ᠲᠡᠭᠡᠳᠦᠰ ᠤᠨ ᠠᠯᠳᠠᠨ ᠦᠷᠦᠭᠡ
ᠨᠡᠶᠢᠲᠡᠯᠡᠭᠰᠡᠨ ᠴᠠᠭ᠄
2018/6/11
                                      ᠭᠤ · ᠬᠠᠰᠪᠠᠭᠠᠨ᠎ᠠᠮᠢᠨᠤ ᠮᠤᠩᠭᠤᠯ ᠤᠨ ᠶᠡᠭᠡ ᠲᠠᠯ᠎ᠠ ᠨᠤᠳᠤᠭ ᠲᠡᠭᠡᠳᠦᠰ ᠤᠨ ᠮᠢᠨᠢ ᠠᠯᠳᠠᠨ ᠦᠷᠦᠭᠡ ᠪᠠᠶᠢᠵᠦ ᠳ᠋ᠠ ᠲᠡᠷᠳᠡᠭᠡ ᠬᠤᠯᠡᠬᠢ ᠨᠠᠢᠮᠠᠨ ᠵᠠᠭᠤᠨ ᠤᠨ ᠤ ᠲᠡᠯᠡᠭᠡᠢ ᠳᠤ ᠮᠠᠨᠳᠤᠭᠰᠠᠨ ᠤᠷᠤᠨ ᠪᠠᠶᠢᠵᠦ ᠳ᠋ᠠ ᠡᠵᠡᠨ ᠴᠢᠩᠬᠢᠰ ᠤᠨ ᠶᠡᠭᠡ ᠴᠠᠴᠡᠷ ᠰᠢᠭ᠋ᠡᠷᠡᠨ ᠵᠠᠭᠤᠨ ᠤ ᠲᠡᠣᠭᠡᠨ ᠳᠤ ᠮᠦᠩᠭᠡ ᠦᠯᠡᠳᠡᠭᠰᠡᠨ ᠡᠨᠡ ᠬᠤᠷᠸ᠎ᠠ ᠳᠤ ᠤᠳᠤ ᠬᠠᠷᠠᠬᠤ ᠳᠤ ᠴᠦ ᠶᠡᠭᠡ ᠨᠠᠶᠢᠰᠯᠠᠯ ᠬᠠᠷᠠᠬᠤᠷᠤᠮ ᠤᠨ ᠤᠷᠳᠤ ᠬᠠᠷᠰᠢ ᠴᠦ ᠶᠤᠮ ᠤᠤ ᠳ᠋ᠠ ᠬᠠᠮᠢᠭ᠎ᠠ ᠠᠴᠠ ᠨᠢ ᠬᠠᠷᠠᠬᠤ ᠳᠤ ᠴᠦ ᠡᠷᠳᠡᠨᠢ ᠲᠠᠩᠰᠤᠭ ᠬᠠᠮᠤᠭ ᠮᠤᠩᠭᠤᠯ ᠤᠨ ᠮᠢᠨᠢ ᠠᠭᠤᠳᠠᠮ ᠨᠤᠳᠤᠭ ᠲᠠᠪᠤᠨ ᠬᠤᠰᠢᠭᠤ ᠮᠠᠯ ᠨᠢ ᠠᠷᠢᠶᠠᠳᠠᠨ ᠬᠦᠷᠦᠭᠡᠰᠦ ᠲᠠᠢ ᠪᠠᠨ ᠴᠤᠭ ᠤᠷᠤᠰᠢᠭᠰᠠᠨ ᠲᠠᠯ᠎ᠠ ᠶᠢᠨ ᠮᠤᠩᠭᠤᠯ ᠠᠶᠢᠯ ᠠᠴᠠ ᠠᠶᠢᠷᠠᠭ ᠤᠨ ᠦᠨᠦᠷ ᠰᠡᠩᠬᠢᠨᠡᠭᠰᠡᠨ ᠲᠠᠭᠤᠤ ᠬᠤᠭᠤᠷ ᠤᠨ ᠡᠭᠡᠰᠢᠭ ᠦᠷᠭᠡᠨ ᠲᠠᠯ᠎ᠠ ᠳᠤ ᠨᠢ ᠴᠤᠤᠷᠢᠶᠠᠳᠦᠵᠦ ᠲᠠᠭᠤᠴᠢᠳ ᠤᠨ ᠮᠢᠨᠢ ᠬᠤᠭᠤᠯᠠᠢ ᠮᠤᠷᠢᠨ ᠨᠢᠷᠤᠭᠤᠨ ᠲᠡᠭᠡᠷ᠎ᠡ ᠬᠠᠩᠬᠢᠨᠠᠨ ᠳᠠᠨᠠᠨ ᠴᠠᠭᠠᠨ ᠮᠤᠩᠭᠤᠯ ᠭᠡᠷ ᠤᠳ ᠲᠠᠭᠠᠨ᠎ᠠ ᠬᠦᠮᠡᠯᠢ ᠶᠢᠨ ᠢᠶᠠᠨ ᠦᠨᠦᠷ ᠲᠤ ᠲᠠᠰᠤᠭᠰᠠᠨ ᠲᠠᠩᠰᠤᠭ ᠶᠡᠭᠡ ᠮᠤᠩᠭᠤᠯ ᠤᠷᠤᠨ ᠮᠢᠨᠢ ᠲᠡᠯᠡᠭᠡᠢ ᠳᠤ ᠬᠤᠪᠤᠷᠬᠠᠨ ᠡᠷᠳᠡᠨᠢ ᠶᠢᠨ ᠨᠤᠳᠤᠭ ᠡ ᠠᠯᠳᠠᠢ᠂ ᠬᠢᠩᠭᠠᠨ᠂ ᠲᠠᠯᠠᠨ ᠬᠠᠷ᠎ᠠ ᠠᠷᠤ ᠦᠪᠦᠷ ᠢᠶᠠᠷ ᠰᠤᠨᠳᠠᠯᠠᠨᠤᠨᠤᠨ ᠬᠡᠷᠤᠯᠤᠨ ᠲᠤᠤᠯᠠ ᠭᠤᠤᠯ ᠤᠳ ᠤᠮᠠᠷ᠎ᠠ ᠵᠦᠭ ᠢ ᠵᠤᠷᠢᠨ ᠤᠳᠤᠭᠰᠠᠨ ᠴᠦ ᠨᠤᠳᠤᠭ ᠤᠷᠤᠨ ᠢᠶᠠᠨ ᠴᠢᠮᠠᠨ ᠲᠡᠯᠡᠭᠡᠢ ᠶᠢᠨ ᠨᠢᠷᠤᠭᠤᠨ ᠳᠤ ᠰᠦᠨᠳᠡᠷᠯᠡᠨ ᠠᠽᠢᠶ᠎ᠠ ᠲᠢᠪ ᠤᠨ ᠴᠠᠭᠡᠵᠢᠨ ᠠᠴᠠ ᠠᠯᠳᠠᠨ ᠲᠡᠯᠡᠭᠡᠢ ᠳᠤ ᠲᠠᠭᠤᠷᠢᠰᠤᠨᠠᠮ ᠲᠡᠭᠡᠳᠦᠰ ᠠᠴᠠ ᠦᠪᠯᠡᠭᠰᠡᠨ ᠠᠯᠳᠠᠨ ᠦᠷᠦᠭᠡ ᠮᠢᠨᠢ ᠲᠡᠯᠡᠭᠡᠢ ᠳᠤ ᠭᠠᠭᠴᠠᠬᠠᠨ‌ᠨᠤᠭᠤᠭᠠᠨ ᠲᠠᠯ᠎ᠠ ᠡ ᠭᠡᠴᠢᠨᠠᠨ ᠵᠠᠭᠤᠨ ᠤ ᠲᠠᠶᠢᠨ ᠤ ᠲᠤᠭᠤᠰᠤ ᠶᠢ ᠭᠠᠵᠠᠷ ᠲᠤ ᠪᠠᠨ ᠬᠦᠷᠭᠡᠯ ᠦᠭᠡᠢ ᠲᠡᠭᠷᠢ ᠳᠤ ᠡᠷᠬᠦᠵᠦ ᠭᠡᠷ ᠤᠷᠤᠨ ᠨᠢ ᠲᠦᠬᠦᠷᠡᠩ ᠢᠶᠠᠷ ᠢᠶᠠᠨ ᠨᠡᠬᠦᠳᠡᠭ ᠬᠠᠮᠢᠭ᠎ᠠ ᠴᠦ ᠪᠠᠶᠢᠳᠠᠭ ᠦᠭᠡᠢ ᠲᠡᠪᠰᠡᠭᠳᠡᠭᠡ ᠦᠭᠡᠢ ᠭᠠᠵᠠᠷ ᠡ ᠴᠢᠨ᠋ᠸ᠎ᠠ ᠨᠢ ᠮᠠᠯ ᠳᠠᠭᠠᠨ ᠡᠭᠡᠯᠢᠳᠡᠢ ᠮᠠᠯ ᠨᠢ ᠡᠵᠡᠨ ᠳᠡᠭᠡᠨ ᠬᠠᠶᠢᠷᠠᠳᠠᠢ ᠬᠦᠨᠳᠠᠢ᠂ ᠭᠤᠤ ᠵᠢᠯᠠᠭ᠎ᠠ ᠶᠢᠨ ᠮᠤᠳᠤᠳ᠂ ᠴᠡᠴᠡᠭᠡᠰ ᠬᠦᠨᠳᠡᠰᠢ ᠦᠭᠡᠢ ᠲᠠᠷᠬᠠᠨ ᠪᠠᠶᠢᠭᠠᠯᠢ ᠶᠠᠩᠵᠦ ᠪᠠᠷ ᠢᠶᠠᠨ ᠡᠵᠡᠨ ᠴᠢᠩᠬᠢᠰ ᠮᠢᠨᠢ ᠠᠭᠤᠯᠠ ᠪᠤᠯᠤᠨ ᠰᠡᠬᠦᠶᠢᠵᠦ ᠡᠨᠡ ᠶᠡᠭᠡ ᠵᠠᠭᠤᠨ ᠬᠦᠷᠳᠡᠯ᠎ᠡ ᠨᠤᠳᠤᠭ ᠢᠶᠠᠨ ᠰᠠᠬᠢᠨ ᠪᠠᠶᠢᠨ᠎ᠠ ᠡᠶᠢᠮᠤ ᠰᠠᠶᠢᠬᠠᠨ ᠤᠷᠤᠨ ᠢᠶᠠᠨ ᠭᠡᠨ ᠳᠤ ᠴᠦ ᠦᠭᠬᠦ ᠦᠭᠡᠢ ᠬᠠᠮᠠᠭᠠᠯᠠᠬᠤᠡᠷᠴᠢ ᠰᠦᠰᠦ ᠶᠢ ᠴᠢᠩᠬᠢᠰ ᠮᠢᠨᠢ ᠪᠢᠳᠠᠨ ᠳᠤ ᠦᠭᠬᠦᠭᠰᠡᠨ ᠶᠤᠮ ᠡᠵᠢ ᠠᠪᠤ ᠶᠢᠨ ᠭᠡᠣᠭᠡᠳ ᠤᠳ ᠴᠦ ᠡᠬᠦᠷᠢᠳᠡ ᠨᠤᠳᠤᠭ ᠢᠶᠠᠨ ᠰᠠᠬᠢᠭᠰᠠᠨ ᠶᠤᠮ ᠮᠢᠨᠤ ᠲᠡᠭᠡᠳᠦᠰ ᠠᠴᠠ ᠦᠪᠯᠡᠭᠰᠡᠨ ᠨᠤᠳᠤᠭ ᠮᠤᠩᠭᠤᠯ ᠤᠨ ᠠᠯᠳᠠᠨ ᠦᠷᠦᠭᠡ ᠮᠢᠨᠤ ᠮᠦᠬᠦᠰᠢ ᠦᠭᠡᠢ ᠦᠨᠢ ᠲᠠᠷᠬᠠᠨ ᠪᠠᠶᠢᠭᠠᠯᠢ ᠤᠨᠳᠠᠷᠠᠰᠢ ᠦᠭᠡᠢ ᠮᠦᠩᠭᠡ ᠬᠠᠯᠠᠭᠤᠨ ᠲᠤᠯᠭ᠎ᠠ ᠡ ᠭᠤᠪᠢ ᠨᠤᠳᠤᠭ ᠤᠨ ᠨᠤᠭᠤᠭᠠᠨ ᠵᠡᠷᠭᠡᠯᠭᠡᠨ ᠭᠠᠩᠳᠠᠰᠢ ᠦᠭᠡᠢ ᠮᠤᠩᠭᠤᠯ ᠭᠠᠵᠠᠷ ᠰᠢᠷᠤᠢ ᠪᠤᠰᠤᠭ᠎ᠠ ᠬᠠᠳᠠ ᠲᠠᠢ ᠴᠢᠯᠠᠭᠤᠨ ᠪᠢᠴᠢᠭ ᠪᠤᠭᠳᠠ ᠬᠠᠭᠠᠨ ᠤ ᠮᠢᠨᠢ ᠬᠦᠮᠦᠨ ᠴᠢᠯᠠᠭᠤ ᠱᠠᠩᠳᠦ ᠬᠤᠳᠠ ᠶᠢᠨ ᠰᠦᠷᠯᠢᠭ ᠦᠵᠡᠮᠵᠢ ᠰᠠᠷᠠᠭᠤᠯ ᠲᠠᠯ᠎ᠠ ᠶᠢᠨ ᠮᠢᠨᠢ ᠰᠢᠷ᠎ᠠ ᠴᠡᠴᠡᠭ ᠰᠠᠶᠢᠬᠠᠨ ᠮᠤᠩᠭᠤᠯ ᠳᠠᠭᠠᠨ ᠭᠡᠪ ᠢᠶᠠᠷ ᠢᠶᠠᠨ ᠪᠠᠶᠢᠬᠤ ᠰᠢᠭ᠋ ᠡ︕ ᠭᠡᠰᠡᠷ ᠵᠢᠩᠭᠠᠷ ᠲᠤᠤᠯᠢ ᠪᠠᠨ ᠬᠠᠶᠢᠯᠠᠵᠦ ᠭᠡᠵᠢᠶᠠᠳᠠ ᠤᠩᠰᠢᠭᠳᠠᠬᠤ ᠨᠠᠴᠤᠭᠳᠤᠷᠵᠢ᠂ ᠨᠠ᠊ · ᠰᠠᠶᠢᠨ ᠤ ᠰᠢᠯᠦᠭ ᠤᠳ ᠠᠮᠢᠳᠤ ᠶᠢᠨ ᠬᠤᠷᠸ᠎ᠠ ᠳᠤ ᠭᠡᠪ ᠢᠶᠠᠷ ᠢᠶᠠᠨ ᠨᠠᠷᠠᠨ ᠲᠤᠭᠤᠨᠤ ᠪᠠᠷ ᠤᠳᠤᠳ ᠨᠢ ᠬᠢᠯᠡᠯᠵᠠᠨ ᠨᠠᠷᠠᠳᠦ ᠬᠤᠷᠸ᠎ᠠ ᠳᠤ ᠦᠨᠳᠦᠷᠯᠢᠭ ᠤᠷᠤᠨ ᠮᠢᠨᠢ ᠰᠢᠯᠢ ᠶᠢᠨ ᠠᠭᠤᠳᠠᠮ ᠬᠦᠨᠳᠡᠢ᠂ ᠬᠠᠩᠭᠠᠢ ᠬᠢᠯᠢ ᠦᠭᠡᠢ ᠴᠡᠩᠭᠡᠷ ᠬᠦᠳᠡᠭᠡ ᠨᠤᠳᠤᠭ ᠮᠢᠨᠤ ᠲᠡᠭᠡᠳᠦᠰ ᠤᠨ ᠠᠯᠳᠠᠨ ᠦᠷᠦᠭᠡ ᠯᠠ ᠪᠠᠶᠢᠵᠦ ᠳ᠋ᠠ︕ ᠵᠤᠬᠢᠶᠠᠭᠴᠢ ᠶᠢᠨ ᠬᠠᠶ᠋ᠢᠭ᠄ ᠬᠦᠪᠡᠭᠡᠳᠤ ᠰᠢᠷ᠎ᠠ ᠬᠤᠰᠢᠭᠤᠨ ᠤ ᠪᠤᠭᠳᠠ ᠶᠢᠨ ᠭᠤᠤᠯ ᠰᠤᠮᠤ
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号