ᠰᠤᠮᠤ ᠶᠢ ᠬᠠᠰᠤᠪᠠᠴᠦ ᠰᠤᠷᠭᠠᠭᠤᠯᠢ ᠶᠢ ᠬᠠᠰᠤᠵᠦ ᠪᠤᠯᠬᠤ ᠦᠬᠡᠢ
ᠨᠡᠶᠢᠲᠡᠯᠡᠭᠰᠡᠨ ᠴᠠᠭ᠄
2018/6/11
                                             ᠰ᠊ · ᠦᠯᠵᠡᠶᠢᠪᠠᠳᠦ                                                                                                                                                   — ︽ᠰᠢᠯᠤᠭᠤᠨ ᠬᠦᠬᠡ᠂ ᠰᠠᠩ ᠤᠨ ᠳᠠᠯᠠᠢ ᠮᠤᠩᠭᠤᠯ                                     ᠪᠠᠭ᠎ᠠ ᠰᠤᠷᠭᠠᠭᠤᠯᠢ︾ ᠭᠡᠬᠦ ᠨᠤᠮ ᠢ ᠤᠩᠰᠢᠭᠠᠳ          ᠰᠤᠷᠭᠠᠭᠤᠯᠢ ᠪᠤᠯ ᠰᠤᠶᠤᠯ ᠤᠨ ᠦᠯᠦᠬᠡᠢ᠂ ᠰᠤᠷᠭᠠᠭᠤᠯᠢ ᠶᠢᠨ ᠳᠡᠤᠬᠡ ᠪᠤᠯ ᠰᠤᠶᠤᠯ ᠤᠨ ᠳᠡᠤᠬᠡ᠃          ᠨᠦᠬᠦᠷ ᠳᠤ᠋ · ᠰᠤᠳᠤᠰᠡᠴᠢᠨ᠂ ᠰᠧᠳᠡᠩᠨᠤᠷᠪᠤ ᠨᠠᠷ ᠤᠨ ᠡᠷᠬᠢᠯᠡᠨ ᠨᠠᠶᠢᠷᠠᠭᠤᠯᠤᠭᠰᠡᠨ ︽ᠰᠢᠯᠤᠭᠤᠨ ᠬᠦᠬᠡ᠂ ᠰᠠᠩ ᠤᠨ ᠳᠠᠯᠠᠢ ᠮᠤᠩᠭᠤᠯ ᠪᠠᠭ᠎ᠠ ᠰᠤᠷᠭᠠᠭᠤᠯᠢ︾ ᠬᠡᠬᠦ ᠨᠤᠮ ᠬᠡᠪᠯᠡᠭᠳᠡᠭᠡᠳ᠂ ᠰᠤᠷᠭᠠᠭᠤᠯᠢ ᠶᠢᠨ ᠳᠡᠤᠬᠡ᠂ ᠰᠤᠶᠤᠯ ᠤᠨ ᠳᠡᠤᠬᠡᠨ ᠳᠤ ᠨᠢᠭᠡ ᠬᠤᠪᠢ ᠨᠡᠮᠡᠷᠢ ᠬᠠᠨᠳᠢᠪ ᠡᠷᠬᠦᠯ᠎ᠡ᠃          ᠰᠤᠷᠭᠠᠭᠤᠯᠢ ᠭᠡᠵᠦ ᠦᠨᠡᠭᠡᠷ ᠨᠢᠭᠡᠨ ᠤᠨᠴᠠᠭᠠᠢ ᠭᠠᠵᠠᠷ ᠶᠤᠮ᠃ ᠰᠤᠷᠭᠠᠭᠤᠯᠢ ᠶᠢ ᠵᠦᠪᠬᠡᠨ ᠬᠡᠳᠦᠨ ᠬᠡᠤᠬᠡᠳ ᠲᠤ ᠬᠡᠳᠦᠨ ᠦᠰᠦᠭ ᠳᠠᠨᠢᠭᠤᠯᠳᠠᠭ ᠭᠠᠵᠠᠷ ᠳᠡᠳᠦᠢ ᠪᠠᠷ ᠦᠵᠡᠪᠡᠯ ᠱᠠᠯ ᠪᠤᠷᠤᠭᠤ᠃ ᠨᠢᠭᠡ ᠦᠨᠳᠦᠰᠦᠳᠡᠨ ᠢ ᠮᠠᠨᠳᠤᠭᠤᠯᠤᠶ᠎ᠠ ᠭᠡᠪᠡᠯ ᠰᠤᠷᠭᠠᠭᠤᠯᠢ ᠠᠴᠠ ᠡᠬᠢᠯᠡᠵᠦ᠂ ᠨᠢᠭᠡ ᠦᠨᠳᠦᠰᠦᠳᠡᠨ ᠢ ᠮᠦᠬᠦᠭᠡᠶ᠎ᠡ ᠭᠡᠪᠡᠯ ᠪᠠᠰᠠ ᠰᠤᠷᠭᠠᠭᠤᠯᠢ ᠠᠴᠠ ᠡᠬᠢᠯᠡᠳᠡᠭ ᠢ ᠳᠡᠤᠬᠡ ᠪᠢᠳᠡᠨ ᠳᠤ ᠬᠡᠯᠡᠵᠦ ᠦᠭᠴᠠᠢ᠃          ︽ᠰᠢᠯᠤᠭᠤᠨ ᠬᠦᠬᠡ᠂ ᠰᠠᠩ ᠤᠨ ᠳᠠᠯᠠᠢ ᠮᠤᠩᠭᠤᠯ ᠪᠠᠭ᠎ᠠ ᠰᠤᠷᠭᠠᠭᠤᠯᠢ︾ ᠭᠡᠬᠦ ᠨᠤᠮ ᠳᠤ ᠨᠢᠭᠡ ᠰᠤᠷᠭᠠᠭᠤᠯᠢ ᠶᠢᠨ ᠨᠢᠭᠡ ᠵᠢᠷᠠᠨ ᠤ ᠳᠡᠤᠬᠡ ᠶᠢ ᠪᠢᠴᠢᠭᠰᠡᠨ ᠳᠡᠳᠦᠢ ᠪᠢᠰᠢ᠂ ᠤᠷᠴᠢᠨ ᠦᠶ᠎ᠡ ᠶᠢᠨ ᠴᠠᠬᠠᠷ ᠨᠤᠳᠤᠭ  ᠤᠨ ᠰᠤᠷᠭᠠᠨ ᠬᠦᠮᠦᠵᠢᠯ ᠤᠨ ᠳᠡᠤᠬᠡᠨ ᠤᠯᠠ ᠮᠦᠷ ᠢ ᠳᠤᠳᠤᠷᠠᠭᠤᠯᠵᠦ ᠭᠠᠷᠭᠠᠵᠠᠢ᠃          ᠤᠳᠤ ᠠᠴᠠ 100 ᠵᠢᠯ ᠤᠨ ᠡᠮᠦᠨ᠎ᠡ᠂ ᠳᠤᠮᠳᠠᠳᠦ ᠢᠷᠭᠡᠨ ᠤᠯᠤᠰ ᠤᠨ ᠦᠶ᠎ᠡ ᠳᠤ ᠡᠨᠡ ᠬᠠᠪᠢ ᠶᠢᠨ ᠨᠤᠳᠤᠭ ᠲᠤ ᠠᠯᠪᠠᠨ ᠠᠴᠠ ᠡᠷᠬᠢᠯᠡᠭᠰᠡᠨ ᠪᠠᠭ᠎ᠠ ᠰᠤᠷᠭᠠᠭᠤᠯᠢ ᠪᠠᠶᠢᠭᠤᠯᠤᠭᠳᠠᠭᠰᠡᠨ ᠪᠤᠯᠪᠠᠴᠦ ᠴᠠᠬᠠᠷ ᠳᠤᠰᠬᠠᠢ ᠤᠷᠤᠨ ᠠᠴᠠ ᠬᠢᠳᠠᠳ ᠪᠠᠭᠰᠢ ᠳᠤᠮᠢᠯᠠᠵᠦ᠂ ᠴᠤᠯ ᠬᠢᠳᠠᠳ ᠢᠶᠠᠷ ᠬᠢᠴᠢᠶᠡᠯᠯᠡᠵᠦ᠂ ᠰᠤᠷᠤᠭᠴᠢᠳ ᠲᠤ ᠬᠢᠳᠠᠳ ᠨᠡᠷ᠎ᠡ ᠦᠭᠴᠦ᠂ ᠲᠦᠷᠦᠯᠬᠢ ᠮᠤᠩᠭᠤᠯ ᠬᠡᠯᠡ ᠪᠠᠷ ᠢᠶᠠᠨ ᠶᠠᠷᠢᠯᠴᠠᠬᠤ ᠶᠢ ᠬᠢᠵᠠᠭᠠᠷᠯᠠᠵᠦ᠂ ᠮᠤᠩᠭᠤᠯ ᠢᠶᠠᠷ ᠢᠶᠠᠨ ᠶᠠᠷᠢᠭᠰᠡᠨ ᠰᠤᠷᠤᠭᠴᠢ ᠶᠢ ᠭᠤᠷᠪᠠᠨ ᠡᠳᠦᠷ ᠬᠠᠷ᠎ᠠ ᠤᠰᠤᠨ ᠬᠤᠭᠤᠯᠠ ᠢᠳᠡᠭᠦᠯᠵᠦ ᠵᠠᠯᠬᠠᠭᠠᠳᠠᠭ ᠪᠠᠶᠢᠵᠠᠢ᠃ ᠶᠡᠭᠡ ᠰᠢᠯᠦᠭᠴᠢ ᠨᠠ᠊ · ᠰᠠᠶᠢᠨᠴᠤᠭᠳᠦ ᠠᠷᠪᠠᠨ ᠳᠠᠪᠤᠳᠠᠢ ᠳᠠᠭᠠᠨ ᠤᠷᠤᠭᠰᠡᠨ ᠨᠠᠷᠠᠳᠦ ᠶᠢᠨ ᠪᠠᠭ᠎ᠠ ᠰᠤᠷᠭᠠᠭᠤᠯᠢ ᠶᠢᠨ ᠳᠤᠬᠠᠢ ᠪᠢᠴᠢᠬᠦ  ᠳᠡᠭᠡᠨ᠄ ︽ᠡᠨᠡ ᠰᠤᠷᠭᠠᠭᠤᠯᠢ ᠪᠤᠯ ᠮᠤᠩᠭᠤᠯ ᠬᠡᠯᠡ ᠮᠡᠳᠡᠬᠦ ᠦᠬᠡᠢ ᠬᠢᠳᠠᠳ ᠪᠠᠭᠰᠢ᠂ ᠬᠢᠳᠠᠳ ᠬᠡᠯᠡ ᠮᠡᠳᠡᠬᠦ ᠦᠬᠡᠢ ᠮᠤᠩᠭᠤᠯ ᠬᠡᠤᠬᠡᠳ ᠢ ᠰᠤᠷᠭᠠᠵᠦ ᠪᠠᠶᠢᠭᠰᠡᠨ ᠪᠦᠭᠡᠳ ᠲᠡᠷᠡ ᠦᠶ᠎ᠡ ᠶᠢᠨ ᠵᠢᠭᠠᠵᠦ ᠪᠠᠶᠢᠭᠰᠡᠨ ᠬᠢᠴᠢᠶᠡᠯ ᠨᠢ ᠮᠠᠯᠴᠢᠨ ᠤ ᠬᠡᠤᠬᠡᠳ ᠤᠨ ᠦᠵᠡᠬᠦ ᠴᠦ ᠪᠠᠶᠢᠳᠤᠭᠠᠢ ᠰᠤᠨᠤᠰᠤᠭᠠᠳᠤᠢ ᠡᠯᠵᠢᠬᠡ ᠭᠠᠭ᠋ᠠᠢ ᠳᠠᠬᠢᠶ᠎ᠠ ᠶᠢᠨ ᠵᠢᠷᠤᠭ ᠲᠠᠢ ᠬᠢᠳᠠᠳ ᠬᠡᠯᠡᠨ ᠤ ᠪᠢᠴᠢᠭ ᠵᠢᠭᠠᠵᠦ ᠪᠠᠶᠢᠭᠰᠡᠨ︾ ᠭᠡᠵᠦ ᠪᠢᠴᠢᠭᠰᠡᠨ ᠪᠠᠶᠢᠳᠠᠭ᠃ ᠲᠡᠷᠡ ᠦᠶ᠎ᠡ ᠶᠢᠨ ᠠᠯᠪᠠᠨ ᠤ ᠰᠤᠷᠭᠠᠭᠤᠯᠢ ᠪᠦᠷ ᠢᠢᠮᠦ ᠪᠠᠶᠢᠭᠰᠡᠨ ᠠᠵᠠᠢ᠃ ᠡᠭᠦᠨ ᠠᠴᠠ ᠦᠵᠡᠭᠦᠯ᠎ᠡ ᠦᠨᠳᠦᠰᠦᠳᠡᠨ ᠤ ᠳᠠᠷᠤᠯᠠᠯ ᠡᠩ ᠳᠦᠷᠦᠬᠦᠨ ᠳᠤ ᠰᠤᠷᠭᠠᠭᠤᠯᠢ ᠪᠠ ᠰᠤᠷᠤᠭᠴᠢ ᠳᠤ ᠳᠤᠯᠭᠠᠷᠠᠵᠦ᠂ ᠦᠨᠳᠦᠰᠦᠳᠡᠨ ᠢ ᠳᠤᠷᠤᠶᠢᠳᠠᠭᠤᠯᠬᠤ ᠮᠦᠬᠦᠬᠡᠬᠦ ᠠᠵᠢᠯᠯᠠᠭ᠎ᠠ ᠨᠢ ᠡᠩ ᠳᠦᠷᠦᠭᠦᠨ ᠳᠤ ᠰᠤᠷᠭᠠᠭᠤᠯᠢ ᠠᠴᠠ ᠡᠬᠢᠯᠡᠵᠦ᠂ ᠰᠤᠷᠤᠭᠴᠢᠳ ᠤᠨ ᠳᠦᠷᠦᠯᠬᠢ ᠬᠡᠯᠡ ᠶᠢ ᠴᠠᠭᠠᠵᠠᠯᠠᠵᠦ᠂ ᠳᠡᠭᠡᠷᠡᠩᠭᠦᠶᠢᠴᠤᠳ ᠦᠪᠡᠷ ᠤᠨ ᠦᠨᠳᠦᠰᠦᠳᠡᠨ ᠤ ᠬᠡᠯᠡ ᠪᠠᠨ ᠰᠤᠷᠤᠭᠴᠢᠳ ᠲᠤ ᠠᠯᠪᠠᠳᠠᠨ ᠳᠤᠯᠭᠠᠳᠠᠭ ᠠᠴᠠ ᠡᠬᠢᠯᠡᠳᠡᠭ ᠨᠢ ᠦᠨᠡᠨ ᠪᠠᠶᠢᠨ᠎ᠠ᠃          ᠬᠡᠪᠡᠴᠦ ᠳᠡᠷᠡᠬᠦ ᠶᠤᠰᠦ ᠪᠤᠰᠤ ᠦᠨᠳᠦᠰᠦᠳᠡᠨ ᠤ ᠳᠠᠷᠤᠯᠠᠯ ᠤᠨ ᠡᠰᠡᠷᠬᠦ ᠮᠤᠩᠭᠤᠯᠴᠤᠳ ᠡᠰᠡᠷᠭᠦᠴᠡᠯ ᠳᠡᠮᠡᠴᠡᠯ ᠶᠠᠪᠤᠭᠤᠯᠵᠦ ᠪᠠᠶᠢᠭᠰᠡᠨ ᠢ ︽ᠰᠢᠯᠤᠭᠤᠨ ᠬᠦᠬᠡ᠂ ᠰᠠᠩ ᠤᠨ ᠳᠠᠯᠠᠢ ᠮᠤᠩᠭᠤᠯ ᠪᠠᠭ᠎ᠠ ᠰᠤᠷᠭᠠᠭᠤᠯᠢ︾ ᠭᠡᠬᠦ ᠨᠤᠮ ᠠᠴᠠ ᠪᠢᠳᠡ ᠤᠯᠵᠦ ᠬᠠᠷᠠᠨ᠎ᠠ᠃ ᠶᠠᠭ ᠲᠡᠷᠡ ᠦᠶ᠎ᠡ ᠶᠢᠨ ᠮᠤᠩᠭᠤᠯ ᠬᠡᠯᠡ ᠪᠠᠷ ᠢᠶᠠᠨ ᠶᠠᠷᠢᠯᠴᠠᠬᠤ ᠶᠢ ᠴᠠᠭᠠᠵᠠᠯᠠᠵᠦ᠂ ᠵᠦᠷᠢᠴᠡᠪᠡᠯ ᠵᠠᠯᠬᠠᠭᠠᠵᠦ ᠪᠠᠶᠢᠭᠰᠡᠨ ︽ᠠᠯᠪᠠᠨ ᠤ ᠰᠤᠷᠭᠠᠭᠤᠯᠢ︾ ᠳᠤ ᠬᠢᠳᠠᠳ ᠪᠢᠴᠢᠭ ᠰᠤᠷᠴᠦ᠂ ᠬᠢᠳᠠᠳ ᠪᠠᠭᠰᠢ ᠠᠴᠠ ᠪᠠᠨ ︽ᠵᠤᠤ ᠴᠧᠩ ᠪᠢ︾ ᠭᠡᠳᠡᠭ ᠬᠢᠳᠠᠳ ᠨᠡᠷ᠎ᠡ ᠤᠯᠤᠭᠰᠡᠨ ᠤᠶᠤᠨᠪᠢᠯᠢᠭ᠌ ᠭᠡᠳᠡᠭ ᠰᠤᠷᠤᠭᠴᠢ ᠬᠤᠵᠢᠮ ᠨᠢ ᠳᠤᠳᠤᠭᠠᠳᠦ ᠭᠠᠳᠠᠭᠠᠳᠦ ᠪᠠᠷ ᠶᠠᠪᠤᠵᠦ᠂ ᠡᠷᠳᠡᠮ ᠮᠡᠳᠡᠯᠭᠡ ᠲᠠᠢ ᠪᠤᠯᠤᠭᠠᠳ᠂ 1929 ᠤᠨ ᠳᠤ ᠬᠠᠳᠠᠨ ᠬᠤᠰᠢᠭᠤ ᠰᠤᠷᠭᠠᠭᠤᠯᠢ ᠳᠤ ᠪᠠᠭᠰᠢᠯᠠᠵᠦ᠂ ᠮᠤᠩᠭᠤᠯ ᠤᠯᠤᠰ ᠲᠤ ᠰᠤᠷᠤᠯᠴᠠᠭᠰᠨᠨ ᠳᠤᠷᠰᠢᠯᠭ᠎ᠠ  ᠪᠠᠨ ᠦᠨᠳᠦᠰᠦᠯᠡᠨ᠂ ᠮᠤᠩᠭᠤᠯ ᠪᠢᠴᠢᠭ ᠤᠨ ᠴᠠᠭᠠᠨ ᠳᠤᠯᠤᠭᠠᠢ ᠨᠠᠶᠢᠷᠠᠭᠤᠯᠵᠦ ᠰᠤᠷᠤᠭᠴᠢᠳ ᠲᠠᠭᠠᠨ ᠵᠢᠭᠠᠭᠠᠳ᠂ ᠴᠤᠯ ᠬᠢᠳᠠᠳ ᠢᠶᠠᠷ ᠬᠢᠴᠢᠶᠡᠯᠯᠡᠳᠡᠭ ᠪᠠᠶᠢᠳᠠᠯ ᠢ ᠬᠤᠪᠢᠷᠠᠭᠤᠯᠵᠦ᠂ ᠲᠦᠷᠦᠯᠬᠢ ᠮᠤᠩᠭᠤᠯ ᠬᠡᠯᠡ ᠪᠠᠷ ᠢᠶᠠᠨ ᠬᠢᠴᠢᠶᠡᠯᠯᠡᠬᠦ ᠠᠩᠬᠠᠨ ᠤ ᠬᠠᠭᠤᠳᠠᠰᠦ ᠶᠢ ᠨᠡᠭᠡᠭᠡᠵᠠᠢ᠃ ᠤᠶᠤᠨᠪᠢᠯᠢᠭ᠌ ᠪᠠᠭᠰᠢ ᠶᠢᠨ ᠨᠠᠶᠢᠷᠠᠭᠤᠯᠤᠭᠰᠡᠨ ᠴᠠᠭᠠᠨ ᠳᠤᠯᠤᠭᠠᠢ ᠨᠢ ᠴᠢᠯᠠᠭᠤᠨ ᠪᠠᠷ ᠢᠶᠠᠷ ᠬᠡᠪᠯᠡᠭᠳᠡᠵᠦ ︽ᠤᠶᠤᠨᠪᠢᠯᠢᠭ᠌ ᠤᠨ ᠴᠠᠭᠠᠨ ᠳᠤᠯᠤᠭᠠᠢ︾ ᠭᠡᠵᠦ ᠠᠯᠳᠠᠷᠰᠢᠭᠠᠳ᠂ ᠮᠤᠩᠭᠤᠯ ᠬᠡᠯᠡ ᠪᠢᠴᠢᠭ ᠤᠨ ᠵᠢᠭᠠᠨ ᠰᠤᠷᠭᠠᠯᠳᠠ ᠳᠤ ᠶᠡᠬᠡᠬᠡᠨ ᠬᠤᠪᠢ ᠨᠡᠮᠡᠷᠢ ᠦᠵᠡᠭᠦᠯᠵᠠᠢ᠃ ᠮᠠᠨ ᠤ ᠮᠤᠩᠭᠤᠯ ᠰᠤᠷᠭᠠᠭᠤᠯᠢ ᠨᠤᠭᠤᠳ ᠲᠤ ᠤᠶᠤᠨᠪᠢᠯᠢᠭ᠌ ᠰᠢᠭ ᠢᠢᠮᠦ ᠪᠠᠭᠰᠢ ᠦᠶ᠎ᠡ ᠵᠠᠯᠭᠠᠨ ᠭᠠᠷᠤᠭᠰᠡᠨ ᠢᠶᠠᠷ ᠮᠤᠩᠭᠤᠯ ᠬᠡᠯᠡ ᠪᠢᠴᠢᠭ ᠤᠨ ᠵᠢᠭᠠᠨ ᠰᠤᠷᠭᠠᠯᠳᠠ ᠤᠳᠤ ᠡᠨᠡ ᠬᠢᠷᠢ ᠲᠠᠢ ᠶᠠᠪᠤᠵᠦ ᠪᠠᠶᠢᠨ᠎ᠠ᠃ ᠮᠤᠩᠭᠤᠯ ᠬᠡᠯᠡ ᠪᠢᠴᠢᠭ ᠤᠨ ᠵᠢᠭᠠᠨ ᠰᠤᠷᠭᠠᠯᠳᠠ ᠪᠤᠯ ᠡᠩ ᠤᠨ ᠨᠢᠭᠡᠨ ᠮᠡᠳᠡᠯᠭᠡ ᠮᠡᠷᠭᠡᠵᠢᠯ ᠤᠨ ᠵᠢᠭᠠᠨ ᠰᠤᠷᠭᠠᠯᠳᠠ ᠳᠡᠳᠦᠢ ᠪᠢᠰᠢ᠂ ᠮᠤᠩᠭᠤᠯ ᠦᠨᠳᠦᠰᠦᠳᠡᠨ ᠤ ᠤᠷᠤᠰᠢᠯ ᠳᠤᠭᠳᠠᠨᠢᠯ ᠤᠨ ᠲᠦᠯᠦᠭᠡᠨ ᠤ ᠳᠡᠮᠡᠴᠡᠯ ᠶᠤᠮ ᠪᠠᠶᠢᠨ᠎ᠠ᠃          ᠤᠳᠤ ᠠᠴᠠ ᠵᠢᠷᠠᠨ ᠵᠢᠯ ᠤᠨ ᠡᠮᠦᠨ᠎ᠡ ᠨᠠᠭᠤᠷ ᠤᠰᠤ ᠤᠯᠠᠨ ᠲᠠᠢ᠂ ᠨᠠᠮᠤᠭ ᠵᠦᠯᠭᠡ ᠶᠡᠬᠡᠳᠠᠢ᠂ ᠡᠪᠡᠰᠦ ᠮᠤᠳᠤ ᠵᠤᠵᠠᠭᠠᠯᠢᠭ᠂ ᠡᠷᠬᠢᠨ ᠳᠤᠭᠤᠷᠢᠨ ᠢᠶᠠᠷ ᠢᠶᠠᠨ ᠬᠠᠶᠢᠯᠠᠰᠤᠨ ᠰᠢᠭᠤᠢ ᠪᠠᠷ ᠪᠦᠷᠭᠦᠭᠳᠡᠭᠰᠡᠨ ᠮᠠᠩᠬ᠎ᠠ ᠲᠠᠢ ᠤᠯᠠᠨ ᠨᠠᠭᠤᠷ ᠤᠨ ᠬᠡᠭᠡᠷ᠎ᠡ ᠳᠠᠯ᠎ᠠ ᠳᠡᠭᠡᠷ᠎ᠡ ᠷᠠᠰᠢᠸᠠᠩᠴᠤᠭ ᠭᠡᠳᠡᠭ ᠪᠠᠭᠰᠢ ᠵᠠᠮᠪᠠ ᠪᠠᠷ ᠳᠠᠷᠤᠵᠦ ᠡᠪᠡᠰᠦ ᠪᠠᠷ ᠪᠦᠷᠢᠭᠰᠡᠨ ᠦᠪᠦᠩ ᠳᠤ ᠰᠠᠭᠤᠵᠦ ᠪᠠᠶᠢᠵᠦ᠂ ᠰᠤᠷᠭᠠᠭᠤᠯᠢ ᠶᠢᠨ ᠭᠡᠷ ᠪᠠᠶᠢᠰᠢᠩ ᠢ ᠪᠠᠷᠢᠭᠤᠯᠤᠭᠠᠳ᠂ ︽ᠤᠯᠠᠨᠨᠠᠭᠤᠷ ᠪᠠᠭ᠎ᠠ ᠰᠤᠷᠭᠠᠭᠤᠯᠢ︾ ᠶᠢᠨ ᠳᠤᠯᠭ᠎ᠠ ᠶᠢ ᠳᠤᠯᠵᠦ᠂ ᠡᠯᠡᠰᠦ ᠮᠠᠩᠬᠠᠨ ᠤ ᠡᠬᠡ ᠨᠤᠳᠤᠭ ᠲᠠᠭᠠᠨ ᠡᠷᠳᠡᠮ ᠰᠤᠶᠤᠯ ᠤᠨ ᠭᠤᠯᠤᠮᠳᠠ ᠶᠢ ᠪᠤᠰᠬᠠᠭᠰᠡᠨ ᠳᠡᠤᠬᠡ ᠶᠢ ᠳᠤᠰ ᠨᠤᠮ ᠳᠤ ᠦᠨᠡᠨ ᠪᠤᠳᠠᠳᠠᠢ ᠳᠡᠮᠳᠡᠭᠯᠡᠵᠠᠢ᠃          ᠮᠠᠩᠬᠠᠨ ᠨᠤᠳᠤᠭ ᠲᠤ ᠪᠠᠶᠢᠭᠤᠯᠤᠭᠳᠠᠭᠰᠡᠨ ᠡᠨᠡᠬᠦ ᠰᠤᠷᠭᠠᠭᠤᠯᠢ ᠳᠠᠭᠠᠨ᠂ ᠮᠠᠯᠴᠢᠨ ᠠᠷᠠᠳ ᠦᠬᠡᠷ ᠮᠠᠯ ᠬᠠᠨᠳᠢᠪᠯᠠᠵᠦ ᠢᠳᠡᠪᠬᠢᠳᠠᠢ ᠳᠡᠮᠵᠢᠵᠦ ᠪᠠᠶᠢᠵᠠᠢ᠃ ᠳᠤᠩᠷᠤᠪ ᠭᠡᠳᠡᠭ ᠮᠠᠯᠴᠢᠨ ᠤ ᠬᠠᠨᠳᠢᠪᠯᠠᠭᠰᠡᠨ ᠬᠢᠵᠠᠯᠠᠩ ᠭᠤᠨᠵᠢ ᠨᠢᠭᠡ ᠶᠢ ᠮᠠᠰᠢᠪᠠᠶᠠᠷ ᠭᠡᠳᠡᠭ ᠪᠠᠭᠰᠢ ᠬᠦᠯᠢᠶᠡᠵᠦ ᠠᠪᠤᠭᠰᠡᠨ ᠭᠡᠷᠡᠴᠢ ᠪᠠᠷᠢᠮᠳᠠ ᠶᠢᠨ ᠤᠭ ᠪᠠᠷᠢᠮᠳᠠ ᠶᠢ ᠤᠯᠵᠦ ᠠᠪᠤᠭᠠᠳ ᠳᠤᠰ ᠨᠤᠮ ᠳᠤ ᠤᠷᠤᠭᠤᠯᠤᠭᠰᠡᠨ ᠪᠠᠶᠢᠨ᠎ᠠ᠃ ᠠᠷᠠᠳ ᠤᠨ ᠬᠡᠤᠬᠡᠳ ᠢ ᠬᠦᠮᠦᠵᠢᠭᠦᠯᠬᠦ ᠶᠠᠪᠤᠳᠠᠯ ᠳᠤ ᠵᠦᠪᠬᠡᠨ ᠠᠯᠪᠠᠨ ᠤ ᠳᠠᠯ᠎ᠠ ᠳᠤ ᠨᠠᠶᠢᠳᠠᠬᠤ ᠪᠢᠰᠢ᠂ ᠠᠷᠠᠳ ᠲᠦᠮᠡᠨ ᠦᠪᠡᠷ ᠢᠶᠠᠨ ᠬᠦᠳᠡᠯᠤᠯᠴᠡᠵᠦ ᠪᠠᠶᠢᠭᠰᠡᠨ ᠢ ᠡᠨᠡ ᠭᠡᠷᠡᠴᠢ ᠪᠠᠷᠢᠮᠳᠠ ᠬᠠᠷᠠᠭᠤᠯᠵᠦ ᠪᠠᠶᠢᠨ᠎ᠠ᠃          ︽ᠰᠢᠯᠤᠭᠤᠨ ᠬᠦᠬᠡ᠂ ᠰᠠᠩ ᠤᠨ ᠳᠠᠯᠠᠢ ᠮᠤᠩᠭᠤᠯ ᠪᠠᠭ᠎ᠠ ᠰᠤᠷᠭᠠᠭᠤᠯᠢ︾ ᠭᠡᠬᠦ ᠨᠤᠮ ᠳᠤ ᠳᠤᠰ ᠰᠤᠷᠭᠠᠭᠤᠯᠢ ᠶᠢᠨ ᠵᠢᠷᠠᠨ ᠵᠢᠯ ᠤᠨ ᠳᠡᠤᠬᠡ ᠶᠢ ᠨᠠᠷᠢᠨ ᠳᠤᠳᠤᠷᠬᠠᠢ ᠳᠡᠤᠬᠡᠴᠢᠯᠡᠨ ᠳᠡᠮᠳᠡᠭᠯᠡᠭᠰᠡᠨ ᠪᠦᠭᠡᠳ ᠳᠤᠰ ᠰᠤᠷᠭᠠᠭᠤᠯᠢ ᠳᠤ ᠠᠵᠢᠯᠯᠠᠵᠦ ᠪᠠᠶᠢᠭᠰᠡᠨ ᠪᠤᠶᠤ ᠰᠤᠷᠤᠯᠴᠠᠵᠦ ᠪᠠᠶᠢᠭᠰᠡᠨ ᠳᠠᠪᠢᠭᠠᠳ ᠬᠦᠮᠦᠨ ᠤ ᠳᠤᠷᠠᠰᠤᠮᠵᠢ ᠶᠢ ᠨᠠᠶᠢᠷᠠᠭᠤᠯᠵᠦ ᠤᠷᠤᠭᠤᠯᠤᠭᠰᠡᠨ ᠢᠶᠠᠷ ᠳᠡᠤᠬᠡᠨ ᠳᠡᠮᠳᠡᠭᠯᠡᠯ ᠨᠢ ᠨᠡᠩ ᠦᠨᠡᠨ ᠪᠤᠳᠠᠳᠠᠢ᠂ ᠨᠠᠷᠢᠨ ᠳᠤᠳᠤᠷᠬᠠᠢ᠂ ᠠᠮᠢᠳᠤᠯᠢᠭ ᠦᠨᠡᠮᠰᠢᠯᠳᠠᠢ᠂ ᠤᠩᠰᠢᠭᠤᠷᠢᠳᠠᠢ ᠰᠠᠶᠢᠬᠠᠨ ᠪᠤᠯᠵᠠᠢ᠃          ︽ᠰᠢᠯᠤᠭᠤᠨ ᠬᠦᠬᠡ᠂ ᠰᠠᠩ ᠤᠨ ᠳᠠᠯᠠᠢ ᠮᠤᠩᠭᠤᠯ ᠪᠠᠭ᠎ᠠ ᠰᠤᠷᠭᠠᠭᠤᠯᠢ︾ ᠭᠡᠬᠦ ᠨᠤᠮ ᠰᠢᠯᠤᠭᠤᠨ ᠬᠦᠬᠡ ᠬᠤᠰᠢᠭᠤᠨ ᠤ ᠰᠤᠷᠭᠠᠨ ᠬᠦᠮᠦᠵᠢᠯ ᠤᠨ ᠳᠡᠤᠬᠡ ᠶᠢᠨ ᠨᠢᠭᠡ ᠭᠡᠰᠡᠭ ᠢ ᠳᠡᠮᠳᠡᠭᠯᠡᠵᠦ ᠮᠦᠩᠬᠡᠷᠡᠭᠦᠯᠦᠭᠰᠡᠨ ᠪᠠᠶᠢᠨ᠎ᠠ᠃ ᠡᠨᠡ ᠰᠤᠷᠭᠠᠭᠤᠯᠢ ᠵᠢᠷᠠᠨ ᠵᠢᠯ ᠤᠨ ᠰᠠᠯᠬᠢᠨ ᠪᠤᠷᠤᠭᠠᠨ ᠢ ᠳᠤᠭᠤᠯᠵᠦ᠂ ᠤᠳᠤ ᠰᠢᠯᠤᠭᠤᠨ ᠬᠦᠬᠡ ᠬᠤᠰᠢᠭᠤᠨ ᠤ ᠴᠤᠷ ᠤᠨ ᠭᠠᠭᠴᠠ ᠰᠤᠮᠤᠨ ᠤ ᠮᠤᠩᠭᠤᠯ ᠪᠠᠭ᠎ᠠ ᠰᠤᠷᠭᠠᠭᠤᠯᠢ ᠪᠤᠯᠵᠦ ᠦᠯᠡᠳᠡᠭᠡᠳ ᠦᠤᠬᠡ ᠳᠡᠤᠬᠡ  ᠪᠠᠨ ᠦᠷᠭᠦᠯᠵᠢᠯᠡᠭᠦᠯᠵᠦ ᠪᠠᠶᠢᠨ᠎ᠠ᠃           ᠭᠡᠬᠦ ᠳᠡᠭᠡᠨ ︽ᠴᠤᠷ ᠤᠨ ᠭᠠᠭᠴᠠ︾ ᠭᠡᠳᠡᠭ ᠨᠢᠭᠡ ᠦᠬᠡ ᠶᠢ ᠦᠵᠡᠭᠡᠳ ᠰᠡᠳᠬᠢᠯ ᠡᠮᠵᠡᠭᠯᠡᠵᠦ ᠪᠠᠶᠢᠨ᠎ᠠ᠃ ᠡᠨᠡ ᠬᠠᠪᠢ ᠶᠢᠨ ᠨᠤᠳᠤᠭ ᠲᠤ ᠪᠠᠰᠠ ᠵᠢᠭᠠᠰᠤᠳᠠᠢ ᠰᠤᠷᠭᠠᠭᠤᠯᠢ᠂ ᠨᠠᠷᠠᠳᠦ ᠰᠤᠷᠭᠠᠭᠤᠯᠢ ᠪᠠ ᠪᠦᠬᠦ ᠤᠷᠤᠨ ᠳᠤ ᠠᠯᠳᠠᠷᠳᠠᠢ ᠪᠤᠱᠣᠣᠳᠠᠢ ᠰᠤᠷᠭᠠᠭᠤᠯᠢ ᠭᠡᠵᠦ ᠪᠠᠶᠢᠭᠰᠡᠨ ᠪᠢᠰᠢᠤ︖ ᠳᠡᠳᠡᠭᠡᠷ ᠰᠤᠷᠠᠭᠭᠤᠯᠢ ᠤᠳᠤ ᠤᠷᠤ ᠮᠦᠷ ᠦᠬᠡᠢ ᠪᠤᠯᠤᠭᠰᠡᠨ ᠢᠶᠠᠷ ᠰᠠᠩ ᠤᠨ ᠳᠠᠯᠠᠢ ᠮᠤᠩᠭᠤᠯ ᠪᠠᠭ᠎ᠠ ᠰᠤᠷᠭᠠᠭᠤᠯᠢ ︽ᠴᠤᠷ ᠤᠨ ᠭᠠᠭᠴᠠ︾ ᠪᠤᠯᠤᠭᠰᠡᠨ ᠪᠠᠶᠢᠬ᠎ᠠ ᠳ᠋ᠠ᠃ ᠰᠤᠮᠤᠨ ᠤ ᠰᠤᠷᠭᠠᠭᠤᠯᠢ ᠶᠢ ᠢᠩᠬᠢᠵᠦ ᠶᠡᠬᠡᠪᠡᠷ ᠬᠠᠰᠤᠵᠦ ᠬᠤᠰᠢᠭᠤᠨ ᠳᠤ ᠨᠡᠶᠢᠯᠡᠭᠦᠯᠦᠭᠰᠡᠨ ᠤ ᠦᠷ᠎ᠡ ᠳ᠋ᠦᠩ ᠶᠠᠮᠠᠷ ᠪᠤᠯᠬᠤ ᠨᠢ ᠤᠳᠤ ᠪᠠᠷ ᠢᠶᠠᠨ ᠮᠡᠳᠡᠭᠳᠡᠬᠦ ᠦᠬᠡᠢ᠂ ᠤᠴᠢᠷ ᠨᠢ ᠰᠤᠷᠭᠠᠭᠤᠯᠢ  ᠶᠢᠨ ᠦᠷ᠎ᠡ ᠠᠰᠢᠭ ᠬᠡᠳᠦᠨ ᠵᠢᠯ ᠳᠤ ᠢᠯᠡᠷᠡᠵᠦ ᠭᠠᠷᠳᠠᠭ ᠦᠬᠡᠢ᠂ ᠬᠡᠳᠦᠨ ᠠᠷᠪᠠᠨ ᠵᠢᠯ ᠦᠩᠭᠡᠷᠡᠵᠦ ᠪᠠᠶᠢᠵᠦ ᠰᠠᠶ᠋ᠢ ᠢᠯᠡᠷᠡᠵᠦ ᠭᠠᠷᠳᠠᠭ ᠶᠤᠮ᠃ ᠤᠳᠤ ᠮᠠᠯᠵᠢᠬᠤ ᠰᠤᠮᠤ ᠭᠠᠴᠠᠭᠠᠨ ᠤ ᠮᠤᠩᠭᠤᠯ ᠬᠡᠤᠬᠡᠳ ᠴᠡᠴᠡᠷᠯᠢᠭ ᠠᠴᠠ ᠪᠠᠨ ᠬᠤᠰᠢᠭᠤ ᠪᠠᠯᠭᠠᠰᠤᠨ ᠳᠤ ᠰᠠᠭᠤᠵᠦ᠂ ᠬᠢᠳᠠᠳ ᠬᠡᠯᠡᠨ ᠤ ᠤᠷᠴᠢᠨ ᠳᠤᠭᠤᠷᠢᠨ ᠳᠤ ᠦᠰᠴᠦ ᠪᠤᠶᠢᠵᠢᠵᠦ ᠪᠠᠶᠢᠨ᠎ᠠ᠃ ᠠᠮᠢᠳᠤᠷᠠᠯ ᠨᠢ ᠶᠠᠷᠢᠶᠠᠨ ᠦᠬᠡᠢ ᠰᠠᠶᠢᠵᠢᠷᠠᠵᠠᠢ᠂ ᠭᠡᠪᠡᠴᠦ ᠬᠡᠳᠦᠨ ᠠᠷᠪᠠᠨ ᠵᠢᠯ ᠤᠨ ᠳᠠᠷᠠᠭ᠎ᠠ ᠮᠤᠩᠭᠤᠯ ᠬᠡᠯᠡᠨ ᠤ ᠪᠠᠷᠢᠮᠵᠢᠶ᠎ᠠ ᠠᠪᠢᠶ᠎ᠠ ᠰᠢᠯᠤᠭᠤᠨ ᠬᠦᠬᠡ ᠳᠤ ᠪᠠᠶᠢᠵᠦ ᠴᠢᠳᠠᠬᠤ ᠡᠰᠡᠬᠦ ᠶᠢ ᠳᠦᠰᠦᠬᠡᠯᠡᠭᠦᠶ᠎ᠡ ᠪᠡᠷᠬᠡ ᠡ᠃           ᠰᠤᠷᠭᠠᠭᠤᠯᠢ ᠭᠡᠳᠡᠭ ᠪᠤᠯ ᠦᠪᠡᠷ ᠤᠨ ︽ᠠᠮᠢ ᠠᠬᠤᠢ︾ ᠶᠢᠨ ᠤᠷᠴᠢᠨ ᠳᠤᠭᠤᠷᠢᠨ ᠪᠠᠶᠢᠬᠤ ᠰᠢᠭ᠋ ᠰᠠᠨᠠᠭᠳᠠᠨ᠎ᠠ᠃ ᠤᠶᠢᠷ᠎ᠠ ᠬᠠᠪᠢ ᠶᠢᠨ ᠬᠢᠨᠢ ᠠᠷᠠᠳ ᠤᠯᠠᠨ᠂ ᠪᠠᠶᠢᠭᠠᠯᠢ ᠤᠷᠴᠢᠨ᠂ ᠠᠵᠦ ᠠᠮᠢᠳᠤᠷᠠᠯ᠂ ᠵᠠᠩ ᠤᠶᠢᠯᠡ᠂ ᠢᠯᠠᠩᠭᠤᠶ᠎ᠠ ᠦᠬᠡ ᠬᠡᠯᠡ ᠨᠢ ᠰᠤᠷᠭᠠᠭᠤᠯᠢ ᠶᠢᠨ ︽ᠠᠮᠢ ᠠᠬᠤᠢ︾ ᠶᠢ ᠪᠦᠷᠢᠯᠳᠦᠭᠦᠯᠵᠦ᠂ ᠲᠡᠷᠡ ᠰᠤᠷᠭᠠᠭᠤᠯᠢ ᠳᠤ ᠬᠦᠮᠦᠵᠢᠭᠳᠡᠭᠰᠡᠨ ᠰᠤᠷᠤᠭᠴᠢ ᠶᠢᠨ ᠤᠶᠤᠨ ᠰᠠᠨᠠᠭ᠎ᠠ᠂ ᠬᠡᠪ ᠪᠤᠯᠪᠠᠰᠤᠷᠠᠯ ᠢ ᠨᠦᠯᠦᠭᠡᠯᠡᠳᠡᠭ ᠪᠤᠯᠪᠠᠤ ᠭᠡᠵᠦ ᠪᠢ ᠪᠤᠳᠤᠨ᠎ᠠ᠃ ᠤᠳᠤᠬᠢ ᠰᠤᠷᠭᠠᠭᠤᠯᠢ ᠶᠢᠨ ᠬᠦᠷᠢᠶᠡᠨ ᠳᠤ ᠬᠢᠮᠡᠯ ᠬᠢᠪᠢᠰ ᠳᠡᠪᠢᠰᠦᠭᠰᠡᠨ ᠪᠤᠯᠪᠠᠴᠦ ᠨᠤᠭᠤᠭᠠᠨ ᠵᠦᠯᠭᠡᠳᠦ ᠳᠡᠨᠵᠢ ᠪᠢᠰᠢ᠃ ᠤᠳᠤ ᠰᠤᠷᠭᠠᠭᠤᠯᠢ ᠶᠢᠨ ᠬᠦᠷᠢᠶᠡᠨ ᠳᠤ ᠮᠤᠩᠭᠤᠯ ᠭᠡᠷ ᠪᠤᠰᠬᠠᠭᠠᠳ ᠵᠢᠭᠠᠵᠦ ᠰᠤᠷᠭᠠᠵᠦ ᠪᠠᠶᠢᠪᠠᠴᠦ ᠳᠡᠭᠦᠨ ᠳᠤ ᠠᠮᠢᠳᠤᠯᠢᠭ ᠤᠷᠤᠩᠭ᠎ᠠ ᠦᠬᠡᠢ ᠪᠤᠯᠬᠤᠷ ᠰᠦᠭ ᠰᠦᠨᠡᠰᠦ ᠦᠬᠡᠢ ᠶᠤᠮ᠃ ᠨᠤᠳᠤᠭ ᠤᠰᠤᠨ ᠤ ᠬᠠᠶᠢᠷ᠎ᠠ ᠰᠡᠳᠬᠢᠯᠭᠡ᠂ ᠮᠠᠯᠵᠢᠬᠤ ᠠᠮᠢᠳᠤᠷᠠᠯ ᠤᠨ ᠪᠠᠶᠠᠷ ᠪᠠᠶᠠᠰᠤᠯ᠂ ᠤᠯᠠᠮᠵᠢᠯᠠᠯᠳᠦ ᠰᠠᠶᠢᠬᠠᠨ ᠶᠤᠰᠦ ᠵᠠᠩᠰᠢᠯ᠂ ᠢᠷᠠᠭᠤ ᠪᠠᠶᠠᠯᠢᠭ ᠬᠡᠯᠡ ᠬᠡᠯᠡᠯᠭᠡ ᠪᠤᠯ ᠬᠠᠮᠢᠶ᠎ᠠ ᠬᠠᠮᠢᠶ᠎ᠠ ᠦᠬᠡᠢ ᠭᠠᠵᠠᠷ ᠠᠴᠠ ᠤᠯᠴᠢᠬᠠᠳᠠᠭ ᠪᠢᠰᠢ ᠡ᠃ ᠮᠤᠩᠭᠤᠯ ᠠᠮᠢ ᠠᠬᠤᠢ ᠠᠴᠠ ᠪᠠᠨ ᠰᠠᠯᠤᠭᠰᠡᠨ ᠮᠤᠩᠭᠤᠯ ᠰᠤᠷᠭᠠᠭᠤᠯᠢ ᠠᠴᠠ ᠬᠦᠮᠦᠵᠢᠭᠳᠡᠭᠰᠡᠨ ᠰᠤᠷᠤᠭᠴᠢ ᠶᠠᠮᠠᠷ ᠪᠤᠯᠬᠤ ᠶᠢ ᠠᠷᠪᠠᠨ ᠬᠡᠳᠦᠨ ᠵᠢᠯ ᠤᠨ ᠳᠠᠷᠠᠭ᠎ᠠ ᠪᠤᠶᠤ ᠬᠡᠳᠦᠨ ᠠᠷᠪᠠᠨ ᠵᠢᠯ ᠤᠨ ᠳᠠᠷᠠᠭ᠎ᠠ ᠰᠠᠶ᠋ᠢ ᠮᠡᠳᠡᠬᠦ ᠪᠠᠶᠢᠬ᠎ᠠ᠃          ᠰᠤᠮᠤ ᠶᠢ ᠬᠠᠰᠤᠪᠠᠯ ᠰᠤᠷᠭᠠᠭᠤᠯᠢ ᠶᠢ ᠬᠠᠰᠤᠵᠦ᠂ ᠰᠤᠮᠤ ᠶᠢ ᠨᠡᠶᠢᠯᠡᠭᠦᠯᠪᠡᠯ ᠰᠤᠷᠭᠠᠭᠤᠯᠢ ᠶᠢ ᠨᠡᠶᠢᠯᠡᠭᠦᠯᠳᠡᠭ ᠨᠢ ᠳᠡᠮᠡᠢ ᠰᠠᠶᠢᠨ ᠶᠠᠪᠤᠳᠠᠯ ᠪᠢᠰᠢ᠃ ᠰᠤᠮᠤ ᠪᠤᠯ ᠵᠠᠰᠠᠭ ᠤᠨ ᠪᠠᠶᠢᠭᠤᠯᠤᠯᠭ᠎ᠠ᠂ ᠵᠠᠰᠠᠭ ᠶᠠᠪᠤᠭᠤᠯᠬᠤ ᠦᠷ᠎ᠡ ᠠᠰᠢᠭ ᠢᠶᠠᠨ ᠦᠵᠡᠵᠦ ᠪᠠᠶᠢᠭᠠᠳ ᠨᠡᠶᠢᠯᠡᠭᠦᠯᠦᠨ᠎ᠡ ᠤᠤ᠂ ᠰᠠᠯᠭᠠᠨ᠎ᠠ ᠤᠤ᠂ ᠵᠠᠰᠠᠭ ᠶᠠᠪᠤᠭᠤᠯᠬᠤ ᠬᠡᠷᠡᠭᠴᠡᠭᠡ  ᠪᠠᠷ ᠰᠢᠢᠳᠪᠦᠷᠢᠯᠡᠭᠳᠡᠨ᠎ᠡ᠃ ᠭᠡᠪᠡᠴᠦ ᠰᠤᠷᠭᠠᠭᠤᠯᠢ ᠪᠤᠯ ᠰᠤᠷᠭᠠᠭᠤᠯᠢ ᠶᠢᠨ ︽ᠠᠮᠢ ᠠᠬᠤᠢ︾ ᠭᠡᠵᠦ ᠪᠤᠢ᠂ ᠰᠤᠷᠭᠠᠭᠤᠯᠢ ᠡᠷᠬᠢᠯᠡᠬᠦ ᠵᠢᠮ᠎ᠡ ᠶᠤᠰᠦ ᠪᠤᠢ᠂ ᠵᠠᠰᠠᠭ ᠵᠠᠬᠢᠷᠭᠠᠨ ᠤ ᠪᠠᠶᠢᠭᠤᠯᠤᠯᠭ᠎ᠠ ᠲᠠᠢ ᠠᠳᠠᠯᠢ ᠪᠢᠰᠢ᠃          ᠰᠤᠨᠤᠰᠤᠬᠤᠯ᠎ᠠ ᠰᠢᠯᠢ ᠶᠢᠨ ᠭᠤᠤᠯ ᠠᠶᠢᠮᠠᠭ ᠲᠤ ᠰᠤᠮᠤᠨ ᠤ ᠮᠤᠩᠭᠤᠯ ᠪᠠᠭ᠎ᠠ ᠰᠤᠷᠭᠠᠭᠤᠯᠢ ᠬᠤᠶᠠᠷᠬᠠᠨ ᠪᠠᠶᠢᠨ᠎ᠠ ᠭᠡᠨ᠎ᠡ ︵ᠨᠦᠭᠦᠬᠡ ᠨᠢ ᠵᠡᠬᠦᠨ ᠦᠵᠦᠮᠦᠴᠢᠨ ᠬᠤᠰᠢᠭᠤᠨ ᠤ ᠮᠠᠨᠳᠤᠬᠤᠪᠤᠯᠠᠭ ᠰᠤᠮᠤᠨ ᠳᠤ ᠪᠠᠶᠢᠳᠠᠭ ᠭᠡᠨ᠎ᠡ︶᠃ ᠬᠠᠷᠢᠨ ᠮᠢᠨᠦ ᠲᠦᠷᠦᠭᠰᠡᠨ ᠨᠤᠳᠤᠭ ᠪᠠᠭᠠᠷᠢᠨ ᠪᠠᠷᠠᠭᠤᠨ ᠬᠤᠰᠢᠭᠤᠨ ᠤ ᠴᠠᠭᠠᠨᠮᠦ᠋ᠷᠡᠨ ᠰᠤᠮᠤᠨ  ᠳᠤ ᠮᠤᠩᠭᠤᠯ ᠪᠦᠷᠢᠨ ᠪᠠᠭ᠎ᠠ ᠰᠤᠷᠭᠠᠭᠤᠯᠢ ᠬᠤᠶᠠᠷ ᠪᠠᠶᠢᠳᠠᠭ᠃ ᠰᠤᠮᠤ ᠬᠠᠰᠤᠭᠳᠠᠭᠰᠡᠨ ᠴᠦ ᠰᠤᠷᠭᠠᠭᠤᠯᠢ ᠬᠠᠰᠤᠭᠳᠠᠭᠰᠡᠨ ᠦᠬᠡᠢ᠃ ᠤᠴᠢᠷ ᠨᠢ ᠳᠡᠨᠳᠡᠬᠢ ᠠᠷᠠᠳ ᠤᠯᠠᠨ ︽ᠰᠤᠮᠤ ᠶᠢ ᠬᠠᠰᠤᠪᠠᠴᠦ ᠰᠤᠷᠭᠠᠭᠤᠯᠢ ᠶᠢ ᠬᠠᠰᠤᠵᠦ ᠪᠤᠯᠬᠤ ᠦᠬᠡᠢ︾ ᠭᠡᠵᠦ ᠴᠢᠩᠭ᠎ᠠ ᠪᠠᠷᠢᠮᠳᠠᠯᠠᠭᠰᠡᠨ ᠢᠶᠠᠷ ᠮᠠᠨ ᠤ ᠭᠠᠴᠠᠭᠠᠨ ᠤ ᠳᠡᠰ ᠤᠨ ᠰᠤᠷᠭᠠᠭᠤᠯᠢ ᠨᠢᠳᠤᠨᠦᠨ 80 ᠵᠢᠯ ᠤᠨ ᠤᠢ ᠪᠠᠨ ᠳᠡᠮᠳᠡᠭᠯᠡᠪᠡ᠃ ᠰᠤᠮᠤ ᠶᠢ ᠰᠠᠯᠭᠠᠨ᠎ᠠ ᠤᠤ᠂ ᠨᠡᠶᠢᠯᠡᠭᠦᠯᠦᠨ᠎ᠡ ᠤᠤ︖ ᠳᠡᠭᠡᠷ᠎ᠡ ᠱᠠᠳᠤᠨ ᠤ ᠵᠠᠰᠠᠭ ᠤᠨ ᠤᠷᠳᠤᠨ ᠤ ᠡᠷᠬᠡ᠃ ᠭᠡᠪᠡᠴᠦ ᠰᠤᠷᠭᠠᠭᠤᠯᠢ ᠪᠤᠯ ᠠᠷᠠᠳ ᠤᠨ ᠬᠡᠤᠬᠡᠳ ᠢ ᠬᠦᠮᠦᠵᠢᠭᠦᠯᠬᠦ ᠭᠠᠵᠠᠷ ᠤᠴᠢᠷ ᠠᠴᠠ ᠠᠷᠠᠳ ᠲᠦᠮᠡᠨ ᠪᠠᠰᠠ ᠦᠬᠡ ᠬᠡᠯᠡᠬᠦ ᠡᠷᠬᠡ ᠲᠠᠢ᠃ ᠬᠤᠵᠢᠮ ᠨᠢᠭᠡᠨ ᠡᠳᠦᠷ ︽ᠰᠢᠯᠤᠭᠤᠨ ᠬᠦᠬᠡ᠂ ᠰᠠᠩ ᠤᠨ ᠳᠠᠯᠠᠢ ᠮᠤᠩᠭᠤᠯ ᠪᠠᠭ᠎ᠠ ᠰᠤᠷᠭᠠᠭᠤᠯᠢ︾ ᠶᠢ ᠬᠠᠰᠤᠨ᠎ᠠ ᠭᠡᠪᠡᠯ ᠳᠡᠨᠳᠡᠬᠢ ᠠᠷᠠᠳ ᠲᠦᠮᠡᠨ ︽ᠰᠤᠮᠤ ᠶᠢ ᠬᠠᠰᠤᠪᠠᠴᠦ ᠰᠤᠷᠭᠠᠭᠤᠯᠢ ᠶᠢ ᠬᠠᠰᠤᠵᠦ ᠪᠤᠯᠬᠤ ᠦᠬᠡᠢ︾ ᠭᠡᠵᠦ ᠴᠢᠩᠭ᠎ᠠ ᠬᠡᠯᠡᠬᠡᠰᠠᠢ︕                                                                                                           2017 ᠤᠨ ᠤ 8 ᠰᠠᠷ᠎ᠠ ᠶᠢᠨ 25 ᠤ ᠡᠳᠦᠷ                                                                                                              ᠱᠠᠩᠳᠦ ᠶᠢᠨ ᠵᠤᠰᠠᠯᠠᠩ ᠳᠤ                 ᠵᠤᠬᠢᠶᠠᠭᠴᠢ  ᠄ ᠲᠦᠪ ᠤᠨ ᠦᠨᠳᠦᠰᠦᠳᠡᠨ ᠤ ᠤᠷᠴᠢᠭᠤᠯᠭ᠎ᠠ ᠶᠢᠨ ᠳᠤᠪᠴᠢᠶᠠᠨ ᠤ ᠬᠢᠨᠠᠨ ᠤᠷᠴᠢᠭᠤᠯᠤᠭᠴᠢ
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号