᠳᠤᠨ ᠬᠠᠷᠰᠢ ᠶᠢᠨ ᠰᠣᠶᠣᠯ ᠤᠨ ᠪᠤᠯᠠᠭᠳᠠᠴᠨ ᠨᠢ | ᠨᠡᠯᠢᠶᠡᠳ ᠭᠦᠨ ᠶᠤᠮ᠃ ᠡᠨᠡᠬᠦ ᠪᠠᠭᠤᠷᠢ ᠶᠢᠨ ᠳᠡᠭᠡᠷ᠎ᠡ ᠠᠴᠠ ᠰᠢᠷ᠎ᠠ ᠨᠤᠭᠤᠭᠠᠨ ᠰᠢᠷᠡᠮᠡᠯ ᠸᠠᠭᠠᠷ᠂ ᠪᠠᠷᠢᠯᠭ᠎ᠠ ᠶᠢᠨ | ᠦᠨᠴᠦᠭ ᠲᠤ ᠳᠤᠬᠢᠷᠠᠭᠤᠯᠤᠭᠰᠠᠨ ᠪᠤᠳᠤᠭ ᠲᠠᠢ ᠬᠠᠷᠴᠠᠭᠠᠢ ᠰᠢᠪᠠᠭᠤᠨ ᠤ ᠱᠤᠭᠤᠮᠠᠯ ᠤᠨ ᠵᠦᠢᠯᠡᠰ ᠨᠢ ᠰᠢᠵᠢᠷ | ᠤᠷᠤᠢ ᠲᠠᠢ ᠤᠷᠳᠤᠨ ᠬᠠᠷᠰᠢ ᠪᠠᠶᠢᠭᠰᠠᠨ ᠢ ᠬᠠᠷᠠᠭᠤᠯᠵᠤ ᠪᠠᠶᠢᠨ᠎ᠠ᠃ ︵ᠪᠤᠳᠠᠰ ᠨᠢ ᠬᠦᠬᠡᠬᠤᠳᠠ ᠶᠢᠨ ᠮᠦᠽᠸᠢ ᠳᠤ | ᠪᠤᠢ ︶ ᠪᠠᠷᠤᠭᠯᠠᠪᠠᠰᠣ ᠵᠢᠩ ᠮᠢᠩ ᠭᠦᠩ ᠤᠷᠳᠤᠨ᠂ ᠶᠠᠩ ᠡᠦ ᠳ᠋ᠢᠶᠠᠨ ᠳᠠᠭᠳᠤ ᠵᠡᠷᠭᠡ ᠰᠦᠷᠯᠢᠭ ᠰᠠᠶᠢᠬᠠᠨ | ᠤᠷᠳᠤᠨ ᠬᠠᠷᠰᠢ ᠨᠢ ᠴᠦ ᠡᠨᠡ ᠬᠠᠪᠢ ᠪᠠᠷ ᠪᠠᠶᠢᠭᠰᠠᠨ ᠪᠤᠯᠤᠯᠳᠠᠢ᠃ ᠡᠳᠡᠭᠡᠷ ᠪᠠᠭᠤᠷᠢ ᠶᠢᠨ ᠳᠡᠭᠡᠷᠡᠬᠢ ᠱᠠᠭᠠᠵᠠᠩ | ᠰᠠᠪᠠ ᠪᠠ ᠸᠠᠭᠠᠷ ᠤᠨ ᠭᠡᠯᠳᠡᠷᠬᠡᠢ ᠨᠦᠭᠦᠳ ᠢ ᠳᠡᠭᠦᠵᠤ ᠦᠵᠡᠬᠦᠶ᠎ᠡ᠂ ᠠᠯᠳᠠᠨ ᠤᠯᠤᠰ ᠬᠢᠭᠡᠳ ᠶᠤᠸᠠᠨ ᠤᠯᠤᠰ | ᠤᠨ ᠬᠤᠶᠠᠷ ᠦᠶ᠎ᠡ ᠶᠢᠨ ᠶᠠᠭᠤᠮ᠎ᠠ ᠪᠤᠯᠤᠨ᠎ᠠ᠃ ᠲᠡᠷᠨ ᠨᠢ ᠠᠯᠳᠠᠨ ᠤᠯᠤᠰ ᠠᠴᠠ ᠬᠤᠶᠢᠰᠢ᠂ ᠶᠤᠸᠠᠨ ᠤ ᠦᠶ᠎ᠡ | ᠳᠤ ᠳᠣᠰ ᠬᠤᠳᠠ ᠶᠢ ᠬᠠᠶᠢᠭᠤᠯ ᠬᠤᠳᠠ ᠪᠤᠯᠭᠠᠨ ᠦᠷᠭᠦᠯᠵᠢᠯᠡᠨ ᠬᠡᠷᠡᠭᠯᠡᠭᠰᠡᠨ ᠢ ᠬᠠᠷᠠᠭᠤᠯᠵᠤ ᠪᠠᠶᠢᠨ᠎ᠠ᠃ | ᠪᠦᠬᠦ ᠬᠤᠳᠠ ᠶᠢᠨ ᠲᠦᠪ ᠳᠤᠮᠳᠠ᠂ ᠬᠤᠳᠠ ᠶᠢᠨ ᠪᠦᠬᠦᠯᠢ ᠦᠵᠡᠮᠵᠢ ᠪᠠᠶᠢᠳᠠᠯ ᠢ ᠪᠦᠷᠢᠨ ᠰᠠᠶᠢᠬᠠᠨ | ᠠᠵᠢᠮᠠᠷ᠂ ᠨᠡᠯᠢᠶᠡᠳ ᠶᠡᠭᠡ ᠤᠷᠳᠤᠯᠵᠢᠨ ᠬᠡᠯᠪᠡᠷᠢ ᠲᠠᠢ ᠬᠤᠶᠠᠷ ᠶᠡᠭᠡ ᠳᠠᠶᠢᠵᠨ ᠮᠠᠶ᠋ᠢᠭ ᠤᠨ ᠳᠠᠯᠠᠪᠠᠢ ᠪᠤᠢ᠃ ᠡᠩ | ᠤᠨ ᠭᠠᠵᠠᠷ ᠠᠴᠠ ᠠᠴᠠ ᠬᠡᠳᠦᠨ ᠮᠧᠲᠷ ᠦᠨᠳᠦᠷ ᠬᠠᠷᠠᠭᠳᠠᠵᠤ ᠳᠠᠯᠠᠪᠠᠢ ᠶᠢᠨ ᠬᠡᠪᠴᠢᠶ᠎ᠡ 2600 ᠳᠡᠭᠰᠢ | ᠲᠦᠷᠪᠡᠯᠵᠢᠨ ᠮᠧᠲᠷ ᠪᠠᠶᠢᠨ᠎ᠠ᠃ ᠳᠡᠭᠦᠨ ᠤ ᠲᠦᠷᠪᠡᠨ ᠲᠠᠯ᠎ᠠ ᠳᠤ ᠪᠦᠷ ᠤᠷᠳᠤᠨ ᠬᠠᠷᠰᠢ ᠶᠢᠨ ᠪᠠᠭᠤᠷᠢ | ᠵᠠᠯᠭᠠᠯᠳᠤᠨ᠎ᠠ᠃ ᠰᠢᠨᠵᠢᠯᠡᠨ ᠠᠵᠢᠭᠯᠠᠪᠠᠰᠣ ᠨᠢᠬᠡ ᠶᠡᠭᠡ ᠴᠣᠭᠯᠠᠭᠠᠨ ᠤ ᠳᠠᠯᠠᠪᠠᠢ ᠬᠡᠮᠡᠷ᠂ ᠬᠠᠵᠠᠭᠤ ᠳᠤᠨᠢ ᠨᠢᠭᠡ | ᠴᠢᠯᠠᠭᠤᠨ ᠤᠩᠭᠤᠴᠠ ᠬᠠᠶᠠᠭᠠᠰᠣᠳᠠᠢ᠃ ᠶᠠᠫᠤᠨ ᠢ ᠡᠰᠡᠷᠭᠦᠴᠡᠬᠦ ᠳᠠᠶᠢᠨ ᠤ ᠦᠶ᠎ᠡ ᠶᠠᠫᠤᠨ ᠡᠵᠡᠷᠬᠡᠭ | ᠲᠦᠷᠢᠮᠡᠭᠡᠶᠢᠳᠡᠨ ᠤ ᠰᠣᠶᠤᠯ ᠤᠨ ᠳᠠᠩᠨᠠᠭᠤᠯ ᠨᠢ ᠡᠨᠡᠬᠦ ᠰᠢᠷᠤᠢ ᠶᠢᠨ ᠳᠠᠶᠢᠵᠨ ᠪᠠ ᠤᠷᠳᠤᠨ ᠬᠠᠷᠰᠢ ᠶᠢᠨ ᠶᠡᠭᠡ | ᠪᠠᠭᠤᠷᠢ ᠶᠢ ᠶᠡᠬᠡᠪᠡᠷ ᠬᠤᠯᠠᠭᠠᠶᠢᠯᠠᠨ ᠬᠡᠴᠢᠨᠡᠨ ᠡᠳᠦᠷ ᠬᠤᠨᠤᠭ ᠢᠶᠠᠷ ᠠᠭᠤᠳᠠᠯᠠᠨ ᠮᠠᠯᠳᠠᠬᠤ ᠳᠠᠭᠠᠨ ᠮᠠᠰᠢᠨ ᠳᠡᠷᠬᠡ | ᠨᠦᠭᠦᠳ ᠢ ᠬᠤᠶᠢᠨ᠎ᠠ ᠬᠤᠶᠢᠨ᠎ᠠ ᠠᠴᠠ ᠨᠢ ᠤᠭᠰᠠᠷᠠᠭᠤᠯᠤᠨ ᠭᠠᠳᠠᠭᠤᠷ ᠨᠢ ᠬᠦᠰᠢᠬᠡ ᠳᠠᠳᠠᠵᠤ ᠬᠦᠷᠢᠶᠡᠯᠡᠨ᠂ ᠪᠠᠰᠨ | ᠤᠶᠢᠷ᠎ᠠ ᠬᠠᠪᠢ ᠪᠠᠷ ᠨᠢ ᠫᠤᠤ ᠵᠡᠪᠰᠡᠭ ᠲᠠᠢ ᠬᠠᠷᠠᠭᠤᠯ ᠮᠠᠨᠠᠭᠠᠨ ᠤ ᠴᠡᠷᠢᠭ ᠵᠤᠭᠰᠤᠭᠠᠵᠤ᠂ ᠠᠷᠠᠳ ᠢᠷᠭᠡᠳ ᠢ | ᠬᠠᠵᠠᠭᠤ ᠳᠤᠨᠢ ᠬᠠᠪᠢᠳᠠᠭᠤᠯᠬᠤ ᠦᠭᠡᠢ ᠪᠠᠷ ᠰᠠᠷ᠎ᠠ ᠰᠢᠬᠠᠮ ᠮᠠᠯᠳᠠᠵᠤ᠂ ᠡᠳᠦᠷ ᠰᠦᠨᠢ ᠦᠭᠡᠢ ᠭᠠᠳᠠᠭᠰᠢ | ᠵᠦᠭᠡᠭᠡᠪᠦᠷᠢᠯᠡᠭᠰᠡᠨ ᠢ ᠭᠠᠵᠠᠷ ᠤᠷᠤᠨ ᠤ ᠠᠷᠠᠳ ᠤᠳ ᠪᠦᠷ ᠮᠡᠳᠡᠳᠡᠭ ᠪᠤᠯᠪᠠᠴᠣ ᠳᠡᠳᠡ ᠠᠳᠡ ᠠᠴᠠ ᠴᠣᠬᠤᠮ | ᠶᠠᠭᠤ ᠠᠪᠠᠴᠢᠭᠰᠠᠨ ᠢ ᠮᠡᠳᠡᠬᠦ ᠶᠢᠨ ᠠᠷᠭ᠎ᠠ ᠦᠭᠡᠢ ᠪᠠᠶᠢᠵᠠᠢ᠃ ᠤᠳᠤ ᠵᠦᠪᠬᠡᠨ ᠳᠡᠳᠡᠨ ᠤ ᠮᠠᠯᠳᠠᠭᠠᠳ ᠬᠠᠶᠠᠭᠰᠠᠨ | ᠬᠦᠨ ᠨᠦᠬᠡ ᠨᠢ ᠦᠷᠭᠡᠨ ᠢᠶᠠᠷ 16 ᠮᠧᠲᠷ ᠤᠩᠭᠤᠶᠢᠵᠤ ᠯᠨ ᠪᠠᠶᠢᠨ᠎ᠠ᠃ | ᠬᠤᠳᠠ ᠶᠢᠨ ᠳᠤᠳᠤᠷᠠᠬᠢ ᠤᠷᠳᠤᠨ ᠬᠠᠷᠰᠢ᠂ ᠠᠰᠠᠷ ᠳᠠᠭᠳᠣ ᠶᠢᠨ ᠪᠠᠭᠤᠷᠢ ᠨᠢ ᠳᠣᠩ ᠡᠮᠬᠢ ᠵᠠᠮᠪᠠᠷᠠᠭ᠎ᠠ | ᠲᠠᠢ᠂ ᠬᠤᠳᠠ ᠶᠢᠨ ᠳᠤᠳᠤᠷᠠᠬᠢ ᠶᠡᠭᠡ ᠵᠡᠭᠡᠯᠢ ᠨᠢ ᠬᠤᠳᠠ ᠠᠴᠠ ᠭᠠᠷᠬᠤ ᠶᠡᠭᠡ ᠬᠠᠭᠠᠯᠭ᠎ᠠ ᠵᠦᠭ ᠰᠢᠭᠤᠳ | ᠨᠡᠪᠳᠡᠷᠡᠵᠤ᠂ ᠬᠤᠶᠠᠷ ᠳᠠᠯ᠎ᠠ ᠪᠠᠷ ᠨᠢ ᠪᠠᠷᠢᠯᠭ᠎ᠠ ᠳᠠᠭᠳᠤ ᠶᠢᠨ ᠪᠠᠭᠤᠷᠢ ᠦᠷᠭᠦᠯᠵᠢᠯᠡᠨ᠎ᠡ᠃ ᠪᠠᠭᠤᠷᠢ ᠨᠤᠭᠤᠳ ᠤᠨ | ᠳᠡᠭᠡᠷᠡᠬᠢ ᠡᠳ᠋ ᠪᠤᠳᠠᠰ ᠤᠨ ᠦᠯᠡᠳᠡᠭᠳᠡᠯ ᠨᠢ ᠪᠦᠷ ᠯᠨ ᠠᠯᠳᠠᠨ ᠤᠯᠤᠰ ᠪᠤᠯᠤᠨ ᠶᠤᠸᠠᠨ ᠤᠯᠤᠰ ᠤᠨ ᠬᠤᠶᠠᠷ | ᠦᠶ᠎ᠡ ᠶᠢᠨ ᠶᠠᠭᠤᠮᠠᠰ ᠪᠠᠶᠢᠯ᠎ᠠ᠃ ᠡᠭᠦᠨ ᠢᠶᠠᠷ ᠦᠵᠡᠬᠦᠯ᠎ᠡ᠂ ᠶᠤᠸᠠᠨ ᠤ ᠳᠡᠦᠬᠡᠨ ᠳᠤ ᠳᠡᠮᠳᠡᠭᠯᠡᠭᠰᠡᠨ᠄ ︽ᠶᠤᠸᠠᠨ | ᠤᠯᠤᠰ ᠤᠨ ᠦᠶ᠎ᠡ ᠳᠤ ᠬᠤᠸᠠᠩᠵᠸᠤ ᠨᠢ ᠪᠠᠷᠠᠭᠤᠨ ᠬᠤᠶᠢᠨ᠎ᠠ ᠵᠤᠪᠬᠢᠰ ᠢ ᠰᠠᠬᠢᠨ ᠰᠠᠭᠤᠭᠰᠠᠨ ᠴᠢᠬᠤᠯᠨ ᠬᠤᠳᠠ | ᠶᠢᠨ ᠨᠢᠭᠡᠨ ᠪᠤᠯᠠᠢ ᠁︾ ᠭᠡᠳᠡᠭ ᠨᠢ ᠳᠤᠩ ᠦᠨᠡᠨ ᠪᠢᠯᠨ᠃ | ᠠᠯᠳᠠᠨ ᠤᠯᠤᠰ ᠤᠨ ᠡᠨᠡᠬᠦ ᠬᠤᠸᠠᠩᠵᠸᠤ ᠬᠤᠳᠠ ᠶᠢᠨ ᠪᠠᠭᠤᠷᠢ ᠠᠴᠠ ᠰᠦᠩ ᠤᠯᠤᠰ ᠤᠨ ᠭᠠᠤᠯᠢᠨ | ᠵᠤᠭᠤᠰ᠂ ᠠᠯᠳᠠᠨ ᠤᠯᠤᠰ ᠤᠨ ᠳ᠋ᠠ ᠳ᠋ᠢᠩ ᠤᠨ ᠭᠠᠤᠯᠢᠨ ᠵᠤᠭᠤᠰ ᠬᠡᠳᠦ ᠤᠯᠳᠠᠭᠰᠠᠨ ᠠᠴᠠ ᠭᠠᠳᠠᠨ᠎ᠠ᠂ ᠰᠢᠷ᠎ᠠ | ᠬᠦᠷᠡᠩ ᠦᠩᠭᠡ ᠶᠢᠨ ᠱᠤᠪᠳᠤᠩ ᠢᠷᠤᠭᠠᠷ ᠲᠠᠢ ᠯᠤᠩᠬᠤ ᠬᠡᠳᠦ ᠤᠯᠳᠠᠵᠠᠢ᠃ ᠨᠡᠯᠢᠶᠡᠳ ᠤᠨᠴᠠᠯᠢᠭ ᠲᠠᠢ ᠠᠴᠠ | ᠳᠡᠮᠦᠷ ᠰᠦᠬᠡ ᠨᠢᠭᠡ ᠪᠤᠢ᠃ ᠦᠷᠭᠡᠨ ᠠᠷᠤ ᠲᠠᠢ᠂ ᠳᠤᠳᠤᠭᠰᠢ ᠢᠷᠯᠡᠭᠰᠡᠨ ᠢᠶᠠᠷ ᠦᠵᠡᠬᠦ ᠳᠤ ᠴᠠᠪᠴᠢᠬᠤ ᠳᠤᠷ | ᠬᠡᠷᠡᠭᠯᠡᠮᠤᠢ᠃ ᠤᠷᠳᠤ ᠠᠨᠤ 3 ᠰᠡᠨᠲ᠋ᠢᠮᠧᠲᠷ ᠂ ᠦᠷᠭᠡᠨ ᠨᠢ 5 ᠰᠡᠨᠲ᠋ᠢᠮᠧᠲᠷ᠂ ᠵᠤᠵᠠᠭᠠᠨ ᠨᠢ 2.5 ᠰᠡᠨᠲ᠋ᠢᠮᠧᠲᠷ | ᠪᠠᠶᠢᠵᠤᠬᠤᠢ᠃ ︵ ᠬᠦᠬᠡᠬᠤᠳᠠᠨ᠎ᠠ ᠠᠪᠠᠴᠢᠪᠠ︶ ᠡᠭᠦᠨ ᠠᠴᠠ ᠭᠠᠳᠠᠨ᠎ᠠ ᠴᠢᠯᠠᠭᠤᠨ ᠤᠭᠤᠷ᠂ ᠨᠦᠳᠦᠭᠦᠷ᠂ | ᠯᠢᠩᠬᠤᠸ᠎ᠠ ᠴᠡᠴᠡᠭ ᠤᠨ ᠰᠡᠶᠢᠯᠤᠮᠠᠯ ᠲᠠᠢ ᠪᠠᠷᠢᠯᠭ᠎ᠠ ᠶᠢᠨ ᠲᠦᠷᠪᠡᠯᠵᠢᠨ ᠴᠢᠯᠠᠭᠤ᠂ ᠵᠠᠷᠢᠮ ᠨᠢ ᠨᠠᠷᠢᠯᠢᠭ ᠬᠢᠴᠨ ᠲᠠᠢ | ᠭᠠᠨᠳᠢᠭ ᠴᠠᠭᠠᠨ ᠴᠢᠯᠠᠭᠤ ᠴᠦ ᠪᠠᠶᠢᠪᠠ᠃ ᠪᠦᠷ ᠯᠨ ᠠᠯᠳᠠᠨ ᠤᠯᠤᠰ ᠶᠤᠸᠠᠨ ᠤᠯᠤᠰ ᠤᠨ ᠰᠣᠶᠣᠯ ᠤᠨ ᠨᠡᠶᠢᠳᠡᠯᠢᠭ | ᠤᠨᠴᠠᠯᠢᠭ ᠢ ᠬᠠᠷᠠᠭᠤᠯᠵᠤᠬᠤᠢ᠃ | ᠳᠡᠦᠬᠡ ᠪᠢᠴᠢᠭ ︽ᠪᠤᠭᠤᠮᠳᠠ ᠶᠢᠨ ᠭᠠᠳᠠᠨᠠᠬᠢ ᠭᠤᠷᠪᠠᠨ ᠲᠢᠩᠬᠢᠮ ᠤᠨ ᠲᠡᠮᠳᠡᠭᠯᠡᠯ ︾ ︵ᠺᠸᠦ ᠪᠸᠢ | ᠰᠠᠨ ᠲᠢᠩ ᡁᠢ ︶ ᠳᠤᠷ ︽ᠵᠢᠢ ᠹᠧᠩ ᠲᠦ᠋ ᠺᠦ᠋︾ ᠬᠡᠮᠡᠬᠦ ᠪᠢᠴᠢᠭ ᠠᠴᠠ ᠡᠰᠢ ᠳᠠᠳᠠᠵᠤ ᠪᠢᠴᠢᠬᠦ ᠳᠡᠭᠡᠨ ︽ | ᠺᠠᠶᠢᠫᠢᠩ ᠱᠠᠩᠳᠤ ᠬᠤᠳᠠ ᠠᠨᠤ ᠳᠦᠰᠢ ᠴᠢᠯᠠᠭᠤᠨ ᠠᠮᠠᠨ ᠠᠴᠠ ᠭᠤᠷᠪᠠᠨ ᠵᠠᠭᠤᠨ ᠭᠠᠵᠠᠷ ᠪᠤᠢ᠃ ᠠᠯᠳᠠᠨ ᠤᠯᠤᠰ | ᠤᠨ ᠦᠶ᠎ᠡ ᠠᠳᠡ ᠬᠤᠸᠠᠩᠵᠸᠤ ᠶᠠᠮᠤᠨ ᠢ ᠪᠠᠶᠢᠭᠤᠯᠪᠠᠢ᠃ ᠬᠤᠶᠠᠷ ᠬᠤᠳᠠ ᠪᠠᠶᠢᠵᠤᠬᠤᠢ᠃ ᠵᠡᠭᠦᠨ ᠠᠨᠤ ᠰᠢᠨ᠎ᠡ | ᠬᠤᠳᠠ᠂ ᠪᠠᠷᠠᠭᠤᠨ ᠠᠨᠤ ᠬᠠᠭᠤᠴᠢᠨ ᠬᠤᠳᠠ᠂ ᠬᠤᠭᠤᠷᠤᠨᠳᠤ ᠪᠠᠨ ᠭᠤᠴᠢᠨ ᠭᠠᠵᠠᠷ ᠵᠠᠶᠢᠳᠠᠢ᠃ ᠬᠠᠨ ᠤᠯᠤᠰ | ᠤᠨ ᠦᠶ᠎ᠡ ᠳᠤ ᠦᠬᠤᠸᠠᠨ ᠤ ᠭᠠᠵᠠᠷ ᠪᠠᠶᠢᠪᠠᠢ᠃ ᠶᠤᠸᠠᠨ ᠤᠯᠤᠰ ᠤᠨ ᠱᠢᠽᠦ ᠬᠠᠭᠠᠨ ᠁ ᠰᠢᠨ᠎ᠡ | ᠬᠤᠸᠠᠩᠵᠸᠤ ᠠᠴᠠ ᠵᠡᠭᠦᠨᠰᠢ ᠲᠦᠴᠢᠨ ᠭᠠᠵᠠᠷ ᠲᠤ ᠺᠠᠶᠢᠫᠢᠩ ᠹᠦ᠋ ᠢ ︵ ᠶᠠᠮᠤᠨ︶ ᠪᠠᠶᠢᠭᠤᠯᠪᠠᠢ︾ ᠬᠡᠮᠡᠨ | ᠳᠤᠳᠤᠷᠬᠠᠢ ᠳᠡᠮᠳᠡᠭᠯᠡᠭᠰᠡᠨ ᠪᠠᠶᠢᠨ᠎ᠠ᠃ ᠪᠠᠰᠨ ᠶᠤᠸᠠᠨ ᠣᠯᠣᠰ ᠤᠨ ᠳᠡᠦᠬᠡ ᠪᠢᠴᠢᠭ ᠤᠨ ︽ᠭᠠᠵᠠᠷ ᠵᠦᠢ ᠶᠢᠨ | ᠳᠡᠮᠳᠡᠭᠯᠡᠯ︾ ᠳᠤ ︽ᠱᠠᠩᠳᠣ ᠮᠤᠵᠢ ᠠᠨᠤ ᠳᠠᠩ ᠤᠯᠤᠰ ᠤᠨ ᠦᠶ᠎ᠡ ᠳᠤ ᠬᠢᠳᠠᠨ ᠤ ᠭᠠᠵᠠᠷ ᠪᠠᠶᠢᠪᠠᠢ᠃ ᠠᠯᠳᠠᠨ | ᠤᠯᠤᠰ ᠬᠢᠳᠠᠨ ᠢ ᠮᠦᠬᠦᠭᠡᠵᠤ᠂ ᠰᠢᠨ᠎ᠡ ᠬᠤᠸᠠᠩᠵᠸᠤ ᠶᠠᠮᠤᠨ ᠢ ᠠᠳᠡ ᠪᠠᠶᠢᠭᠤᠯᠪᠠᠢ ︾ ᠭᠡᠵᠠᠢ᠃ | ᠠᠯᠳᠠᠨ ᠤᠯᠤᠰ ᠤᠨ ᠳᠡᠦᠬᠡ ᠪᠢᠴᠢᠭ ︽ᠵᠠᠨᠽᠦ᠋ᠩ ᠤᠨ ᠪᠦᠯᠦᠭ︾ ᠲᠤ᠄ ︽ᠴᠢᠩᠭᠢᠰ ᠬᠠᠭᠠᠨ ᠬᠡᠷᠡᠶᠢᠳ | ᠂ ᠨᠠᠢᠮᠠᠨ ᠬᠤᠶᠠᠷ ᠠᠶᠢᠮᠠᠭ ᠢ ᠬᠤᠷᠢᠶᠠᠭᠰᠠᠨ ᠤ ᠳᠠᠷᠠᠭ᠎ᠠ᠂ ᠳ᠋ᠠ ᠠᠨ ᠤ ᠭᠤᠷᠪᠠᠳᠤᠭᠠᠷ ᠤᠨ ︵1211︶ ᠳᠤ | ᠮᠣᠬᠤᠯᠠᠢ ᠪᠠᠷ ᠬᠤᠰᠢᠭᠤᠴᠢ ᠴᠡᠷᠢᠭ ᠢ ᠵᠠᠬᠢᠷᠠᠭᠤᠯᠵᠤ ᠠᠯᠳᠠᠨ ᠤᠯᠤᠰ ᠤᠨ ᠬᠤᠶᠢᠳᠤ ᠵᠠᠬ᠎ᠠ ᠬᠢᠯᠢ ᠶᠢᠨ ᠳᠠᠪᠬᠤᠷ | ᠬᠡᠷᠡᠮ ᠢ ᠳᠠᠭᠠᠷᠢᠨ᠂ ᠴᠡᠷᠢᠭ ᠤᠷᠤᠭᠤᠯᠵᠤ ᠤᠷᠢᠳᠠᠪᠠᠷ ᠵᠧᠩ ᠵᠸᠤ ᠬᠢᠬᠡᠳ ᠰᠢᠤᠸᠠᠨ ᠳ᠋ᠧ ᠹᠦ᠋ ᠢ ᠴᠤᠬᠢᠭᠤᠯᠪᠠ᠃ | ᠮᠤᠬᠤᠯᠠᠢ ᠭᠠᠷ ᠳᠤᠤᠷᠠᠬᠢ ᠵᠠᠩᠵᠤᠨ ᠶᠧᠯᠤᠶᠢᠳᠤᠭᠸᠠ ︵ ᠬᠢᠳᠠᠨ ᠬᠦᠮᠦᠨ︶ ᠢ ᠵᠠᠷᠯᠢᠭᠳᠠᠵᠤ ᠬᠤᠸᠠᠩᠵᠸᠤ ᠶᠢᠨ | ᠣᠷᠴᠢᠮ ᠳᠠᠬᠢ ᠬᠠᠭᠠᠨ ᠤ ᠠᠭᠳᠠ ᠶᠢᠨ ᠰᠦᠷᠦᠭ ᠢ ᠳᠠᠭᠠᠷᠢᠵᠤ᠂ ᠬᠡᠳᠦᠨ ᠵᠠᠭᠤᠨ ᠲᠦᠮᠡᠨ ᠴᠡᠷᠢᠭ ᠤᠨ ᠠᠭᠳᠠ | ᠤᠯᠵᠠᠯᠠᠵᠤ ᠠᠯᠳᠠᠨ ᠤᠯᠤᠰ ᠢ ᠶᠡᠬᠡᠳᠡ ᠰᠦᠷᠳᠡᠭᠦᠯᠪᠡ᠃ ᠳᠠᠶᠢᠽᠤ ᠶᠢᠨ ᠳᠤᠯᠤᠳᠤᠭᠠᠷ ᠤᠨ ︵1212︶ ᠤ | ᠡᠬᠢᠨ ᠢᠶᠠᠷ ᠴᠢᠩᠭᠢᠰ ᠤᠨ ᠶᠡᠭᠡ ᠴᠡᠷᠢᠭ ᠨᠢ ᠪᠠᠷᠠᠭᠤᠨ ᠬᠤᠶᠢᠳᠤ ᠶᠢ ᠳᠠᠷᠤᠩᠭᠤᠶᠢᠯᠠᠨ ᠰᠠᠭᠤᠭᠰᠠᠨ ᠬᠤᠸᠠᠩᠵᠸᠤ | ᠬᠤᠳᠠ ᠶᠢ ᠪᠦᠰᠡᠯᠡᠨ ᠴᠤᠬᠢᠪᠠ᠃ ᠬᠤᠶᠠᠷ ᠳᠠᠯ᠎ᠠ ᠶᠢᠨ ᠬᠤᠷᠴᠨ ᠰᠢᠷᠦᠭᠦᠨ ᠳᠠᠶᠢᠯᠠᠯᠳᠤᠭᠠᠨ ᠤ ᠳᠤᠮᠳᠠ᠂ | ᠵᠠᠭᠤᠳᠤ ᠶᠢᠨ ᠳᠠᠷᠤᠭ᠎ᠠ ᠰᠦᠪᠡᠭᠡᠳᠠᠢ ᠤᠷᠢᠳᠠᠪᠠᠷ ᠱᠠᠯᠠᠮᠠᠭᠠᠶᠢᠯᠠᠨ ᠱᠠᠳᠤ ᠶᠢ ᠳᠠᠪᠠᠨ ᠬᠤᠸᠠᠩᠵᠸᠤ ᠬᠤᠳᠠ ᠶᠢᠨ | ᠬᠡᠷᠡᠮ ᠳᠡᠭᠡᠷ᠎ᠡ ᠳᠠᠶᠢᠰᠣᠨ ᠢ ᠴᠠᠪᠴᠢᠯᠠᠭᠰᠠᠨᠠ᠂ ᠬᠡᠷᠡᠮ ᠰᠠᠬᠢᠭᠰᠠᠨ ᠴᠡᠷᠢᠭ ᠤᠳ ᠬᠤᠶᠠᠭ ᠵᠡᠪᠰᠡᠭ ᠢᠶᠠᠨ ᠬᠠᠶᠠᠵᠤ᠂ | ᠬᠤᠸᠠᠩᠵᠸᠤ ᠬᠤᠳᠠ ᠤᠯᠵᠠᠯᠠᠭᠳᠠᠪᠠ ︾ ᠭᠡᠵᠠᠢ᠃ ᠡᠭᠦᠨ ᠠᠴᠠ ᠬᠤᠶᠢᠰᠢ ᠬᠤᠸᠠᠩᠵᠸᠤ ᠬᠤᠳᠠ ᠶᠢᠨ ᠡᠵᠡᠨ | ᠰᠣᠯᠢᠭᠳᠠᠵᠤ᠂ ᠶᠡᠭᠡ ᠮᠤᠩᠭᠤᠯ ᠤᠨ ᠬᠠᠮᠢᠶᠠᠳᠠᠢ ᠪᠤᠯᠵᠤᠬᠤᠢ᠃ ᠡᠭᠦᠨ ᠠᠴᠠ ᠦᠵᠡᠬᠦ ᠳᠤ ᠰᠢᠨ᠎ᠡ ᠬᠤᠸᠠᠩᠵᠸᠤ | ᠬᠤᠳᠠ ᠨᠢ ᠴᠢᠩᠭᠢᠰ ᠬᠠᠭᠠᠨ ᠤ ᠮᠤᠬᠤᠯᠠᠢ ᠶᠢᠨ ᠶᠡᠭᠡ ᠴᠡᠷᠢᠭ ᠲᠤ ᠴᠤᠬᠢᠭᠳᠠᠨ ᠴᠤᠴᠡᠷᠡᠨ ᠰᠦᠢᠷᠡᠭᠰᠡᠨ ᠪᠠᠶᠢᠨ᠎ᠠ᠃ | ᠰᠢᠨ᠎ᠡ ᠬᠤᠸᠠᠩᠵᠸᠤ ᠬᠤᠳᠠ ᠶᠢᠨ ᠪᠠᠭᠤᠷᠢ ᠨᠢ ᠨᠡᠯᠢᠶᠡᠳ ᠰᠠᠶᠢᠬᠠᠨ ᠬᠠᠳᠠᠭᠠᠯᠠᠭᠳᠠᠵᠤ ᠪᠠᠶᠢᠭ᠎ᠠ ᠠᠯᠳᠠᠨ | ᠤᠯᠤᠰ ᠤᠨ ᠦᠶ᠎ᠡ ᠶᠢᠨ ᠰᠣᠶᠣᠯ ᠳᠡᠦᠬᠡ ᠶᠢᠨ ᠤᠨᠴᠠᠯᠢᠭ ᠢ ᠭᠦᠢᠴᠡᠳ ᠬᠠᠳᠠᠭᠠᠯᠠᠭᠰᠠᠨ ᠬᠤᠳᠠ ᠶᠢᠨ ᠪᠠᠭᠤᠷᠢ | ᠪᠤᠯᠬᠤ ᠶᠤᠮ᠃ ᠳᠡᠷᠨ ᠨᠢ 1986 ᠤᠨ ᠳᠤ ᠨᠡᠶᠢᠳᠡᠯᠡᠭᠳᠡᠭᠰᠡᠨ᠂ ᠦᠪᠡᠷᠳᠡᠭᠡᠨ ᠵᠠᠰᠠᠬᠤ ᠤᠷᠤᠨ ᠤ ᠳᠡᠰ ᠤᠨ | ᠭᠤᠤᠯᠳᠠᠯᠭ᠎ᠠ ᠲᠠᠢ ᠬᠠᠮᠠᠭᠠᠯᠠᠬᠤ ᠳᠡᠦᠬᠡ ᠶᠢᠨ ᠳᠤᠷᠠᠰᠬᠠᠯᠳᠤ ᠬᠤᠳᠠ ᠪᠠᠯᠭᠠᠳ ᠤᠨ ᠨᠢᠭᠡ ᠪᠤᠯᠤᠨ᠎ᠠ᠃ ᠳᠡᠷᠨ ᠨᠢ | ᠬᠡᠳᠦᠶᠢᠪᠡᠷ ᠪᠠᠭᠤᠷᠢ ᠳᠡᠳᠦᠢ ᠪᠠᠯᠭᠠᠰᠣ ᠪᠤᠯᠤᠭᠰᠠᠨ ᠴᠦ ᠮᠠᠨ ᠤ ᠤᠯᠤᠰ ᠤᠨ ᠤᠮᠠᠷᠠᠳᠣ ᠬᠢᠵᠠᠭᠠᠷ ᠤᠷᠤᠨ ᠤ ᠲᠡᠦᠬᠡ | ᠶᠢᠨ ᠳᠡᠮᠳᠡᠭᠯᠡᠯ ᠳᠤ ᠬᠤᠪᠤᠷ ᠨᠠᠨᠳᠢᠨ ᠨᠢᠭᠡᠨ ᠬᠠᠭᠤᠳᠠᠰᠣ ᠶᠢ ᠨᠡᠮᠡᠷᠢᠯᠡᠵᠤ ᠂ ᠰᠤᠶᠤᠯ ᠳᠡᠦᠬᠡ ᠪᠤᠯᠤᠨ | ᠦᠯᠡᠳᠡᠭᠡᠳ᠂ ᠨᠡᠭᠦᠳᠡᠯᠴᠢᠨ ᠠᠶᠢᠮᠠᠭ ᠤᠨ ᠤᠷᠤᠭ᠎ᠠ ᠪᠤᠰᠤᠭ᠎ᠠ ᠴᠠᠭ ᠦᠶ᠎ᠡ ᠬᠢᠭᠡᠳ ᠴᠡᠷᠢᠭ ᠳᠠᠶᠢᠨ ᠤ ᠰᠣᠶᠣᠯ | ᠳᠡᠮᠳᠡᠭᠯᠡᠯ ᠢ ᠲᠤᠭᠠᠴᠢᠵᠤ ᠳᠡᠦᠬᠡ ᠰᠣᠶᠣᠯ ᠤᠨ ᠭᠠᠶᠢᠬᠠᠮᠰᠢᠭ ᠢᠶᠠᠷ ᠢᠶᠠᠨ ᠳᠤᠳᠤᠭᠠᠳᠤ ᠭᠠᠳᠠᠭᠠᠳᠣ ᠶᠢᠨ | ᠵᠤᠭᠠᠴᠠᠭᠴᠢ ᠪᠠ ᠬᠠᠭᠤᠴᠢ ᠰᠤᠳᠤᠯᠤᠯ ᠤᠨ ᠡᠷᠳᠡᠮᠳᠡᠳ ᠤᠨ ᠳᠤᠷ᠎ᠠ ᠪᠠᠭ᠋ᠠᠷᠤᠯ ᠢ ᠳᠠᠳᠠᠵᠤ᠂ ᠬᠤᠪᠤᠷ ᠴᠤᠬᠠᠭ | ᠲᠡᠦᠬᠡ ᠶᠢᠨ ᠳᠤᠷᠠᠰᠬᠠᠯᠳᠤ ᠦᠯᠡᠳᠡᠭᠳᠡᠯ ᠪᠤᠯᠤᠭᠰᠠᠭᠠᠷ ᠪᠠᠶᠢᠨ᠎ᠠ᠃ | ᠬᠤᠶᠠᠷ᠂ ᠱᠠᠩᠳᠤ ᠬᠤᠳᠡ ᠶᠢᠨ ᠬᠠᠷᠡᠭᠤᠯ ᠤᠨ ᠤᠪᠤᠭ᠎ᠠ | ᠲᠡᠬᠡᠳᠤ ᠨᠡᠶᠢᠰᠯᠠᠯ — ᠱᠠᠩᠳᠤ ᠬᠤᠳᠡ ᠶᠢᠨ ᠡᠷᠬᠢᠨ ᠲᠤᠭᠤᠷᠢᠨ ᠬᠤᠯᠠ ᠦᠢᠷ᠎ᠡ ᠶᠢᠨ ᠠᠭᠤᠯᠠᠰ ᠤᠨ | ᠤᠷᠤᠢ ᠪᠠᠷ ᠠᠯᠤᠰ ᠠᠴᠠ ᠤᠪᠤᠭ᠎ᠠ ᠬᠡᠮᠡᠷ ᠬᠠᠷᠡᠭ᠌ᠳᠡᠵᠤ ᠪᠠᠶᠢᠭ᠎ᠠ ᠪᠤᠮᠪᠤᠭᠠᠷ ᠤᠷᠤᠢ ᠲᠠᠢ ᠠᠭᠤᠯᠠ ᠪᠤᠯ | ᠲᠤᠰᠬᠠᠶᠢᠯᠠᠨ ᠴᠢᠯᠠᠭᠤ ᠪᠠᠷ ᠵᠢᠷᠬᠡᠯᠠᠨ ᠭᠠᠷᠭᠠᠭᠰᠠᠨ ᠶᠤᠸᠠᠨ ᠤ ᠦᠶ᠎ᠡ ᠶᠢᠨ ᠭᠠᠯ ᠤᠨ ᠲᠤᠬᠢᠶ᠎ᠡ ᠲᠡᠯᠪᠢᠬᠤ | ᠬᠠᠷᠡᠭᠤᠯ ᠤᠨ ᠤᠪᠤᠭ᠎ᠠ ᠨᠤᠭᠤᠳ ᠪᠤᠯᠤᠨ᠎ᠡ᠃ ᠡᠳᠡᠬᠡᠷ ᠤᠪᠤᠭ᠎ᠠ ᠲᠠᠢ ᠠᠭᠤᠯᠠ ᠶᠢᠨ ᠡᠩᠬᠡᠷ ᠪᠤᠶᠤ ᠬᠠᠵᠠᠭᠤ | ᠪᠠᠯ ᠢᠶᠠᠷ ᠪᠦᠷ ᠶᠡᠭᠡ ᠪᠠᠭ᠎ᠠ ᠬᠦᠷᠢᠶ᠎ᠡ ᠬᠡᠷᠡᠮ ᠲᠠᠢ ᠪᠠᠷᠢᠯᠭ᠎ᠠ ᠶᠢᠨ ᠪᠠᠭᠤᠷᠢ ᠤᠳ ᠪᠡᠶᠢᠨ᠎ᠡ᠃ ᠡᠬᠦᠨ ᠠᠴᠠ | ᠦᠵᠠᠬᠦ ᠳᠤ ᠬᠤᠶᠠᠭ ᠴᠡᠷᠢᠭ ᠰᠠᠭᠤᠯᠭᠠᠨᠰᠠᠬᠢᠭᠤᠯᠵᠤ ᠪᠠᠶᠢᠭᠰᠠᠨ ᠠᠵᠠᠢ᠃ ᠵᠢᠱᠢᠶᠠᠯᠠᠪᠡᠯ ᠬᠠᠳᠡᠨᠳᠡᠢ ᠠᠭᠤᠯᠠ ᠶᠢᠨ | ᠪᠠᠷᠡᠭᠤᠨ ᠲᠤᠤᠷ᠎ᠡ᠂ ᠵᠠᠬᠦᠨᠰᠢ ᠪᠠᠷᠡᠭᠤᠨᠰᠢ 100 ᠮᠧᠲᠷ᠂ ᠤᠷᠤᠭᠰᠢ ᠬᠤᠶᠢᠰᠢ 68 ᠮᠧᠲᠷ ᠤᠨ ᠤᠷᠳᠤ | ᠲᠦᠷᠪᠠᠯᠵᠢᠨ ᠬᠦᠷᠢᠶ᠎ᠡ ᠪᠡᠷᠢᠵᠤ᠂ ᠬᠦᠷᠢᠶᠡᠨ ᠤ ᠡᠬᠦᠳᠡ ᠶᠢ ᠶᠠᠭ ᠭᠤᠤᠯ ᠳᠤᠨᠢ ᠭᠠᠷᠭᠠᠵᠠᠢ᠃ ᠬᠦᠷᠢᠶ᠎ᠡ ᠶᠢᠨ | ᠲᠤᠳᠤᠷ᠎ᠡ ᠬᠤᠶᠠᠷ ᠶᠡᠭᠡ ᠪᠠᠷᠢᠯᠭ᠎ᠠ ᠶᠢᠨ ᠪᠠᠭᠤᠷᠢ ᠨᠢᠬᠡ ᠱᠤᠭᠤᠮ ᠲᠡᠬᠡᠷ᠎ᠡ ᠪᠠᠶᠢᠨ᠎ᠡ᠃ ᠲᠡᠬᠡᠷ᠎ᠡ ᠨᠢ ᠡᠩ ᠤᠨ ᠬᠦᠬᠡ | ᠲᠤᠭᠤᠰᠬ᠎ᠠ ᠬᠢᠬᠡᠤᠨ ᠸᠠᠭᠠᠷ ᠤᠳ ᠪᠤᠳᠡᠷᠡᠵᠤ ᠪᠠᠶᠢᠳᠠᠭ᠃ ᠡᠨᠡ ᠨᠢ ᠬᠡᠯᠡᠯᠬᠡᠨᠦᠬᠡᠢ ᠰᠠᠬᠢᠭᠤᠯ ᠴᠡᠷᠢᠭ ᠠᠩᠬᠢ ᠶᠢᠨ | ᠪᠠᠶᠢᠷᠢ ᠪᠡ ᠠᠵᠢᠯᠯᠠᠬᠤ ᠦᠷᠳᠡᠭᠡ ᠪᠤᠯᠤᠨ ᠪᠠᠶᠢᠭᠤᠯᠤᠮᠵᠢ ᠪᠤᠯᠬᠤ ᠶᠤᠰᠤᠳᠡᠢ᠃ ᠬᠡᠷ ᠪᠡᠷᠢᠯᠭ᠎ᠠ ᠶᠢᠨ ᠪᠠᠭᠤᠷᠢ ᠶᠢᠨ | ᠠᠷᠤ ᠪᠠᠷ ᠶᠡᠭᠡ ᠬᠦᠷᠢᠶᠡᠨ ᠤ ᠬᠡᠷᠡᠮ ᠢᠶᠠᠨ ᠠᠰᠢᠭᠯᠠᠨ᠂ ᠴᠢᠯᠠᠭᠤᠨ ᠬᠤᠷᠢᠶ᠎ᠡ ᠶᠢᠨ ᠪᠠᠭᠤᠷᠢ ᠪᠠᠶᠢᠬᠤ ᠨᠢ ᠮᠤᠷᠢᠤᠨ | ᠤᠨᠤᠭ᠎ᠠ ᠪᠠᠨ ᠲᠡᠵᠢᠬᠡᠵᠤ ᠬᠤᠷᠢᠳᠠᠭ ᠬᠤᠷᠤᠭ᠎ᠠ ᠬᠦᠷᠢᠶ᠎ᠡ ᠪᠤᠯᠤᠨ᠎ᠡ᠃ ᠭᠠᠳᠡᠨ᠎ᠡ ᠠᠴᠠ ᠶᠠᠮᠠᠷ ᠨᠢᠬᠡᠨ ᠪᠠᠴᠢᠮ | ᠪᠠᠶᠢᠳᠡᠯ ᠭᠠᠷᠪᠠᠯ᠂ ᠠᠭᠤᠯᠠᠨ ᠳᠤ ᠪᠠᠶᠢᠭᠰᠠᠨ ᠬᠠᠷᠡᠭᠤᠯ ᠤᠨ ᠴᠡᠷᠢᠭ ᠤᠪᠤᠭᠠᠨ ᠲᠡᠬᠡᠷ᠎ᠡ ᠭᠠᠷᠴᠤ ᠪᠠᠯᠠᠤᠨᠬᠡᠯ ᠲᠠᠢ | ᠪᠠᠶᠢᠭ᠎ᠠ ᠭᠠᠯ ᠤᠨ ᠤᠪᠤᠭ᠎ᠠ ᠶᠢ ᠨᠤᠴᠤᠭᠠᠵᠤ᠂ ᠬᠠᠷᠢᠯᠴᠠᠨ ᠲᠤᠬᠢᠶ᠎ᠡ ᠦᠭᠳᠡᠭ ᠪᠡᠶᠢᠨ᠎ᠡ᠃ ᠡᠳᠡᠬᠡᠷ ᠤᠪᠤᠭ᠎ᠠ | ᠨᠤᠭᠤᠳ ᠲᠤᠰ ᠲᠤᠰ ᠲᠠᠭᠠᠨ ᠭᠠᠵᠠᠷ ᠭᠠᠵᠠᠷ ᠤᠨ ᠠᠰᠢᠭ᠂ ᠴᠢᠬᠤᠯᠠ ᠪᠤᠭᠤᠮᠳᠡ ᠪᠠᠶᠢᠴᠠ ᠶᠢ ᠡᠵᠡᠯᠠᠵᠤ ᠪᠡᠶᠢᠨ᠎ᠡ᠃ | ᠬᠤᠯᠠ ᠦᠢᠷ᠎ᠡ ᠶᠢᠨ ᠵᠠᠢ ᠴᠤ ᠬᠡᠤᠨ ᠠᠳᠡᠯᠢ ᠦᠬᠡᠢ᠃ ᠬᠠᠮᠤᠭ ᠬᠤᠯᠠ ᠶᠢᠨ ᠬᠠᠷᠡᠭᠤᠯ ᠤᠨ ᠤᠪᠤᠭ᠎ᠠ | ᠱᠠᠩᠳᠤ ᠠᠴᠠ 60 — 70 ᠭᠠᠵᠠᠷ ᠤᠨ ᠦᠵᠤᠬᠦᠷ ᠲᠤ ᠪᠤᠢ᠃ ᠪᠢᠳᠡ ᠬᠠᠭᠤᠴᠢᠨ ᠬᠠᠳᠡᠬᠤᠰᠢᠭᠤ ᠶᠢᠨ | ᠪᠠᠷᠡᠭᠤᠨ ᠬᠤᠶᠢᠨ᠎ᠡ ᠪᠠᠶᠢᠭ᠎ᠠ ᠲᠡᠷᠡ ᠤᠷᠴᠢᠮ ᠤᠨ ᠬᠠᠮᠤᠭ ᠤᠨ ᠦᠨᠳᠤᠷ ᠠᠭᠤᠯᠠ ᠶᠢᠨ ᠤᠷᠤᠢ ᠳᠤ ᠪᠠᠶᠢᠭ᠎ᠠ | ᠴᠢᠯᠠᠭᠤᠨ ᠤᠪᠤᠭᠠᠨ ᠲᠡᠬᠡᠷ᠎ᠡ ᠭᠠᠷᠤᠭᠰᠠᠨ ᠳᠤ ᠤᠷᠤᠢ ᠲᠡᠬᠡᠷ᠎ᠡ ᠪᠠᠨ ᠴᠤ ᠴᠢᠯᠠᠭᠤᠨ ᠬᠦᠷᠢᠶ᠎ᠡ ᠪᠠᠷᠢᠯᠭ᠎ᠠ ᠲᠠᠢ | ᠪᠡᠶᠢᠵᠤ ᠪᠢᠯᠠ᠃ ᠡᠬᠦᠨ ᠠᠴᠠ ᠦᠵᠠᠬᠦ ᠳᠤ ᠲᠤᠬᠠᠢ ᠶᠢᠨ ᠦᠶ᠎ᠡ ᠶᠢᠨ ᠬᠠᠷᠡᠭᠤᠯ ᠤᠨ ᠤᠪᠤᠭ᠎ᠠ ᠨᠤᠭᠤᠳ ᠨᠢ ᠲᠡᠷᠡ | ᠦᠶ᠎ᠡ ᠳᠡᠭᠡᠨ ᠲᠤᠶᠢᠯ ᠤᠨ ᠶᠡᠭᠡ ᠴᠢᠬᠤᠯᠠ ᠦᠢᠯᠠᠳᠤᠯ ᠦᠵᠠᠬᠦᠯᠵᠤ ᠪᠠᠶᠢᠭᠰᠠᠨ ᠪᠡᠶᠢᠨ᠎ᠡ᠃ ᠵᠠᠷᠢᠮ ᠬᠠᠭᠤᠴᠢ | ᠰᠤᠳᠤᠯᠤᠭᠴᠢᠤᠨ ᠤᠨ ᠬᠡᠯᠡᠬᠦ ᠪᠠᠷ ︽ ᠤᠪᠤᠭᠠᠨ ᠲᠡᠬᠡᠷ᠎ᠡ ᠪᠠᠯᠠᠤᠨᠬᠡᠭᠰᠠᠨ ᠭᠠᠯ ᠢ ᠨᠤᠴᠤᠭᠠᠬᠤ ᠳᠤ ᠪᠠᠭ᠎ᠠ ᠪᠤᠰᠤ | ᠴᠢᠨ᠋ᠸ᠎ᠠ ᠪᠤᠶᠤ ᠨᠤᠬᠠᠢ ᠶᠢᠨ ᠪᠠᠭᠠᠰᠤ ᠶᠢ ᠲᠡᠬᠡᠷ᠎ᠡ ᠨᠢ ᠬᠢᠳᠡᠭ ᠬᠡᠨ᠎ᠡ᠃ ᠲᠡᠷᠡ ᠨᠢ ᠭᠠᠯ ᠤᠨ ᠤᠳᠤᠭ᠎ᠠ ᠶᠢ ᠠᠰ | ᠲᠡᠬᠡᠭᠰᠢ ᠰᠤᠭᠤᠨᠠᠭᠯᠠᠨ ᠪᠤᠰᠬᠠᠳᠠᠭ ᠦᠢᠯᠠᠳᠤᠯ ᠲᠠᠢ︾ ᠬᠡᠵᠤ ᠲᠡᠶᠢᠯᠪᠤᠷᠢᠯᠠᠵᠤ ᠦᠩᠬᠡᠷᠡᠪᠡ᠃ ᠵᠦᠭ ᠪᠦᠷᠢ ᠳᠤ | ᠬᠠᠷᠡᠭᠤᠯ ᠤᠨ ᠤᠪᠤᠭ᠎ᠠ ᠪᠠᠶᠢᠬᠤ ᠠᠴᠠ ᠦᠵᠠᠬᠦ ᠳᠤ ᠠᠯᠢ ᠵᠦᠭ ᠠᠴᠠ ᠲᠤᠬᠢᠶ᠎ᠡ ᠲᠡᠯᠪᠢᠪᠡᠯ ᠲᠡᠷᠡ ᠵᠦᠭ ᠠᠴᠠ | ᠴᠢᠮᠡᠭᠡ ᠢᠷᠡᠳᠡᠭ ᠠᠵᠠᠢ᠃ | ᠱᠠᠩᠳᠤ ᠬᠤᠳᠡ ᠠᠴᠠ ᠵᠠᠬᠦᠨ ᠂ ᠰᠢᠶᠤᠤ ᠶᠤᠸᠠᠨ ᠱᠠᠨ ︵ ᠬᠤᠬᠢᠨ ᠲᠤᠯᠤᠭᠠᠢ︶ ᠠᠭᠤᠯᠠ ᠶᠢᠨ | ᠪᠠᠷᠡᠭᠤᠨ ᠲᠤᠤᠷ᠎ᠡ ᠶᠡᠭᠡ ᠬᠡᠮᠵᠢᠶᠡᠨ ᠤ ᠪᠠᠷᠢᠯᠭ᠎ᠠ ᠶᠢᠨ ᠰᠠᠭᠤᠷᠢ ︵ ᠪᠠᠭᠤᠷᠢ︶ ᠦᠷᠬᠦᠯᠵᠢᠯᠠᠵᠤ ᠪᠡᠶᠢᠨ᠎ᠡ᠃ | ᠪᠠᠷᠢᠯᠭ᠎ᠠ ᠶᠢᠨ ᠪᠠᠭᠤᠷᠢ ᠶᠢᠨ ᠭᠤᠤᠯ ᠬᠠᠪᠢ ᠪᠠᠷ ᠨᠢᠬᠡᠨ ᠶᠠᠬᠡᠬᠡᠨ ᠬᠠᠩᠳᠡᠮᠡᠯ ᠰᠢᠷᠤᠢ ᠶᠢᠨ ᠲᠠᠶᠢᠰᠠ ᠭᠠᠷᠭᠠᠵᠤ ᠲᠡᠷᠡ | ᠨᠢ ᠬᠤᠶᠢᠰᠢ ᠤᠷᠤᠭᠰᠢ 150 ᠮᠧᠲᠷ᠂ ᠵᠠᠬᠦᠨᠰᠢ ᠪᠠᠷᠡᠭᠤᠨᠰᠢ 100 ᠮᠧᠲᠷ ᠪᠤᠢ᠃ ︽ ᠡᠨᠡ ᠨᠢ ᠱᠠᠩᠳᠤ | ᠬᠤᠳᠡ ᠶᠢᠨ ᠶᠡᠭᠡ ᠴᠡᠷᠢᠭ ᠤᠨ ᠬᠤᠸᠠᠷᠡᠨ ᠤ ᠭᠠᠵᠠᠷ ᠪᠦᠬᠡᠤᠨ ᠴᠡᠷᠢᠭ ᠪᠤᠯᠪᠠᠰᠤᠷᠡᠭᠤᠯᠬᠤ ᠲᠡᠶᠢᠰᠠ︾ ᠬᠡᠵᠤ ᠢ | ᠶᠢᠤ ᠪᠠᠭᠰᠢ ᠠᠴᠠ ᠲᠡᠶᠢᠯᠪᠤᠷᠢᠯᠠᠵᠤ ᠦᠩᠬᠡᠷᠡᠭᠰᠠᠨ ᠶᠤᠮ᠃ ᠤᠳᠤ ᠦᠵᠠᠬᠦ ᠠᠴᠠ ᠪᠠᠷᠢᠯᠭ᠎ᠠ ᠶᠢᠨ ᠪᠠᠭᠤᠷᠢ ᠨᠤᠭᠤᠳ | ᠲᠦᠷᠪᠡᠨ ᠲᠡᠯ᠎ᠡ ᠠᠴᠠ ᠡᠰᠠᠷᠬᠦᠯᠡᠭᠰᠠᠨ᠂ ᠲᠡᠶᠢᠰᠠ ᠶᠢᠨ ᠲᠡᠯᠠᠪᠠᠢ ᠲᠤᠮᠳᠡ ᠨᠢ ᠪᠠᠶᠢᠬᠤ ᠠᠴᠠ ᠦᠵᠠᠬᠦ ᠳᠤ ᠦᠨᠡᠬᠡᠷ | ᠪᠤᠯᠪᠠᠰᠤᠷᠡᠯ ᠤᠨ ᠲᠠᠯᠠᠪᠡᠢ ᠪᠠᠶᠢᠵᠤ ᠮᠠᠭᠠᠤᠨ᠃ ᠪᠢᠳᠡ ᠪᠠᠷᠢᠯᠭ᠎ᠠ ᠶᠢᠨ ᠪᠠᠭᠤᠷᠢ ᠲᠡᠬᠡᠷ᠎ᠡ ᠠᠴᠠ ᠨᠢᠬᠡ ᠬᠢᠳᠡᠤᠨ | ᠰᠢᠳᠡᠷ᠎ᠡ ᠤᠯᠵᠠᠢ ︵ᠬᠢᠳᠡᠤᠨ ᠰᠢᠳᠡᠷ᠎ᠡ ᠶᠢᠨ ᠫᠤᠤ᠂ ᠬᠦᠬᠡᠬᠤᠳᠡ ᠳᠤ ᠪᠤᠢ︶ ᠃ ᠡᠨᠡ ᠨᠢ ᠲᠤᠬᠠᠢ ᠶᠢᠨ | ᠦᠶ᠎ᠡ ᠶᠢᠨ ᠴᠡᠷᠢᠭ ᠤᠳ ᠤᠨ ᠨᠠᠭᠠᠳᠤᠳᠠᠭ ᠰᠢᠳᠡᠷ᠎ᠠ ᠪᠤᠯᠤᠯᠳᠡᠢ᠃ ᠡᠳᠡᠬᠡᠷ ᠪᠠᠶᠢᠳᠡᠯ ᠠᠴᠠ ᠦᠵᠠᠪᠡᠯ᠂ ᠱᠠᠩᠳᠤ | ᠬᠤᠳᠡ ᠶᠢᠨ ᠴᠡᠷᠢᠭ ᠠᠩᠬᠢ ᠨᠢ ᠲᠦᠪᠯᠠᠷᠡᠵᠤ ᠪᠤᠯᠪᠠᠰᠤᠷᠡᠬᠤ᠂ ᠬᠡᠬᠡᠷᠡᠯᠠᠵᠤ ᠪᠡᠶᠢᠯᠳᠤᠬᠤ ᠰᠢᠯᠢᠳᠡᠭᠴᠢᠯᠡᠭᠰᠠᠨ | ᠪᠤᠯᠪᠠᠰᠤᠷᠡᠩᠭᠤᠢ ᠭᠠᠪᠰᠢᠭᠠᠢ ᠪᠠᠭᠠᠳᠤᠷᠯᠢᠭ ᠬᠤᠶᠠᠭ᠂ ᠴᠡᠷᠢᠭ ᠪᠠᠶᠢᠯᠳᠠᠢ ᠬᠡᠳᠡᠭ ᠢ ᠲᠤᠳᠤ ᠬᠠᠷᠢᠭᠤᠯᠵᠤ ᠪᠡᠶᠢᠨ᠎ᠡ᠃ | ᠭᠤᠷᠪᠠ᠂ ᠱᠠᠩᠳᠤ ᠬᠤᠳᠡ ᠶᠢᠨ ᠤᠩᠭᠤᠨ ᠪᠤᠯᠠᠰᠢ | ᠱᠠᠩᠳᠤ ᠬᠤᠳᠡ ᠶᠢᠨ ᠤᠩᠭᠤᠨ ᠪᠤᠯᠠᠰᠢ ᠶᠢᠨ ᠭᠠᠵᠠᠷ ᠨᠢ ᠨᠢᠬᠡᠳᠤᠯᠳᠡᠢ ᠪᠡ ᠨᠢᠬᠡᠳᠤᠮᠠᠯ ᠪᠤᠰᠤ ᠪᠠᠷ | ᠪᠦᠷᠢᠯᠳᠤᠭ᠍ᠰᠠᠨ ᠪᠠᠶᠢᠨ᠎ᠠ᠃ ᠱᠠᠩᠳᠤ ᠬᠤᠳᠡ ᠠᠴᠠ ᠡᠮᠤᠨᠠᠰᠢ ᠬᠠᠷᠡᠭ᠌ᠳᠡᠵᠤ ᠪᠠᠶᠢᠭ᠎ᠠ ᠶᠡᠭᠡ ᠠᠭᠤᠯᠠ ᠶᠢ ᠲᠦᠱᠢ | ᠬᠠᠶᠢᠷᠬᠠᠨ ︵ᠵᠸᠠ ᠽᠢ ᠱᠠᠨ︶ ᠭᠡᠳᠡᠭ᠃ ᠱᠠᠩᠳᠤ ᠬᠤᠳᠡ ᠠᠴᠠ ᠬᠤᠷᠢᠭᠠᠤᠨ ᠭᠠᠵᠠᠷ ᠤᠨ ᠵᠠᠢ ᠲᠠᠢ ᠪᠡᠶᠢᠨ᠎ᠡ᠃ | ᠲᠤᠰ ᠠᠭᠤᠯᠠ ᠶᠢᠨ ᠡᠩᠬᠡᠷ ᠪᠠᠯ ᠢᠶᠠᠷ ᠤᠩᠭᠤᠨ ᠪᠤᠯᠠᠰᠢ ᠦᠷᠬᠦᠯᠵᠢᠯᠠᠵᠤ ᠪᠤᠢ᠃ ᠡᠨᠡ ᠨᠢ ᠱᠠᠩᠳᠤ ᠬᠤᠳᠡ ᠶᠢᠨ | ᠬᠠᠮᠳᠤ ᠶᠢᠨ ᠤᠩᠭᠤᠨ ᠤ ᠭᠠᠵᠠᠷ ᠪᠤᠯᠤᠨ᠎ᠡ᠃ ᠪᠤᠯᠠᠰᠢ ᠤᠩᠭᠤᠨ ᠤ ᠭᠤᠤᠯ ᠲᠤᠮᠳᠡ ᠬᠠᠪᠢ ᠪᠠᠷ ᠨᠢᠬᠡ | ᠰᠤᠪᠤᠷᠭ᠎ᠠ ᠶᠢᠨ ᠪᠠᠭᠤᠷᠢ ᠪᠤᠢ᠃ ᠰᠤᠪᠤᠷᠭᠠᠨ ᠤ ᠪᠠᠷᠡᠭᠤᠨ ᠲᠠᠯ᠎ᠠ ᠠᠷᠤ ᠪᠠᠷ ᠪᠠᠶᠢᠭ᠎ᠠ ᠤᠩᠭᠤᠨ ᠪᠤᠯᠠᠰᠢ ᠨᠢ | ᠬᠠᠷᠡᠴᠤ ᠠᠷᠡᠤᠨ ᠤᠨ ᠪᠤᠯᠠᠰᠢᠨ ᠭᠠᠵᠠᠷ ᠪᠢᠯᠠ᠃ ᠵᠠᠬᠦᠨ ᠲᠡᠯ᠎ᠡ ᠪᠡ ᠠᠭᠤᠯᠠ ᠶᠢᠨ ᠡᠩᠬᠡᠷ ᠪᠠᠯ ᠢᠶᠠᠷ ᠪᠠᠶᠢᠭ᠎ᠠ ᠨᠢ | ᠪᠠᠶᠠᠴᠤᠤᠯ ᠤᠨ ᠪᠤᠯᠠᠰᠢᠨ ᠭᠠᠵᠠᠷ ᠪᠤᠯᠬᠤ ᠶᠢ ᠦᠪᠤᠷ ᠮᠤᠩᠭᠤᠯ ᠤᠨ ᠲᠠᠤᠬᠡ ᠬᠠᠭᠤᠴᠢ ᠰᠤᠳᠤᠯᠤᠯ ᠤᠨ ᠠᠩᠬᠢ ᠶᠢᠨ | ᠬᠡᠳᠤᠨ ᠵᠢᠯ ᠲᠡᠷᠡᠭᠠᠯᠠᠨ ᠶᠤᠸᠠᠨ ᠤ ᠤᠩᠭᠤᠨ ᠪᠤᠯᠠᠰᠢ ᠴᠠᠪᠡᠷᠯᠠᠬᠦ ᠠᠵᠢᠯ ᠠᠴᠠ ᠮᠠᠳᠡᠵᠤ ᠤᠯᠪᠡ᠃ ᠪᠠᠶᠠᠴᠤᠤᠯ ᠤᠨ | ᠪᠤᠯᠠᠰᠢ ᠨᠢ ᠦᠪᠡᠷ ᠦᠪᠡᠷᠰᠠᠤᠨ ᠤᠨ ᠬᠡᠷ ᠪᠦᠯᠢ ᠪᠠᠷ ᠢᠶᠠᠨ ᠨᠢᠬᠡ ᠭᠠᠵᠠᠷ ᠠᠪᠤᠭᠠᠤᠨ ᠡᠷᠬᠢᠨ ᠲᠤᠭᠤᠷᠢᠨ | ᠴᠢᠯᠠᠭᠤᠨ ᠬᠦᠷᠢᠶ᠎ᠡ ᠪᠠᠷᠢᠵᠤ᠂ ᠬᠦᠷᠢᠶᠡᠨ ᠤ ᠪᠠᠨ ᠲᠤᠳᠤᠷ᠎ᠡ ᠲᠡᠬᠡᠷ᠎ᠡ ᠲᠤᠤᠷ᠎ᠡ᠂ ᠤᠷᠤᠨ ᠪᠠᠶᠢᠷᠢ ᠤᠯᠭᠤᠨ᠂ | ᠤᠩᠭᠤᠨ ᠪᠤᠯᠠᠰᠢ ᠪᠠᠨ ᠪᠤᠰᠬᠠᠭᠰᠠᠨ ᠪᠠᠶᠢᠳᠠᠭ᠃ ᠪᠠᠭ᠎ᠠ ᠪᠤᠰᠤ ᠨᠡᠷ᠎ᠡ ᠲᠦᠷᠤ ᠲᠠᠢ ᠨᠢ ᠪᠤᠯᠠᠰᠢ ᠶᠢᠨ ᠡᠮᠤᠨ᠎ᠡ | ᠴᠢᠯᠠᠭᠤᠨ ᠬᠦᠰᠢᠶ᠎ᠡ ᠪᠤᠰᠬᠠᠵᠤ ᠬᠦᠰᠢᠶᠡᠨ ᠲᠡᠬᠡᠷ᠎ᠡ ︽ᠬᠡᠨ ᠬᠡᠨ ᠤ ᠤᠩᠭᠤᠨ︾ ᠬᠡᠮᠡᠨ ᠰᠠᠶᠢᠯᠤᠭ᠍ᠰᠠᠨ ᠪᠠᠶᠢᠨ᠎ᠡ᠃ | ᠵᠠᠷᠢᠮ ᠨᠢ ᠬᠡᠳᠤᠨ ᠲᠠᠪᠬᠤᠷ ᠬᠦᠷᠢᠶ᠎ᠡ ᠬᠡᠷᠡᠮ ᠪᠤᠰᠬᠠᠭᠰᠠᠨ ᠴᠤ ᠪᠤᠢ᠃ ᠬᠡᠪᠡᠴᠤ ᠶᠠᠷᠤᠨᠢ ᠰᠦᠮ᠎ᠡ ᠰᠤᠪᠤᠷᠭ᠎ᠠ ᠬᠡᠷ | ᠪᠠᠶᠢᠰᠢᠩ ᠤᠨ ᠤᠷᠤ ᠮᠦᠷ ᠬᠡᠵᠤ ᠬᠠᠷᠡᠭ᠌ᠳᠠᠬᠤ ᠦᠬᠡᠢ ᠶᠤᠮ᠃ ᠡᠨᠡ ᠨᠢ ᠶᠤᠸᠠᠨ ᠤᠯᠤᠰ ᠤᠨ ᠦᠶ᠎ᠡ ᠶᠢᠨ ︽ | ᠬᠡᠬᠦᠷ ᠤᠩᠭᠤᠨ ᠨᠤᠭᠤᠳ ᠤᠨ ᠲᠡᠬᠡᠷ᠎ᠡ ᠬᠡᠷ ᠪᠠᠶᠢᠰᠢᠩ᠂ ᠰᠦᠮ᠎ᠡ ᠰᠤᠪᠤᠷᠠᠭᠠ ᠪᠤᠰᠬᠠᠬᠤ ᠶᠢ ᠴᠠᠭᠠᠵᠠᠯᠠᠯᠠ︾ | ᠬᠡᠳᠡᠭ ᠲᠠᠢ ᠬᠤᠯᠪᠤᠭ᠎ᠠ ᠲᠠᠢ ᠪᠡᠶᠢᠵᠤ ᠮᠡᠳᠡᠬᠦ ᠶᠤᠮ᠃ ᠤᠯᠠᠩᠬᠢ ᠨᠢ ᠴᠦᠮ ᠭᠠᠯ ᠤᠷᠤᠰᠢᠭᠤᠯᠭ᠎ᠠ ᠪᠤᠯᠬᠤ ᠶᠢ | ᠪᠤᠯᠠᠰᠢ ᠴᠠᠪᠠᠷᠯᠠᠬᠦ ᠠᠵᠢᠯ ᠠᠴᠠ ᠬᠠᠶᠢᠵᠤ ᠮᠡᠳᠡᠪᠡ᠃ ᠪᠤᠯᠠᠰᠢ ᠨᠢ ᠴᠢᠯᠠᠭᠤᠨ ᠬᠠᠶᠢᠷᠴᠠᠭ ᠪᠤᠶᠤ ᠮᠤᠳᠤᠨ | ᠬᠠᠶᠢᠷᠴᠠᠭ ᠲᠤ ᠶᠠᠰᠤ ᠶᠢ ᠬᠢᠵᠤ᠂ ᠴᠢᠯᠠᠭᠤ ᠪᠤᠶᠤ ᠲᠤᠭᠤᠰᠬ᠎ᠠ ᠪᠠᠷ ᠵᠢᠷᠬᠢᠯᠠᠨ ᠲᠡᠯᠪᠢᠵᠠᠢ᠃ ᠤᠯᠠᠩᠬᠢ ᠨᠢ | ᠡᠪᠳᠡᠭᠳᠡᠨ ᠠᠭᠤᠳᠠᠯᠠᠭᠳᠠᠭᠠᠳ ᠦᠯᠠᠳᠡᠭᠰᠠᠨ ᠶᠠᠭᠤᠮ᠎ᠠ ᠲᠤᠩ ᠴᠦᠬᠡᠬᠡᠨ ᠪᠤᠯᠵᠠᠢ᠃ ᠪᠠᠶᠠᠴᠤᠤᠯ ᠤᠨ | ᠪᠤᠯᠠᠰᠢᠨ ᠠᠴᠠ ᠵᠢᠶᠦ᠋ᠨ ᠶᠤᠤ ᠶᠢᠨ ᠭᠤᠷᠪᠡᠨ ᠬᠦᠯᠳᠤ᠂ ᠰᠢᠷ᠎ᠡ ᠨᠤᠭᠤᠭᠠᠨ ᠰᠢᠷᠳᠡᠮᠠᠯ ᠲᠠᠢ ᠬᠦᠯᠢᠰ ᠪᠤᠶᠤ᠂ ᠬᠦᠵᠢ | ᠱᠢᠳᠠᠭᠠᠯᠭᠠ ᠶᠢᠨ ᠱᠠᠭᠠᠵᠠᠩ ᠰᠠᠪᠠ ᠨᠤᠭᠤᠳ ᠭᠠᠷᠤᠭᠰᠠᠨ ᠠᠴᠠ ᠭᠠᠳᠡᠨ᠎ᠡ᠂ ᠶᠤᠸᠠᠨ ᠤ ᠦᠶ᠎ᠡ ᠶᠢᠨ ᠴᠠᠩᠬᠡᠷ | ᠴᠠᠭᠠᠨ ᠦᠩᠬᠡ ᠶᠢᠨ ᠱᠠᠭᠠᠵᠠᠩ ᠪᠤᠮᠪᠤ᠂ ᠪᠢᠴᠢᠬᠠᠨ ᠪᠤᠳᠤᠩ ᠵᠠᠷᠬᠡ ᠭᠠᠷᠴᠠᠢ᠃ ᠤᠨᠴᠠ ᠵᠠᠷᠢᠮ ᠪᠠᠶᠠᠤᠨ | ᠡᠷᠬᠢᠮᠳᠡᠨ ᠤ ᠪᠤᠯᠠᠰᠢ ᠠᠴᠠ ᠠᠯᠳᠡᠨ ᠬᠠᠤᠨᠬᠠᠭᠤᠷ᠂ ᠠᠯᠳᠡᠨ ᠵᠤᠭᠤᠰ᠂ ᠮᠦᠩᠬᠦᠨ ᠬᠤᠨᠳᠠᠭ᠎ᠠ ᠪᠤᠶᠤ ᠮᠦᠩᠬᠦᠨ | ᠵᠤᠭᠤᠰ᠂ ᠵᠠᠰ ᠵᠤᠭᠤᠰ ᠵᠠᠷᠬᠡ ᠶᠢᠨ ᠶᠠᠭᠤᠮ᠎ᠠ ᠭᠠᠷᠴᠠᠢ᠃ ᠶᠠᠳᠡᠭᠤᠴᠤᠤᠨ ᠤᠨ ᠤᠩᠭᠤᠨ ᠠᠴᠠ ᠦᠨᠠᠰᠤᠨ ᠴᠠᠶᠢᠪᠤᠷ | ᠦᠩᠬᠡ ᠶᠢᠨ ᠭᠠᠯᠠᠭᠤᠨ ᠬᠦᠵᠤᠬᠦᠤ ᠲᠠᠢ ᠨᠡᠷᠢᠨ ᠯᠤᠩᠬᠤ᠂ ᠯᠢᠶᠤᠤ ᠤᠯᠤᠰ ᠤᠨ ᠦᠶ᠎ᠡ ᠶᠢᠨ ᠲᠡᠬᠢᠶᠡᠨ ᠬᠤᠩᠰᠢᠶᠠᠷ | ᠲᠠᠢ ᠱᠠᠭᠠᠵᠠᠩ ᠯᠤᠩᠬᠤ ᠨᠢᠬᠡ ᠪᠤᠶᠤ ᠵᠠᠷᠢᠮ ᠠᠴᠠ ᠨᠢ ᠬᠤᠶᠠᠷ ᠭᠠᠷᠴᠤ᠂ ᠤᠨᠴᠠ ᠵᠠᠷᠢᠮ ᠠᠴᠠ ᠨᠢ ᠴᠦᠬᠡᠬᠡᠨ | ᠲᠤᠭᠠᠨ ᠤ ᠭᠠᠤᠯᠢᠨ ᠵᠤᠭᠤᠰ ᠰᠤᠬᠤᠷ ᠵᠠᠤᠭᠤᠰ ᠤᠳ ᠭᠠᠷᠤᠭᠰᠠᠨ ᠪᠠᠶᠢᠯ᠎ᠠ᠃ ᠡᠨᠡ ᠨᠢ ᠲᠤᠬᠠᠢ ᠶᠢᠨ ᠴᠠᠭ ᠤᠨ | ᠠᠵᠤ ᠠᠮᠢᠳᠤᠷᠡᠯ ᠤᠨ ᠨᠢᠮᠬᠡᠨ ᠵᠤᠵᠠᠭᠠᠨ᠂ ᠨᠡᠶᠢᠬᠡᠮ ᠲᠡᠬᠡᠷᠡᠬᠢ ᠵᠠᠷᠬᠡ ᠲᠠᠰ ᠨᠡᠷ᠎ᠡ ᠲᠦᠷᠤ ᠶᠢ ᠲᠤᠰᠬᠠᠵᠤ | ᠪᠠᠶᠢᠭ᠎ᠠ ᠶᠢᠨ ᠢᠯᠠᠷᠡᠯ ᠪᠤᠯᠤᠨ᠎ᠡ᠃ | ᠡᠬᠦᠨ ᠠᠴᠠ ᠭᠠᠳᠡᠨ᠎ᠡ ᠬᠠᠮᠤᠭ ᠤᠨ ᠶᠡᠭᠡ ᠬᠦᠮᠤᠰ ᠤᠨ ᠠᠩᠬᠠᠷᠤᠯ ᠲᠡᠳᠡᠮᠠᠷ ᠪᠤᠯᠠᠰᠢ ᠪᠤᠯ ᠱᠠᠩᠳᠤ | ᠬᠤᠳᠡ ᠠᠴᠠ ᠬᠤᠶᠢᠰᠢ 60 ᠭᠠᠵᠠᠷ ᠠᠶᠠᠯᠠᠪᠠᠯ ᠬᠠᠭᠤᠴᠢᠨ ᠬᠠᠳᠠᠨᠬᠤᠰᠢᠭᠤ ᠰᠦᠮ᠎ᠡ ᠶᠢᠨ ᠪᠠᠷᠡᠭᠤᠨ ᠡᠮᠤᠨ᠎ᠡ | ᠠᠭᠤᠯᠠ ᠶᠢᠨ ᠨᠠᠷᠢᠨ ᠡᠩᠬᠡᠷ᠂ ᠠᠭᠤᠯᠠᠨ ᠪᠠᠯ᠂ ᠲᠡᠷᠭᠤᠨ ᠰᠢᠯᠢ ᠵᠠᠷᠬᠡ ᠭᠠᠵᠠᠷ ᠤᠨ ᠤᠩᠭᠤᠨ ᠪᠤᠯᠠᠰᠢ ᠨᠢ ᠶᠡᠭᠡ | ᠶᠡᠭᠡ ᠴᠢᠯᠠᠭᠤᠨ ᠬᠦᠷᠢᠶ᠎ᠡ ᠲᠠᠢ ᠪᠤᠯᠠᠰᠢ ᠶᠢᠨ ᠤᠪᠤᠭ᠎ᠠ ᠨᠢ ᠴᠤ ᠲᠤᠮᠤ ᠪᠦᠳᠤᠬᠦᠨ᠂ ᠦᠪᠡᠷ ᠦᠪᠡᠷᠰᠠᠤᠨ ᠢᠶᠠᠨ | ᠭᠠᠵᠠᠷ ᠦᠵᠠᠨ ᠰᠤᠩᠭᠤᠵᠤ᠂ ᠵᠦᠭ ᠴᠢᠭ ᠭᠠᠵᠠᠷ ᠤᠨ ᠪᠠᠶᠢᠴᠠ ᠶᠢ ᠤᠨᠴᠠ ᠠᠩᠬᠠᠷᠴᠤ ᠤᠷᠤᠰᠢᠭᠤᠯᠤᠭᠰᠠᠨ | ᠮᠦᠷᠳᠡᠬᠡᠨᠤᠯᠠᠩᠬᠢ ᠪᠤᠯᠠᠰᠢ ᠶᠢᠨ ᠡᠮᠤᠨ᠎ᠡ ᠬᠦᠮᠤᠨ ᠴᠢᠯᠠᠭᠤᠨ ᠬᠦᠰᠢᠶ᠎ᠡ ᠪᠤᠰᠬᠠᠭᠰᠠᠨ ᠪᠠᠶᠢᠳᠠᠭ᠃ ᠡᠳᠡᠬᠡᠷ ᠬᠦᠮᠤᠨ | ᠴᠢᠯᠠᠭᠤᠨ ᠤ ᠲᠤᠳᠤᠷ᠎ᠡ ᠭᠠᠩᠳᠢᠭ ᠴᠠᠭᠠᠨ ᠴᠢᠯᠠᠭᠤ ᠶᠢ ᠴᠦᠴᠠᠳᠡᠵᠤ ᠪᠦᠳᠤᠬᠡᠬᠡᠤᠨ ᠨᠠᠷᠢᠯᠢᠭ ᠰᠠᠶᠢᠬᠠᠨ ᠰᠠᠶᠢᠯᠪᠤᠷᠢ | ᠲᠠᠢ ᠨᠢ 4 ᠪᠡᠶᠢᠨ᠎ᠡ᠃ ᠪᠠᠬᠢᠯᠢᠭ ᠪᠤᠷᠤ ᠴᠢᠯᠠᠭᠤ ᠶᠢ ᠴᠦᠴᠢᠳᠡᠨ ᠰᠠᠶᠢᠯᠤᠨ ᠭᠠᠷᠭᠠᠭᠰᠠᠨ ᠨᠢ 8 ᠪᠡᠶᠢᠨ᠎ᠡ᠃ | ᠬᠠᠪᠳᠡᠭᠠᠢ ᠬᠦᠬᠡ ᠴᠢᠯᠠᠭᠤᠨ ᠲᠡᠬᠡᠷ᠎ᠡ ᠲᠦᠷᠢ ᠰᠠᠶᠢᠮᠤᠯᠠᠯ ᠭᠠᠷᠭᠠᠭᠰᠠᠨ ᠨᠢ 7 ᠪᠠᠶᠢᠳᠠᠭ᠃ ᠴᠢᠯᠠᠭᠤᠨ ᠬᠦᠮᠤᠰ ᠤᠨ | ᠰᠠᠶᠢᠯᠤᠮᠠᠯ ᠲᠦᠷᠢ ᠠᠪᠤᠷᠢ ᠤᠳ ᠨᠢ ᠬᠤᠭᠤᠷ ᠬᠤᠭᠤᠷᠤᠨᠳᠤ ᠪᠠᠨ ᠠᠳᠡᠯᠢ ᠦᠬᠡᠢ᠃ ᠬᠡᠷᠡᠭᠯᠡᠭᠰᠠᠨ ᠮᠠᠲ᠋ᠧᠷᠢᠶᠡᠯ ᠤᠳ | ᠨᠢ ᠴᠤ ᠠᠳᠡᠯᠢ ᠦᠬᠡᠢ᠃ ᠡᠨᠡ ᠨᠢ ᠬᠡᠯᠡᠯᠬᠡᠨ ᠦᠬᠡᠢ ᠠᠳᠡᠯᠢ ᠪᠤᠰᠤ ᠴᠠᠭ ᠦᠶ᠎ᠡ ᠶᠢᠨ ᠠᠳᠡᠯᠢ ᠪᠤᠰᠤ ᠲᠠᠤᠬᠡ | ᠰᠤᠶᠤᠯ᠂ ᠡᠷᠬᠢᠮ ᠲᠡᠬᠡᠳᠤ ᠂ ᠡᠬᠡᠯ ᠲᠤᠤᠷᠡᠳᠤ ᠨᠡᠶᠢᠬᠡᠮ ᠤᠨ ᠢᠯᠠᠭᠠᠯ᠂ ᠠᠮᠢᠳᠤᠷᠡᠯ᠂ ᠰᠤᠶᠤᠯ ᠤᠨ ᠤᠨᠴᠠᠯᠢᠭ ᠢ | ᠬᠠᠷᠠᠭᠤᠯᠤᠭᠰᠠᠨ ᠲᠠᠤᠬᠡ ᠰᠤᠶᠤᠯ ᠤᠨ ᠦᠯᠠᠳᠡᠴᠠ ᠪᠤᠯᠤᠨ᠎ᠡ᠃ ᠴᠢᠯᠠᠭᠤᠨ ᠬᠦᠮᠤᠨ ᠤ ᠤᠯᠠᠩᠬᠢ ᠨᠢ ᠲᠦᠰᠢᠯᠭᠡᠳᠤ | ᠰᠠᠨᠳᠡᠯᠢ ᠲᠡᠬᠡᠷ᠎ᠡ ᠲᠦᠪ ᠰᠠᠭᠤᠵᠤ᠂ ᠪᠠᠷᠠᠭᠤᠨ ᠭᠠᠷ ᠲᠠᠭᠠᠨ ᠰᠠᠷᠵᠢᠮ ᠤᠨ ᠬᠤᠨᠳᠠᠭ᠎ᠠ ᠪᠤᠶᠤ ᠠᠶᠠᠭᠠᠨ ᠬᠡᠯᠪᠡᠷᠢ ᠶᠢᠨ | ᠵᠦᠢᠯ ᠠᠤᠨᠬᠤᠵᠤ᠂ ᠵᠢᠷᠤᠬᠡᠨ ᠬᠠᠪᠢ ᠳᠠᠭᠠᠨ ᠪᠡᠷᠢᠨ ᠲᠦᠪ ᠰᠠᠭᠤᠵᠤᠬᠤᠢ᠂ ᠵᠠᠬᠦᠨ ᠭᠠᠷ ᠢᠶᠠᠨ ᠡᠪᠤᠳᠤᠭ᠌ ᠲᠡᠬᠡᠷ᠎ᠡ | ᠪᠠᠨ ᠲᠠᠯᠪᠢᠵᠤᠬᠤᠢ᠃ ᠵᠠᠷᠢᠮ ᠨᠢ ᠰᠠᠨᠳᠡᠯᠢ ᠰᠢᠷᠡᠬᠡᠨ ᠤ ᠠᠷᠤ ᠳᠠᠭᠠᠨ ᠲᠦᠰᠢᠯᠭᠡ ᠲᠠᠢ ᠮᠦᠷᠳᠡᠬᠡᠨ ᠬᠤᠶᠠᠷ | ᠲᠤᠬᠤᠢ ᠬᠠᠪᠢ ᠳᠠᠭᠠᠨ ᠴᠤ ᠲᠡᠷᠡ ᠲᠦᠰᠢᠯᠬᠡ ᠲᠠᠢ ᠰᠠᠶᠢᠯᠡᠵᠠᠢ᠃ ᠰᠠᠨᠳᠡᠯᠢ ᠰᠢᠷᠡᠬᠡᠨ ᠤ ᠬᠢᠨᠢ ᠠᠷᠤ ᠪᠡ ᠬᠠᠵᠠᠭᠤ | ᠬᠠᠪᠢᠷᠭᠠᠨ ᠲᠡᠯ᠎ᠡ ᠳᠠᠭᠠᠨ ᠡᠬᠦᠯᠠᠨ ᠬᠤᠸᠠᠷ ᠂ ᠬᠡ ᠤᠭᠠᠯᠵᠠ᠂ ᠯᠢᠩᠬᠤᠸ᠎ᠠ ᠬᠤᠸᠠᠷ ᠤᠨ ᠰᠠᠶᠢᠯᠤᠮᠠᠯ ᠲᠠᠢ᠃ | ᠡᠬᠦᠨᠳᠤ ᠲᠡᠷᠭᠤᠨ ᠰᠢᠯᠢ ᠶᠢᠨ ᠤᠩᠭᠤᠨ ᠪᠤᠯᠠᠰᠢ ᠶᠢᠨ ᠡᠮᠤᠨᠡᠬᠢ ᠭᠠᠩᠳᠢᠭ ᠴᠠᠭᠠᠨ ᠬᠦᠮᠤᠨ ᠴᠢᠯᠠᠭᠤ ᠶᠢᠨ | ᠰᠠᠶᠢᠯᠤᠮᠠᠯ ᠨᠢ ᠨᠡᠷᠢᠯᠢᠭ᠋ ᠮᠦᠷᠳᠡᠬᠡᠨ ᠠᠮᠢᠳᠤᠯᠢᠭ ᠭᠤᠴᠤ᠂ ᠭᠠᠶᠢᠬᠠᠯᠳᠡᠢ ᠰᠠᠶᠢᠬᠠᠨ ᠪᠢᠯᠠ᠃ ᠲᠤᠰ ᠴᠢᠯᠠᠭᠤᠨ | ᠬᠦᠮᠤᠨ ᠢ ᠲᠦᠰᠢᠯᠬᠡᠳᠤ ᠰᠠᠨᠳᠡᠯᠢ ᠰᠢᠷᠡᠬᠡᠨ ᠲᠡᠬᠡᠷ᠎ᠡ ᠲᠦᠪ ᠶᠠᠬᠡᠮᠰᠤᠭ᠌ ᠲᠦᠷᠢ ᠠᠪᠤᠷᠢ ᠶᠢ ᠠᠪᠤᠭᠤᠯᠤᠨ᠂ | ᠠᠮᠤᠭᠤᠯᠠᠩ ᠲᠡᠶᠢᠪᠤᠩ᠂ ᠰᠦᠷ ᠵᠢᠪᠬᠤᠭ᠎ᠠ ᠲᠠᠢ ᠰᠠᠭᠤᠯᠭᠠᠨ ᠰᠠᠶᠢᠯᠡᠵᠠᠢ᠃ ᠴᠠᠬᠡᠵᠢᠨ ᠪᠠᠶ᠎ᠠ ᠂ ᠨᠢᠷᠤᠭᠤᠨ ᠪᠠᠶ᠎ᠠ᠂ | ᠲᠡᠯᠤ ᠮᠦᠷᠤ ᠪᠠᠷ ᠨᠢ ᠡᠬᠦᠯᠠ ᠡᠪᠬᠡᠷᠡᠬᠦᠯᠤᠨ᠂ ᠯᠤᠤ ᠤᠷᠢᠶᠡᠯᠭᠠᠨ ᠮᠠᠭᠰᠢᠭᠤᠯᠵᠤ᠂ ᠪᠠᠶ᠎ᠠ ᠳᠡᠭᠡᠨ ᠬᠤᠶᠠᠭ | ᠲᠤᠭᠤᠯᠭ᠎ᠠ ᠬᠡᠳᠡᠷᠡᠭᠦᠯᠦᠨ ᠂ ᠬᠠᠰ ᠤᠨ ᠪᠦᠰᠠ ᠪᠦᠰᠠᠯᠠᠬᠦᠯᠤᠨ᠂ ᠲᠡᠰᠢᠶᠡᠨ ᠳᠠᠭᠠᠨ ᠬᠡᠳᠡ ᠬᠢᠳᠤᠭ᠎ᠠ᠂ ᠰᠤᠶᠤᠭ᠎ᠠ | ᠂ ᠲᠤᠤᠬᠠᠢ ᠵᠠᠬᠦᠵᠤ᠂ ᠪᠠᠷᠡᠭᠤᠨ ᠭᠠᠷ ᠲᠠᠭᠠᠨ ᠰᠠᠷᠵᠢᠮ ᠤᠨ ᠬᠤᠨᠳᠠᠭ᠎ᠠ ᠠᠤᠨᠬᠤᠨ ᠵᠢᠷᠤᠬᠡᠨ ᠬᠠᠪᠢ ᠳᠠᠭᠠᠨ | ᠪᠠᠷᠢᠵᠤ᠂ ᠵᠠᠬᠦᠨ ᠭᠠᠷ ᠢᠶᠠᠨ ᠡᠪᠤᠳᠤᠭ᠌ ᠲᠦᠰᠢᠶ᠎ᠡ ᠲᠡᠯᠪᠢᠵᠤᠬᠤᠢ᠃ ᠲᠤᠮᠳᠡᠭᠤᠷ ᠢᠶᠠᠨ ᠬᠠᠤᠨᠬᠤᠮᠠᠯ ᠬᠤᠸᠠᠷ ᠲᠠᠢ | ᠲᠦᠷᠪᠠᠯᠵᠢᠨ ᠪᠦᠰᠠ ᠪᠦᠰᠠᠯᠠᠵᠤ ᠨᠢᠷᠤᠭᠤᠨ ᠠᠷᠤ ᠶᠢᠨ ᠪᠦᠰᠠᠨ ᠤ ᠭᠤᠤᠯ ᠲᠤᠮᠳᠡ ᠲᠦᠷᠪᠠᠯᠵᠢᠨ ᠰᠠᠭᠤᠷᠢ | ᠭᠠᠷᠭᠠᠵᠤ᠂ ᠲᠡᠬᠡᠷ᠎ᠡ ᠨᠢ ᠮᠠᠨᠳᠡᠷᠸᠠ ᠬᠤᠸᠠᠷ ᠤᠨ ︵ ᠮᠤᠳᠤᠨ ᠪᠠᠷ︶ ᠬᠦᠳᠤᠬᠡᠷ ᠰᠠᠶᠢᠯᠤᠮᠠᠯ ᠭᠠᠷᠭᠠᠵᠠᠢ᠃ ᠡᠨᠡ | ᠴᠢᠯᠠᠭᠤᠨ ᠬᠦᠮᠤᠨ ᠤ ᠦᠨᠳᠤᠷ ᠬᠤᠶᠠᠷ ᠮᠧᠲᠷ᠂ ᠦᠷᠬᠡᠨ ᠨᠢ ᠨᠢᠬᠡ ᠮᠧᠲᠷ ᠬᠢᠷᠳᠡᠢ᠃ ᠬᠦᠮᠤᠨ ᠴᠢᠯᠠᠭᠤᠨ ᠤ | ᠮᠠᠲ᠋ᠧᠷᠢᠶᠡᠯ ᠪᠡ ᠬᠢᠴᠠ ᠨᠢ ᠲᠤᠩ ᠨᠡᠷᠢᠯᠢᠭ᠋᠂ ᠬᠦᠮᠤᠨ ᠴᠢᠯᠠᠭᠤᠨ ᠤ ᠠᠷᠤ ᠳᠤ ᠪᠠᠷᠢᠭᠰᠠᠨ ᠪᠠᠷᠢᠯᠭ᠎ᠠ ᠨᠢ ᠬᠠᠩᠳᠡᠮᠠᠯ | ᠰᠢᠷᠤᠢ ᠶᠢᠨ ᠰᠠᠭᠤᠷᠢ ᠴᠤᠭᠴᠠᠯᠠᠵᠤ᠂ ᠲᠦᠷᠪᠡᠨ ᠦᠨᠴᠤᠭ᠌ ᠲᠤᠨᠢ ᠲᠤᠯᠠᠭᠠᠭᠤᠷᠢ ᠶᠢᠨ ᠰᠠᠭᠤᠷᠢ ᠴᠢᠯᠠᠭᠤ | ᠪᠠᠶᠢᠬᠤ ᠠᠴᠠ ᠦᠵᠠᠬᠦ ᠳᠤ ᠨᠠᠯᠢᠶᠠᠤᠨ ᠠᠭᠤᠳᠡᠮ ᠲᠡᠬᠢᠯᠭ᠎ᠠ ᠶᠢᠨ ᠲᠠᠩᠬᠢᠮ ᠪᠠᠶᠢᠵᠠᠢ᠃ ᠠᠳᠡᠬᠢ ᠪᠤᠯᠠᠰᠢᠨ ᠤ | ᠤᠯᠠᠩᠬᠢ ᠬᠦᠮᠤᠨ ᠴᠢᠯᠠᠭᠤ ᠨᠢ ᠲᠤᠯᠤᠭᠠᠢ ᠦᠬᠡᠢ᠂ ᠡᠨᠡ ᠨᠢ ᠬᠡᠯᠡᠯᠬᠡᠨ ᠦᠬᠡᠢ ᠲᠡᠤᠬᠡᠨ ᠬᠤᠪᠢᠰᠤᠯ ᠲᠠᠢ | ᠬᠠᠷᠢᠴᠠᠭ᠎ᠠ ᠲᠠᠢ ᠪᠢᠯᠠ᠃ ᠮᠢᠩ ᠤᠯᠤᠰ᠂ ᠶᠤᠸᠠᠨ ᠢ ᠮᠦᠬᠦᠬᠡᠬᠦ ᠦᠶ᠎ᠡ᠂ ᠨᠡᠶᠢᠰᠯᠠᠯ ᠬᠤᠳᠡ ᠶᠢ ᠬᠡᠳᠤᠨ ᠬᠤᠨᠤᠭ | ᠭᠠᠯᠳᠡᠵᠤ᠂ ᠦᠢᠷ᠎ᠡ ᠤᠷᠴᠢᠮ ᠤᠨ ᠤᠩᠭᠤᠨ ᠪᠤᠯᠠᠰᠢ ᠶᠢ ᠲᠠᠯᠠᠨ ᠠᠭᠤᠳᠡᠯᠠᠵᠤ᠂ ᠠᠪᠴᠤ ᠪᠤᠯᠬᠤ ᠶᠢ ᠨᠢ ᠠᠪᠴᠤ᠂ | ᠡᠰᠠ ᠪᠤᠯᠬᠤ ᠦᠬᠡᠢ ᠶᠢ ᠪᠠᠯᠪᠠᠴᠢᠵᠤ᠂ ᠲᠡᠷᠢᠬᠦᠨ ᠢᠶᠠᠷ ᠠᠨᠤ ᠭᠠᠪᠢᠶ᠎ᠠ ᠲᠡᠮᠳᠡᠭᠯᠠᠵᠤ᠂ ᠡᠳ᠋ ᠡᠷᠳᠡᠨᠢᠰ ᠤᠨ | ᠲᠤᠨᠤᠭᠰᠠᠨ ᠤ ᠶᠡᠭᠡ ᠪᠠᠭ᠎ᠠ ᠪᠠᠷ ᠨᠡᠷ᠎ᠡ ᠵᠠᠷᠬᠡ᠂ ᠴᠤᠯᠠ ᠡᠷᠬᠢᠮ ᠤᠯᠭᠤᠵᠤ ᠪᠠᠶᠢᠭᠰᠠᠨ ᠲᠠᠢ ᠰᠢᠭᠤᠤᠨ ᠬᠤᠯᠪᠤᠭ᠎ᠠ | ᠲᠠᠢ ᠶᠤᠮ᠃ ᠡᠳᠡᠬᠡᠷ ᠬᠦᠮᠤᠨ ᠴᠢᠯᠠᠭᠤ ᠲᠠᠢ ᠪᠤᠯᠠᠰᠢ ᠤᠩᠭᠤᠨ ᠤ ᠤᠯᠠᠩᠬᠢ ᠨᠢ ᠶᠤᠸᠠᠨ ᠤ ᠦᠶ᠎ᠡ ᠶᠢᠨ ᠪᠤᠯᠤᠨ᠎ᠡ᠃ | ᠯᠤᠤ ᠭᠠᠷᠤᠳᠢ ᠶᠢᠨ ᠰᠠᠶᠢᠯᠤᠮᠠᠯ ᠲᠠᠢ ᠭᠠᠩᠳᠢᠭ ᠬᠦᠮᠤᠨ ᠴᠢᠯᠠᠭᠤ ᠨᠢ ᠬᠡᠯᠡᠯᠬᠡᠨ ᠦᠬᠡᠢ ᠮᠤᠩᠭᠤᠯ ᠬᠠᠭᠠᠤᠨ | ᠤᠭᠰᠠᠭᠠᠨ ᠤ ᠤᠩᠭᠤᠨ ᠪᠤᠯᠠᠰᠢ ᠪᠤᠯᠤᠯᠳᠡᠢ᠃ ᠬᠦᠮᠤᠨ ᠴᠢᠯᠠᠭᠤᠨ ᠤ ᠰᠠᠶᠢᠯᠤᠮᠠᠯ ᠲᠦᠷᠢ ᠠᠪᠤᠷᠢ᠂ ᠬᠡᠳᠡ ᠲᠤᠤᠬᠠᠢ | ᠂ ᠬᠢᠳᠤᠭ᠎ᠠ ᠰᠤᠶᠤᠭ᠎ᠠ᠂ ᠤᠭᠤᠳᠡ ᠬᠠᠪᠳᠠᠭ᠎ᠠ ᠵᠠᠷᠬᠡ ᠨᠢ ᠮᠤᠩᠭᠤᠯᠴᠤᠤᠨ ᠤᠨ ᠰᠤᠶᠤᠯ ᠠᠮᠢᠳᠤᠷᠡᠯ ᠵᠠᠩ | ᠵᠠᠩᠰᠢᠯ ᠢ ᠰᠢᠭᠤᠤᠨ ᠢᠯᠠᠤᠨᠬᠡᠵᠠᠢ᠃ ᠢᠯᠩᠭᠤᠶᠠ ᠯᠤᠤ ᠶᠢᠨ ᠰᠠᠶᠢᠯᠤᠮᠠᠯ᠂ ᠡᠬᠦᠯᠠᠨ ᠬᠤᠸᠠᠷ ᠂ ᠮᠠᠨᠳᠡᠷᠸᠠ | ᠴᠠᠴᠡᠭ ᠤᠨ ᠰᠠᠶᠢᠯᠤᠮᠠᠯ ᠨᠢ ᠹᠸᠤᠳᠡᠯ ᠨᠡᠶᠢᠬᠡᠮ ᠤᠨ ᠬᠠᠭᠠᠨᠳᠤ ᠢᠵᠠᠭᠤᠷᠳᠡᠤᠨ ᠤᠨ ᠬᠦᠰᠠᠯ ᠮᠦᠷᠤᠬᠡᠳᠤᠯ ᠢ | ᠬᠠᠷᠠᠭᠤᠯᠤᠭᠰᠠᠨ ᠨᠢ ᠲᠤᠳᠤᠷᠬᠠᠢ ᠪᠢᠯᠠ᠃ ᠡᠳᠡᠬᠡᠷ ᠪᠤᠳᠡᠳᠤ ᠵᠦᠢᠯᠠᠰ ᠠᠴᠠ ᠰᠤᠳᠤᠯᠤᠨ ᠰᠢᠨᠵᠢᠪᠡᠯ ᠡᠨᠡᠬᠦ | ᠤᠩᠭᠤᠨ ᠤ ᠭᠠᠵᠠᠷ ᠨᠢ ᠶᠤᠸᠠᠨ ᠤᠯᠤᠰ ᠤᠨ ᠬᠠᠭᠠᠤᠨ ᠢᠵᠠᠭᠤᠷᠳᠡᠤᠨ ᠤᠨ ᠤᠩᠭᠤᠨ ᠪᠤᠯᠠᠰᠢ ᠤᠨ ᠭᠠᠵᠠᠷ ᠪᠤᠯᠬᠤ | ᠨᠢ ᠵᠠᠶᠢᠯᠠᠰᠢ ᠦᠬᠡᠢ ᠪᠢᠯᠠ᠃ | ᠬᠦᠮᠤᠨ ᠲᠦᠷᠤᠯᠬᠢᠳᠡᠨ ᠶᠠᠷᠤᠨᠢ ᠲᠡᠤᠬᠡ ᠠᠴᠠ ᠠᠪᠤᠭᠠᠤᠨ ᠲᠦᠷᠤ ᠲᠦᠷᠤ ᠶᠢᠨ ᠠᠷᠡᠤᠨ ᠢᠷᠬᠡᠤᠨ | ᠲᠡᠬᠡᠳᠤᠰ ᠤᠨ ᠢᠶᠠᠨ ᠤᠩᠭᠤᠨ ᠪᠤᠯᠠᠰᠢ ᠶᠢ ᠬᠦᠨᠳᠤᠤᠨᠬᠡᠵᠤ᠂ ᠦᠶ᠎ᠡ ᠤᠯᠠᠷᠢᠨ ᠰᠢᠳᠤᠬᠡᠨ ᠪᠤᠯᠭᠠᠨ ᠲᠡᠬᠢᠳᠠᠭ ᠶᠤᠮ᠃ | ᠶᠠᠭ ᠡᠶᠢᠮᠤ ᠤᠴᠢᠷ ᠠᠴᠠ ᠴᠢᠩ ᠤᠯᠤᠰ ᠤᠨ ᠦᠶ᠎ᠡ ᠳᠤ ᠴᠤ ᠬᠡᠰᠡᠨ ᠦᠶ᠎ᠡ ᠦᠶ᠎ᠡ ᠶᠢᠨ ᠬᠤᠶᠢᠴᠢᠰ ᠨᠢ ᠮᠦᠨ ᠬᠦ᠋ | ᠲᠡᠬᠡᠳᠤᠰ ᠤᠨ ᠢᠶᠠᠨ ᠤᠩᠭᠤᠨ ᠪᠤᠯᠠᠰᠢ ᠶᠢ ᠦᠷᠬᠦᠯᠵᠢᠯᠠᠨ ᠲᠡᠬᠢᠵᠤ ᠪᠠᠶᠢᠵᠠᠢ᠃ ᠪᠢᠳᠡ ᠭᠠᠩᠳᠢᠭ ᠴᠢᠯᠠᠭᠤᠨ ᠬᠦᠮᠤᠨ | ᠲᠠᠢ ᠤᠩᠭᠤᠨ ᠢ ᠴᠠᠪᠠᠷᠯᠠᠬᠦ ᠶᠠᠪᠤᠴᠠ ᠳᠤ ᠪᠤᠯᠠᠰᠢ ᠠᠴᠠ ᠴᠢᠩ ᠤᠯᠤᠰ ᠤᠨ ᠵᠢᠶᠠ ᠴᠢᠩ ᠤᠨ ᠦᠶ᠎ᠡ ᠶᠢᠨ ᠭᠠᠤᠯᠢᠨ | ᠵᠤᠭᠤᠰ ᠪᠤᠯᠤᠨ ᠲᠦᠷᠪᠠᠨ ᠨᠤᠭᠤᠭᠠᠨ ᠫᠢᠯᠠ ︵ ᠢᠷᠤᠭᠠᠯ ᠳᠠᠭᠠᠨ ᠵᠢᠶᠠ ᠴᠢᠩ ᠤᠨ ᠤᠨ ᠳᠤ ᠦᠢᠯᠠᠤᠨᠪᠡ ᠬᠡᠰᠡᠨ | ᠦᠰᠤᠭ᠌ ᠲᠠᠢ ᠪᠠᠶᠢᠯ᠎ᠠ︶ ᠭᠠᠷᠪᠡ᠃ ᠡᠨᠡᠬᠦ ᠲᠡᠬᠢᠯᠭ᠎ᠠ ᠶᠢᠨ ᠶᠠᠭᠤᠮ᠎ᠠ ᠶᠢ ᠲᠤᠭᠤᠰᠬ᠎ᠠ ᠪᠠᠷ ᠵᠢᠷᠬᠢᠯᠠᠵᠤ ᠪᠦᠳᠤᠬᠡᠨ | ᠲᠡᠯᠪᠢᠭ᠌ᠰᠠᠨ ᠪᠠᠶᠢᠵᠠᠢ᠃ ᠪᠠᠰᠠ ᠨᠢᠬᠡ ᠴᠦᠯᠠᠬᠡᠷ ᠬᠡᠳᠡᠰᠤ ᠲᠠᠢ ᠱᠠᠭᠠᠵᠠᠩ ᠪᠤᠷᠬᠠᠨ ᠪᠠᠶᠢᠭᠰᠠᠨ ᠶᠤᠮ᠃ | ᠡᠬᠦᠨ ᠠᠴᠠ ᠦᠵᠠᠪᠡᠯ ᠲᠡᠬᠡᠳᠤᠰ ᠤᠨ ᠤᠩᠭᠤᠨ ᠢ ᠪᠤᠷᠬᠠᠨ ᠰᠢᠳᠤᠬᠡᠨ ᠪᠤᠯᠭᠠᠨ ᠦᠶ᠎ᠡ ᠲᠡᠮᠵᠢᠨ ᠲᠡᠬᠢᠵᠤ | ᠪᠠᠶᠢᠭᠰᠠᠨ ᠨᠢ ᠲᠤᠩ ᠢᠯᠠᠷᠬᠡᠢ ᠶᠤᠮ᠃ | ︽ᠲᠡᠬᠡᠳᠤ ᠨᠡᠶᠢᠰᠯᠠᠯ ᠱᠠᠩᠳᠤ ᠶᠢᠨ ᠬᠦᠮᠤᠨ ᠠᠮᠠ ᠠᠷᠪᠡᠨ ᠬᠤᠶᠠᠷ ᠲᠦᠮᠠ ᠪᠠᠶᠢᠭᠰᠠᠨ ᠤ ᠲᠡᠬᠡᠷ᠎ᠡ | ᠬᠠᠮᠤᠭ ᠦᠨᠳᠤᠷ ᠤᠷᠬᠢᠯ ᠳᠠᠭᠠᠨ ᠠᠷᠪᠡᠨ ᠵᠢᠷᠭᠤᠭᠠᠨ ᠲᠦᠮᠠ ᠬᠦᠷᠤᠯ᠎ᠡ︾ ᠬᠡᠰᠡᠠ ᠲᠡᠮᠳᠡᠭᠯᠠᠯ ᠪᠠᠶᠢᠳᠠᠭ᠃ | ᠡᠶᠢᠮᠤ ᠠᠴᠠ ᠱᠠᠩᠳᠤ ᠨᠡᠶᠢᠰᠯᠠᠯ ᠤᠨ ᠤᠷᠴᠢᠨ ᠲᠤᠭᠤᠷᠢᠨ ᠤ ᠤᠩᠭᠤᠨ ᠪᠤᠯᠠᠰᠢ ᠨᠢ ᠬᠡᠯᠡᠯᠬᠡᠨ ᠦᠬᠡᠢ ᠨᠠᠯᠢᠶᠠᠤᠨ | ᠦᠷᠬᠡᠨ ᠬᠡᠪᠴᠢᠶᠡᠨ ᠳᠤ ᠲᠡᠷᠬᠠᠵᠤ ᠪᠠᠶᠢᠳᠠᠭ᠃ ᠵᠢᠱᠢᠶᠠᠯᠠᠪᠡᠯ ᠪᠢᠳᠡᠨ ᠤ ᠢᠯᠠᠷᠡᠬᠦᠯᠤᠭ᠍ᠰᠠᠨ ᠢᠶᠠᠷ ᠴᠠᠭᠠᠨ ᠤᠪᠤᠭᠠᠨ ᠤ | ᠡᠩᠬᠡᠷ᠂ ᠰᠤᠭᠤ ᠶᠢᠨ ᠬᠤᠤᠨᠳᠤᠭ ᠤᠨ ᠡᠩᠬᠡᠷ ᠂ ᠬᠡᠬᠡᠨ ᠤᠪᠤᠭᠠᠨ ᠤ ᠡᠩᠬᠡᠷ ᠂ ᠡᠵᠢ ᠠᠭᠤᠯᠠ ᠶᠢᠨ ᠡᠩᠬᠡᠷ᠂ | ᠴᠢᠨ᠋ᠸ᠎ᠠ ᠶᠢᠨ ᠭᠤᠤ ᠶᠢᠨ ᠡᠩᠬᠡᠷ᠂ ᠪᠦᠳᠤᠬᠦᠨ ᠤ ᠡᠩᠬᠡᠷ ᠁ ᠬᠡᠬᠦ ᠮᠠᠳᠤ ᠲᠤᠩ ᠤᠯᠠᠨ ᠭᠠᠵᠠᠷ ᠢᠶᠠᠷ ᠲᠡᠷᠬᠠᠵᠤ | ᠪᠡᠶᠢᠨ᠎ᠡ᠃ ᠡᠬᠦᠨᠳᠤ ᠵᠢᠱᠢᠶᠠᠯᠠᠪᠡᠯ᠄ ᠴᠠᠭᠠᠨ ᠤᠪᠤᠭᠠᠨ ᠤ ᠡᠩᠬᠡᠷ ᠤᠨ ᠤᠩᠭᠤᠨ ᠢ ᠴᠠᠪᠠᠷᠯᠠᠬᠦ ᠶᠠᠪᠤᠴᠠ ᠳᠤ ᠬᠦᠬᠡ | ᠲᠤᠭᠤᠰᠬ᠎ᠠ ᠪᠠᠷ ᠰᠠᠭᠤᠷᠢ ᠶᠢ ᠲᠡᠪᠢᠰᠴᠤ᠂ ᠲᠦᠷᠪᠡᠨ ᠲᠡᠯ᠎ᠡ ᠶᠢ ᠲᠡᠩ ᠲᠤᠭᠤᠰᠬ᠎ᠠ ᠪᠠᠷ ᠴᠤᠬᠤᠢ ᠬᠠᠪᠴᠢᠭᠤᠯᠤᠨ | ᠵᠢᠷᠬᠢᠯᠡᠭᠰᠠᠨ ᠢᠶᠠᠷ ᠲᠤᠩ ᠴᠠᠪᠠᠷᠬᠡᠨ ᠮᠦᠷᠳᠡᠬᠡᠨ ᠪᠦᠳᠤᠨ ᠪᠠᠶᠢᠵᠠᠢ᠃ ᠤᠯᠠᠩᠬᠢ ᠶᠢ ᠨᠢ ᠠᠭᠤᠳᠡᠯᠠᠵᠤ ᠦᠩᠬᠡᠷᠡᠭᠰᠠᠨ | ᠪᠤᠯᠪᠠᠴᠤ ᠴᠦᠬᠡᠪᠳᠤᠷ ᠨᠢ ᠬᠠᠷᠢᠨ ᠡᠪᠳᠡᠭᠳᠡᠭᠰᠠᠨ ᠦᠬᠡᠢ ᠪᠡᠶᠢᠪᠡ᠃ ᠪᠦᠳᠤᠨ ᠤᠩᠭᠤᠨ ᠠᠴᠠ ᠮᠦᠩᠬᠦᠨ ᠲᠡᠪᠤᠷ᠎ᠡ᠂ | ᠵᠠᠰ ᠲᠤᠯᠢ ᠵᠠᠷᠬᠡ ᠶᠠᠭᠤᠮ᠎ᠠ ᠭᠠᠷᠤᠭᠰᠠᠨ ᠨᠢ ᠶᠠᠳᠡᠭᠤᠯᠢᠭ ᠠᠮᠢᠳᠤᠷᠡᠯ ᠲᠠᠢ ᠠᠷᠡᠤᠨ ᠤᠨ ᠤᠩᠭᠤᠨ ᠪᠤᠯᠤᠨ᠎ᠡ᠃ | ᠱᠠᠩᠳᠤ ᠬᠤᠳᠡ ᠶᠢᠨ ᠡᠷᠬᠢᠨ ᠲᠤᠭᠤᠷᠢᠨ ᠳᠤ ᠡᠳᠤᠢ ᠲᠡᠳᠤᠢ ᠤᠩᠭᠤᠨ ᠪᠤᠯᠠᠰᠢ ᠶᠢᠨ ᠭᠠᠵᠠᠷ ᠪᠠᠶᠢᠳᠠᠭ | ᠨᠢ ᠠᠯᠢ ᠡᠷᠳᠡ ᠯᠢᠶᠤᠤ᠂ ᠶᠢᠨ ᠤ ᠦᠶ᠎ᠡ ᠶᠢᠨ ᠤᠩᠭᠤᠨ ᠪᠤᠯᠠᠰᠢ ᠴᠤ ᠪᠠᠶᠢᠭ᠎ᠠ ᠶᠤᠮ᠃ ᠡᠨᠡᠬᠦ ᠭᠤᠶᠤ ᠰᠠᠶᠢᠬᠠᠨ | ᠭᠠᠵᠠᠷ ᠤᠷᠤᠨ ᠳᠤ ᠬᠡᠴᠢᠨᠠᠨ ᠲᠦᠷᠤ ᠬᠦᠷᠤᠨ᠂ ᠬᠡᠴᠢᠨᠠᠨ ᠲᠡᠤᠬᠡᠨ ᠦᠶ᠎ᠡ ᠶᠢ ᠦᠩᠬᠡᠷᠡᠬᠡᠨ ᠲᠡᠬᠦᠨ ᠤ ᠰᠤᠶᠤᠯ ᠤᠨ | ᠤᠯᠠ ᠮᠦᠷ ᠦᠯᠠᠳᠡᠭᠳᠡᠵᠤ ᠪᠡᠶᠢᠬᠤ ᠨᠢ ᠮᠡᠳᠡᠬᠡᠵᠢ ᠶᠢᠨ ᠬᠡᠷᠡᠭ ᠪᠢᠯᠠ᠃ | ᠵᠤᠬᠢᠨᠶ᠋ᠭᠴᠢ ᠶᠢᠨ ᠬᠠᠶ᠋ᠢᠭ᠄ ᠰᠢᠯᠤᠭᠤᠨ ᠬᠦᠬᠡ ᠬᠤᠰᠢᠭᠤᠨ ᠤ ᠲᠡᠤᠬᠡᠨ ᠲᠤᠷᠠᠰᠬᠠᠯᠳᠤ ᠵᠦᠢᠯ ᠤᠨ | ᠲᠤᠪᠴᠢᠶ᠎ᠠ |