2018 ᠤᠨ ᠤ ᠪᠦᠬᠦ ᠤᠯᠤᠰ ᠤᠨ ᠲᠡᠭᠡᠳᠤ ᠰᠤᠷᠭᠠᠭᠤᠯᠢ ᠳᠤ ᠰᠤᠷᠤᠭᠴᠢ ᠡᠯᠰᠡᠬᠦ ᠰᠢᠯᠭᠠᠯᠲᠠ ᠦᠨᠤᠳᠤᠷ ᠲᠠᠭᠤᠰᠴᠤ ᠤᠯᠠᠩᠬᠢ ᠮᠤᠵᠢ ᠤᠷᠤᠨ ᠰᠢᠯᠭᠠᠯᠳᠠ ᠶᠢᠨ ᠬᠢᠷᠢ ᠪᠦᠳᠤᠮᠵᠢ ᠶᠢ ᠨᠡᠶᠢᠳᠡᠯᠡᠬᠦ ᠴᠠᠭ ᠢᠶᠠᠨ ᠨᠡᠶᠢᠳᠡᠯᠡᠪᠡ
ᠨᠡᠶᠢᠲᠡᠯᠡᠭᠰᠡᠨ ᠴᠠᠭ᠄
2018/6/13
      ᠤᠯᠠᠨ ᠭᠠᠵᠠᠷ ᠤᠨ ᠬᠢᠨ ᠲᠡᠭᠡᠳᠤ ᠰᠤᠷᠭᠠᠭᠤᠯᠢ ᠳᠤ ᠰᠤᠷᠤᠭᠴᠢ ᠡᠯᠰᠡᠬᠦ ᠰᠢᠯᠭᠠᠯᠲᠠ ᠶᠢᠨ ᠰᠢᠯᠭᠠᠯᠳᠠ ᠦᠵᠡᠬᠦ ᠠᠵᠢᠯ ᠢ ᠪᠠᠶᠢᠷᠢᠯᠠᠭᠤᠯᠪᠠ        ᠲᠡᠭᠡᠳᠤ ᠰᠤᠷᠭᠠᠭᠤᠯᠢ ᠳᠤ ᠰᠤᠷᠤᠭᠴᠢ ᠡᠯᠰᠡᠬᠦ ᠰᠢᠯᠭᠠᠯᠲᠠ ᠶᠢᠨ ᠲᠠᠭᠤᠰᠬᠤ ᠶᠢ ᠲᠠᠭᠠᠯᠳᠤᠨ᠂  ᠤᠯᠠᠨ  ᠭᠠᠵᠠᠷ  ‍ᠤᠨ‌‍ᠬᠢᠨ ᠰᠢᠯᠭᠠᠯᠳᠠ ᠦᠵᠡᠬᠦ ᠠᠵᠢᠯ ᠢᠶᠠᠨ ᠬᠤᠶᠢᠨ᠎ᠠ ᠬᠤᠶᠢᠨ᠎ᠠ ᠠᠴᠠ ᠪᠠᠨ ᠡᠬᠢᠯᠡᠬᠦᠯᠪᠠ᠃ ᠲᠡᠭᠡᠳᠤ ᠰᠤᠷᠭᠠᠭᠤᠯᠢ ᠳᠤ  ᠰᠤᠷᠤᠭᠴᠢ‌ᠡᠯᠰᠡᠬᠦ ᠰᠢᠯᠭᠠᠯᠲᠠ ᠶᠢᠨ ᠰᠢᠯᠭᠠᠯᠳᠠ ᠦᠵᠡᠬᠦ ᠠᠵᠢᠯ ᠤᠨ ᠲᠦᠪ ᠭᠤᠤᠯᠴᠢ᠂ ᠠᠮᠤᠷ ᠲᠦᠪᠰᠢᠨ ᠢ ᠪᠠᠳᠤᠯᠠᠬᠤ ᠎ ᠶᠢᠨ  ᠲᠦᠯᠤᠭᠡ᠂ᠴᠦᠭᠡᠨ ᠪᠤᠰᠤ ᠭᠠᠵᠠᠷ ᠤᠷᠤᠨ ᠴᠦᠮ ᠬᠤᠯᠪᠤᠬᠳᠠᠯ ᠪᠦᠬᠦᠢ ᠠᠷᠭ᠎ᠠ ᠬᠡᠮᠵᠢᠶ᠎ᠠ ᠭᠠᠷᠭᠠᠭᠰᠠᠨ ᠪᠠᠶᠢᠨ᠎ᠠ᠃        ᠵᠢᠱᠢᠶᠡᠯᠡᠪᠡᠯ᠂ ᠬᠠᠷᠠᠮᠦ᠋ᠷᠡᠨ ᠳᠤ ᠪᠤᠯ ᠰᠡᠳᠤᠪ ᠨᠢᠭᠡᠪᠤᠷᠢ ᠶᠢ ᠦᠵᠡᠵᠤ  ᠲᠠᠭᠤᠰᠤᠭᠰᠠᠨ  ᠎ ᠤ  ᠲᠠᠷᠠᠭ᠎ᠠ  ᠴᠦᠮ  ᠴᠠᠭ‌‍ᠲ᠋ᠤᠬᠠᠢ ᠳᠤᠨᠢ ᠲᠤᠭ᠎ᠠ ᠪᠠᠷᠢᠮᠳᠠ ᠶᠢ ᠲᠡᠮᠵᠢᠭᠤᠯᠬᠤ ᠪᠠ ᠮᠡᠳᠡᠭᠡ ᠵᠠᠩᠬᠢ ᠶᠢ ᠰᠤᠯᠢᠯᠴᠠᠬᠤ  ᠠᠵᠢᠯ  ᠎ ᠢ  ᠶᠠᠪᠤᠭᠳᠠᠭᠤᠯᠳᠠᠭ  ᠶᠤᠮ᠂ᠲᠦᠷᠰᠤᠳᠤ ᠲᠤᠭ᠎ᠠ ᠪᠠᠷᠢᠮᠳᠠ ᠶᠢ ᠨᠢᠭᠤᠴᠠᠯᠠᠵᠤ ᠬᠠᠳᠠᠭᠠᠯᠠᠳᠠᠭ ᠪᠤᠯᠬᠤᠷ ᠰᠢᠯᠭᠠᠯᠳᠠ ᠦᠵᠡᠬᠦ  ᠪᠠᠭᠰᠢ  ᠰᠢᠯᠭᠠᠭᠤᠯᠤᠭᠴᠢ  ᠵᠢᠨ‌ᠬᠠᠮᠢᠶ᠎ᠠ ᠲᠠᠢ ᠶᠠᠮᠠᠷ ᠴᠦ ᠮᠡᠳᠡᠭᠡ ᠵᠠᠩᠬᠢ ᠶᠢ ᠤᠯᠵᠤ ᠦᠵᠡᠬᠦ ᠦᠭᠡᠢ ᠪᠠᠶᠢᠳᠠᠭ᠂ ᠰᠢᠯᠭᠠᠯᠳᠠ ᠎ ᠶᠢ ᠦᠵᠡᠵᠤ  ᠲᠠᠭᠤᠰᠤᠭᠰᠠᠨ  ‍ᠤ‌‍ᠲ᠋ᠠᠷᠠᠭ᠎ᠠ ᠲᠠᠬᠢᠵᠤ ᠨᠢᠭᠤᠴᠠ ᠶᠢ ᠲᠠᠶᠢᠯᠵᠤ ᠰᠢᠯᠭᠠᠭᠤᠯᠤᠭᠴᠢ ᠶᠢᠨ ᠬᠢᠷᠢ ᠪᠦᠳᠤᠮᠵᠢ ᠪᠤᠯᠭᠠᠨ ᠬᠤᠪᠢᠷᠠᠭᠤᠯᠳᠠᠭ᠃        ᠬᠠᠶᠢᠨᠠᠨ ᠤ ᠰᠢᠯᠭᠠᠯᠳᠠ ᠶᠢᠨ ᠲᠤᠪᠴᠢᠶ᠎ᠠ ᠡᠨᠡ ᠵᠢᠯ ᠤᠨ ᠰᠢᠯᠭᠠᠯᠳᠠ ᠦᠵᠡᠭᠴᠢ ᠶᠢ  ᠰᠤᠩᠭᠤᠬᠤ  ᠱᠠᠭᠠᠷᠳᠠᠯᠭ᠎ᠠ  ᠵᠢ‌ᠬᠠᠳᠠᠭᠤ ᠴᠢᠩᠭ᠎ᠠ ᠪᠠᠶᠢᠯᠭᠠᠬᠤ ᠬᠡᠷᠡᠭᠳᠠᠢ ᠭᠡᠵᠤ ᠱᠠᠭᠠᠷᠳᠠᠭᠰᠠᠨ ᠪᠠᠶᠢᠳᠠᠭ᠂ ᠵᠤᠬᠢᠶᠠᠨ  ᠪᠢᠴᠢᠬᠦ  ᠰᠡᠳᠤᠪ᠂  ᠦᠬᠦᠯᠡᠬᠦ  ᠰᠡᠳᠤᠪ᠂ᠪᠤᠳᠤᠵᠤ ᠬᠠᠷᠢᠭᠤᠯᠬᠤ ᠰᠡᠳᠤᠪ ᠮᠡᠳᠤ ᠶᠢᠨ ᠬᠤᠪᠢ ᠶᠢᠨ ᠲᠤᠭ᠎ᠠ ᠪᠠᠷ ᠶᠡᠭᠡ᠂  ᠪᠡᠶᠡᠴᠢ  ᠴᠢᠨᠠᠷ  ᠎ ᠢᠶᠠᠷ  ᠴᠢᠩᠭ᠎ᠠ  ᠰᠡᠳᠤᠪ  ‍ᠤᠨ‌‍ᠰᠢᠯᠭᠠᠯᠳᠠ ᠦᠵᠡᠭᠴᠢ ᠨᠢ 3 ᠵᠢᠯ ᠠᠴᠠ ᠲᠡᠭᠡᠭᠰᠢ ᠵᠢᠭᠠᠨ ᠰᠤᠷᠭᠠᠯᠳᠠ ᠪᠤᠶᠤ ᠡᠷᠳᠡᠮ ᠰᠢᠨᠵᠢᠯᠡᠭᠡᠨ ᠤ ᠲᠤᠷᠰᠢᠯᠭ᠎ᠠ ᠲᠠᠢ ᠪᠦᠭᠡᠳ‌‍ᠰᠢᠯᠭᠠᠯᠳᠠ ᠦᠵᠡᠭᠰᠡᠨ ᠵᠤᠬᠢᠬᠤ ᠲᠤᠷᠰᠢᠯᠭ᠎ᠠ ᠲᠠᠢ ᠲᠤᠮᠳᠠ ᠵᠡᠷᠭᠡ ᠠᠴᠠ ᠲᠡᠭᠡᠭᠰᠢᠬᠢ ᠮᠡᠷᠭᠡᠵᠢᠯ ᠎ ᠤᠨ ᠴᠤᠯᠠ ᠲᠠᠢ  ᠪᠠᠶᠢᠬᠤ  ᠵᠢ‌‍ᠱᠠᠭᠠᠷᠳᠠᠳᠠᠭ᠃        ᠡᠬᠦᠨ ᠠᠴᠠ ᠭᠠᠳᠠᠨ᠎ᠠ᠂ ᠬᠠᠶᠢᠨᠠᠨ ᠪᠠᠰᠠ ᠵᠠᠶᠢᠯᠠᠬᠤ ᠲᠦᠷᠢᠮ ᠢ  ᠪᠠᠷᠢᠮᠳᠠᠯᠠᠨ  ᠬᠡᠷᠡᠭᠵᠢᠬᠦᠯᠵᠤ  ᠪᠠᠶᠢᠨ᠎ᠠ᠂  ᠰᠢᠭᠤᠳ‌‍ᠴᠢᠰᠤᠨ ᠲᠦᠷᠤᠯ ᠤᠨ ᠬᠠᠷᠢᠴᠠᠭ᠎ᠠ ᠲᠠᠢ ᠬᠥᠮᠤᠨ ᠪᠤᠶᠤ ᠠᠰᠢᠭ ᠬᠤᠤᠷ ᠤᠨ ᠬᠠᠷᠢᠴᠠᠭ᠎ᠠ  ᠎ ᠲᠠᠢ  ᠬᠥᠮᠤᠨ  ᠰᠢᠯᠭᠠᠯᠳᠠ  ᠦᠵᠡᠬᠦ‌ᠵᠡᠷᠭᠡ ᠠᠵᠢᠯ ᠳᠤ ᠤᠷᠤᠯᠴᠠᠵᠤ ᠪᠤᠯᠬᠤ ᠦᠭᠡᠢ᠂ ᠦᠨᠳᠤᠷ ᠭᠤᠷᠪᠠ ᠶᠢᠨ ᠬᠡᠯᠡ ᠪᠢᠴᠢᠭ᠂ ᠠᠩᠭ᠍ᠯᠢ ᠬᠡᠯᠡᠨ ᠎ ᠤ ᠬᠢᠴᠢᠶᠡᠯ ᠤᠷᠤᠬᠤ‌‍ᠪᠠᠭᠰᠢ ᠴᠦ ᠲᠡᠭᠡᠳᠤ ᠰᠤᠷᠭᠠᠭᠤᠯᠢ ᠳᠤ ᠰᠤᠷᠤᠭᠴᠢ ᠡᠯᠰᠡᠬᠦ ᠰᠢᠯᠭᠠᠯᠲᠠ ᠶᠢᠨ ᠰᠢᠯᠭᠠᠯᠳᠠ  ᠦᠵᠡᠬᠦ  ᠠᠵᠢᠯ  ᠎ ᠳᠤ  ᠤᠷᠤᠯᠴᠠᠵᠤ‌‍ᠪᠤᠯᠬᠤ ᠦᠭᠡᠢ ᠪᠠᠶᠢᠳᠠᠭ        ᠤᠯᠠᠨ ᠭᠠᠵᠠᠷ ᠤᠨ ᠬᠢᠨ ᠰᠢᠯᠭᠠᠯᠳᠠ ᠶᠢᠨ ᠬᠢᠷᠢ ᠪᠦᠳᠤᠮᠵᠢ ᠶᠢ ᠨᠡᠶᠢᠳᠡᠯᠡᠬᠦ ᠴᠠᠭ ᠢᠶᠠᠨ ᠨᠡᠶᠢᠳᠡᠯᠡᠪᠡ        2018 ᠤᠨ ᠤ ᠪᠦᠬᠦ ᠤᠯᠤᠰ ᠤᠨ ᠲᠡᠭᠡᠳᠤ ᠰᠤᠷᠭᠠᠭᠤᠯᠢ ᠳᠤ ᠰᠤᠷᠤᠭᠴᠢ ᠡᠯᠰᠡᠬᠦ ᠰᠢᠯᠭᠠᠯᠲᠠ ᠶᠢᠨ ᠲᠠᠭᠤᠰᠬᠤ ᠵᠢ‌‍ᠲ᠋ᠠᠭᠠᠯᠳᠤᠨ᠂ ᠡᠯ᠎ᠠ ᠭᠠᠵᠠᠷ ᠤᠨ ᠬᠢᠨ ᠲᠡᠭᠡᠳᠤ ᠰᠤᠷᠭᠠᠭᠤᠯᠢ ᠳᠤ ᠰᠤᠷᠤᠭᠴᠢ ᠡᠯᠰᠡᠬᠦ ᠰᠢᠯᠭᠠᠯᠲᠠ  ᠎ ᠶᠢᠨ  ᠬᠢᠷᠢ  ᠪᠦᠳᠤᠮᠵᠢ  ᠵᠢ‌ᠨᠡᠶᠢᠳᠡᠯᠡᠬᠦ ᠴᠠᠭ ᠢᠶᠠᠨ ᠴᠦ ᠬᠤᠶᠢᠨ᠎ᠠ ᠬᠤᠶᠢᠨ᠎ᠠ ᠠᠴᠠ ᠪᠠᠨ ᠨᠡᠶᠢᠳᠡᠯᠡᠪᠡ᠃        ᠢᠯᠡ ᠪᠠᠷ ᠮᠡᠳᠡᠭᠡᠯᠡᠭᠰᠡᠨ ᠢ ᠦᠨᠳᠤᠰᠤᠯᠡᠪᠡᠯ᠂ ᠲᠦᠷᠤᠬᠦᠭᠡᠨ᠂ ᠰᠧᠴᠤᠸᠠᠨ᠂ ᠠᠨᠾᠦ᠋ᠢ᠂  ᠰᠢᠨᠵᠢᠶᠠᠩ᠂  ᠱᠠᠨᠳᠦ᠋ᠩ᠂ᠬᠢᠷᠢᠨ᠂ ᠦᠪᠤᠷ ᠮᠤᠩᠭᠤᠯ᠂ ᠵᠢᠶᠠᠩᠰᠢ᠂ ᠾᠧᠨᠠᠨ᠂ ᠭᠤᠸᠠᠩᠳᠦ᠋ᠩ ᠵᠡᠷᠭᠡ ᠮᠤᠵᠢ ᠤᠷᠤᠨ ᠨᠢᠭᠡᠨᠳᠡ ᠲᠡᠭᠡᠳᠤ  ᠰᠤᠷᠭᠠᠭᠤᠯᠢ  ᠳ᠋ᠥ‌‍ᠰᠤᠷᠤᠭᠴᠢ ᠡᠯᠰᠡᠬᠦ ᠰᠢᠯᠭᠠᠯᠲᠠ ᠶᠢᠨ ᠬᠢᠷᠢ ᠪᠦᠳᠤᠮᠵᠢ ᠶᠢ ᠪᠠᠶᠢᠴᠠᠭᠠᠨ ᠯᠠᠪᠯᠠᠬᠤ ᠴᠠᠭ ᠢ ᠨᠡᠶᠢᠳᠡᠯᠡᠪᠠ᠂ ᠤᠯᠠᠩᠬᠢ ᠮᠤᠵᠢ ᠤᠷᠤᠨ‌‍ᠤ ᠡᠨᠡ ᠵᠢᠯ ᠤᠨ ᠲᠡᠭᠡᠳᠤ ᠰᠤᠷᠭᠠᠭᠤᠯᠢ ᠳᠤ ᠰᠤᠷᠤᠭᠴᠢ ᠡᠯᠰᠡᠬᠦ ᠰᠢᠯᠭᠠᠯᠲᠠ ᠶᠢᠨ ᠬᠢᠷᠢ ᠪᠦᠳᠤᠮᠵᠢ  ᠎ ᠶᠢ  ᠪᠠᠶᠢᠴᠠᠭᠠᠨ  ᠯᠠᠪᠯᠠᠬᠤ‌‍ᠴᠠᠭ ᠨᠢ ᠲᠤᠰ ᠰᠠᠷ᠎ᠠ ᠶᠢᠨ ᠬᠤᠷᠢᠳ ᠢᠶᠠᠷ ᠲᠦᠪᠯᠡᠷᠡᠵᠤ ᠪᠤᠢ᠃        ᠵᠢᠱᠶᠡᠯᠡᠪᠡᠯ᠂ ᠮᠡᠳᠡᠭᠡᠯᠡᠭᠰᠡᠨ ᠢᠶᠠᠷ᠂ ᠰᠧᠴᠤᠸᠠᠨ  ᠲᠤᠰ  ᠰᠠᠷ᠎ᠠ  ᠎ ᠶᠢᠨ  22  ᠎ ᠤᠨ  ᠡᠳᠤᠷ  ᠎ ᠤᠨ  ᠤᠷᠤᠢ  ᠲᠡᠭᠡᠳᠤ‌‍ᠰᠤᠷᠭᠠᠭᠤᠯᠢ ᠳᠤ ᠰᠤᠷᠤᠭᠴᠢ ᠡᠯᠰᠡᠬᠦ ᠰᠢᠯᠭᠠᠯᠲᠠ ᠶᠢᠨ ᠬᠢᠷᠢ ᠪᠦᠳᠤᠮᠵᠢ ᠶᠢ  ᠨᠡᠶᠢᠳᠡᠯᠡᠨ᠎ᠠ︔  ᠠᠨᠾᠦ᠋ᠢ᠂  ᠵᠢᠶᠠᠩᠰᠢ᠂  ᠦᠪᠤᠷ‌ᠮᠤᠩᠭᠤᠯ ᠵᠡᠷᠭᠡ ᠭᠠᠵᠠᠷ ᠤᠨ ᠲᠡᠭᠡᠳᠤ ᠰᠤᠷᠭᠠᠭᠤᠯᠢ ᠳᠤ ᠰᠤᠷᠤᠭᠴᠢ ᠡᠯᠰᠡᠬᠦ ᠰᠢᠯᠭᠠᠯᠲᠠ ᠶᠢᠨ ᠬᠢᠷᠢ  ᠪᠦᠳᠤᠮᠵᠢ  ᠎ ᠶᠢ  23  ‍ᠤ‌ᠡᠳᠤᠷ ᠨᠡᠶᠢᠳᠡᠯᠡᠨ᠎ᠠ︔ ᠬᠢᠷᠢᠨ ᠤ ᠰᠢᠯᠭᠠᠯᠳᠠ ᠶᠢᠨ ᠬᠢᠷᠢ ᠪᠦᠳᠤᠮᠵᠢ ᠶᠢ ᠨᠡᠶᠢᠳᠡᠯᠡᠬᠦ ᠴᠠᠭ ᠪᠤᠯ ᠲᠤᠰ ᠰᠠᠷ᠎ᠠ ᠎ ᠶᠢᠨ 24᠎ ᠤ ᠡᠳᠤᠷ‌‍ᠪᠤᠯᠤᠨ᠎ᠠ︔ ᠾᠧᠨᠠᠨ ᠤ ᠰᠢᠯᠭᠠᠭᠤᠯᠤᠭᠴᠢᠳ ᠪᠤᠯ 25᠎ ᠤ ᠡᠳᠤᠷ ᠤᠨ 00᠄ 00 ᠴᠠᠭ ᠠᠴᠠ ᠡᠬᠢᠯᠡᠨ ᠲᠡᠭᠡᠳᠤ ᠰᠤᠷᠭᠠᠭᠤᠯᠢ‌‍ᠳᠥ ᠰᠤᠷᠤᠭᠴᠢ ᠡᠯᠰᠡᠬᠦ ᠰᠢᠯᠭᠠᠯᠲᠠ ᠶᠢᠨ ᠬᠢᠷᠢ ᠪᠦᠳᠤᠮᠵᠢ ᠪᠠᠨ ᠪᠠᠶᠢᠴᠠᠭᠠᠨ ᠯᠠᠪᠯᠠᠵᠤ ᠪᠤᠯᠤᠨ᠎ᠠ᠃       ᠰᠤᠷᠤᠭᠴᠢ ᠡᠯᠰᠡᠬᠦ ᠠᠵᠢᠯ ᠤᠨ ᠰᠢᠨ᠎ᠠ ᠤᠨᠴᠠᠯᠢᠭ                      ᠲᠡᠭᠡᠳᠤ ᠰᠤᠷᠭᠠᠭᠤᠯᠢ ᠳᠤ ᠰᠤᠷᠤᠭᠴᠢ ᠡᠯᠰᠡᠬᠦ ᠰᠢᠯᠭᠠᠯᠲᠠ ᠲᠠᠭᠤᠰᠤᠭᠰᠠᠨ ᠤ  ᠲᠠᠷᠠᠭ᠎ᠠ᠂  ᠰᠢᠯᠭᠠᠭᠤᠯᠤᠭᠴᠢᠳ  ‍ᠤᠨ‌‍ᠬᠥ᠋ᠰᠡᠯ ᠡᠷᠡᠮᠡᠯᠵᠠᠯ ᠲᠠᠭᠯᠠᠨ ᠮᠡᠳᠡᠬᠦᠯᠬᠦ ᠠᠵᠢᠯ ᠴᠦ ᠶᠠᠪᠤᠬᠳᠠᠬᠤ ᠪᠤᠯᠤᠨ᠎ᠠ᠃ ᠰᠤᠷᠪᠤᠯᠵᠢᠯᠠᠭᠴᠢ ᠤᠯᠵᠤ ᠮᠡᠳᠡᠭᠰᠡᠨ ᠨᠢ᠂ ᠡᠨᠡ ᠵᠢᠯ‌ᠨᠡᠩ ᠤᠯᠠᠨ ᠶᠡᠭᠡ ᠲᠡᠭᠡᠳᠤ ᠰᠤᠷᠭᠠᠭᠤᠯᠢ ᠶᠡᠭᠡ ᠲᠦᠷᠤᠯ ᠢᠶᠠᠷ ᠰᠤᠷᠤᠭᠴᠢ ᠡᠯᠰᠡᠬᠦ ᠪᠤᠯᠤᠨ᠎ᠠ᠂ ᠤᠯᠠᠨ ᠭᠠᠵᠠᠷ  ᠎ ᠤᠨ  ᠰᠤᠷᠤᠭᠴᠢ‌ᠡᠯᠰᠡᠬᠦ ᠪᠦᠯᠦᠭ ᠤᠳᠠᠭ᠎ᠠ ᠶᠢ ᠴᠦ ᠤᠯᠠᠮ ᠨᠢᠭᠡ ᠠᠯᠬᠤᠮ ᠨᠡᠶᠢᠯᠡᠬᠦᠯᠬᠦ ᠪᠤᠯᠤᠨ᠎ᠠ᠂ ᠡᠳᠡᠭᠡᠷ ᠨᠢ ᠴᠦᠮ ᠰᠢᠯᠭᠠᠭᠤᠯᠤᠭᠴᠢᠳ  ‍ᠤᠨ‌‍ᠬᠥ᠋ᠰᠡᠯ ᠡᠷᠡᠮᠡᠯᠵᠠᠯ ᠲᠠᠭᠯᠠᠨ ᠮᠡᠳᠡᠬᠦᠯᠬᠦ ᠶᠠᠪᠤᠳᠠᠯ ᠳᠤ ᠨᠡᠩ ᠤᠯᠠᠨ ᠪᠤᠯᠤᠮᠵᠢ ᠬᠠᠩᠭᠠᠬᠤ ᠪᠤᠯᠤᠨ᠎ᠠ᠃        ᠰᠤᠷᠪᠤᠯᠵᠢᠯᠠᠭᠴᠢ ᠤᠯᠵᠤ ᠮᠡᠳᠡᠭᠰᠡᠨ ᠨᠢ᠂ ᠴᠢᠩᠬᠤᠸᠠ ᠶᠡᠭᠡ ᠰᠤᠷᠭᠠᠭᠤᠯᠢ᠂ ᠪᠡᠭᠡᠵᠢᠩ ᠶᠡᠭᠡ ᠰᠤᠷᠭᠠᠭᠤᠯᠢ᠂ ᠲᠤᠮᠳᠠᠳᠤ‌ᠤᠯᠤᠰ ᠤᠨ ᠠᠷᠠᠳ ᠤᠨ ᠶᠡᠭᠡ ᠰᠤᠷᠭᠠᠭᠤᠯᠢ ᠵᠡᠷᠭᠡ ᠶᠡᠭᠡ ᠰᠤᠷᠭᠠᠭᠤᠯᠢ ᠨᠤᠭᠤᠳ ᠨᠢᠳᠤᠨᠤᠨ ᠶᠡᠭᠡ ᠲᠦᠷᠤᠯ  ᠎ ᠢᠶᠠᠷ  ᠰᠤᠷᠤᠭᠴᠢ‌ᠡᠯᠰᠡᠬᠦ ᠶᠢ ᠬᠡᠷᠡᠭᠵᠢᠬᠦᠯᠦᠭᠰᠡᠨ ᠤ ᠲᠠᠷᠠᠭ᠎ᠠ᠂ ᠪᠡᠭᠡᠵᠢᠩ ᠤᠨ ᠠᠭᠠᠷ ᠤᠨ ᠠᠶᠠᠯᠠᠯ ᠰᠠᠨᠰᠠᠷ ᠤᠨ ᠠᠶᠠᠯᠠᠯ ᠤᠨ ᠶᠡᠭᠡ  ᠰᠤᠷᠭᠠᠭᠤᠯᠢ᠂ᠪᠡᠭᠡᠵᠢᠩ ᠤᠨ ᠪᠠᠶᠢᠭᠠᠯᠢ ᠲᠧᠭᠨᠢᠭ ᠤᠨ ᠤᠬᠠᠭᠠᠨ ᠤ ᠶᠡᠭᠡ  ᠰᠤᠷᠭᠠᠭᠤᠯᠢ᠂  ᠲᠢᠶᠠᠨᠵᠢᠨ  ᠶᠡᠭᠡ  ᠰᠤᠷᠭᠠᠭᠤᠯᠢ᠂  ᠨᠠᠨᠺᠠᠢ  ᠶᠡᠭᠡ‌‍ᠰᠤᠷᠭᠠᠭᠤᠯᠢ᠂ ᠴᠦᠩᠴᠢᠩ ᠶᠡᠭᠡ ᠰᠤᠷᠭᠠᠭᠤᠯᠢ ᠵᠡᠷᠭᠡ ᠶᠡᠭᠡ ᠰᠤᠷᠭᠠᠭᠤᠯᠢ  ᠎ ᠨᠤᠭᠤᠳ  ᠴᠦ  ᠡᠨᠡ  ᠵᠢᠯ  ᠶᠡᠭᠡ  ᠲᠦᠷᠤᠯ  ᠵᠢᠡᠷ‌‍ᠰᠤᠷᠤᠭᠴᠢ ᠡᠯᠰᠡᠬᠦ ᠪᠤᠯᠤᠨ᠎ᠠ᠃        ᠡᠬᠦᠨ ᠠᠴᠠ ᠭᠠᠳᠠᠨ᠎ᠠ᠂ ᠰᠤᠷᠤᠭᠴᠢ ᠡᠯᠰᠡᠬᠦ ᠪᠦᠯᠦᠭ ᠤᠳᠠᠭ᠎ᠠ ᠶᠢ ᠦᠷᠬᠦᠯᠵᠢᠯᠡᠨ ᠨᠡᠶᠢᠯᠡᠬᠦᠯᠬᠦ ᠪᠤᠯ ᠡᠨᠡ  ᠵᠢᠯ  ‍ᠤᠨ‌‍ᠲ᠋ᠡᠭᠡᠳᠤ ᠰᠤᠷᠭᠠᠭᠤᠯᠢ ᠳᠤ ᠰᠤᠷᠤᠭᠴᠢ ᠡᠯᠰᠡᠬᠦ ᠰᠢᠯᠭᠠᠯᠲᠠ ᠶᠢᠨ ᠪᠠᠰᠠ ᠨᠢᠭᠡ ᠶᠡᠭᠡ  ᠤᠨᠴᠠᠯᠢᠭ  ᠪᠤᠯᠤᠨ᠎ᠠ᠃  ᠰᠤᠷᠪᠤᠯᠵᠢᠯᠠᠭᠴᠢ‌ᠤᠯᠵᠤ ᠮᠡᠳᠡᠭᠰᠡᠨ ᠨᠢ᠂ ᠱᠠᠩᠬᠠᠢ᠂ ᠵᠧᠵᠢᠶᠠᠩ᠂ ᠱᠠᠨᠳᠦ᠋ᠩ᠂ ᠬᠠᠶᠢᠨᠠᠨ ᠵᠡᠷᠭᠡ  ᠭᠠᠵᠠᠷ  ᠴᠦᠮ  ᠰᠤᠷᠤᠭᠴᠢ  ᠡᠯᠰᠡᠬᠦ  ᠪᠦᠯᠦᠭ‌ᠤᠳᠠᠭ᠎ᠠ ᠶᠢ ᠨᠡᠶᠢᠯᠡᠬᠦᠯᠵᠤ ᠲᠤᠬᠢᠷᠠᠭᠤᠯᠤᠭᠰᠠᠨ ᠤ ᠲᠠᠷᠠᠭ᠎ᠠ᠂ ᠲᠢᠶᠠᠨᠵᠢᠨ᠂ ᠭᠤᠸᠠᠩᠳᠦ᠋ᠩ᠂ ᠯᠢᠶᠤᠤᠨᠢᠩ ᠵᠡᠷᠭᠡ  ᠮᠤᠵᠢ  ᠬᠤᠳᠠ‌‍ᠴᠦ ᠡᠨᠡ ᠵᠢᠯ ᠰᠤᠷᠤᠭᠴᠢ ᠡᠯᠰᠡᠬᠦ ᠪᠦᠯᠦᠭ ᠤᠳᠠᠭ᠎ᠠ ᠳᠤ ᠦᠭᠡᠷᠡᠴᠢᠯᠠᠯᠳᠠ ᠬᠢᠬᠦ ᠪᠤᠯᠤᠨ᠎ᠠ᠃         ᠵᠢᠱᠢᠶᠡᠯᠡᠪᠡᠯ ᠲᠢᠶᠠᠨᠵᠢᠨ ᠬᠤᠳᠠ ᠶᠢᠨ ᠰᠤᠷᠭᠠᠨ ᠬᠥᠮᠤᠵᠢᠯ ᠤᠨ ᠰᠤᠷᠤᠭᠴᠢ ᠡᠯᠰᠡᠬᠦ ᠰᠢᠯᠭᠠᠯᠳᠠ ᠶᠢᠨ ᠬᠥᠷᠢᠶᠡᠯᠡᠩ ‍ᠤᠨ‌‍ᠬᠢᠨ ᠤ ᠲᠤᠷᠠᠳᠤᠭᠰᠠᠨ ᠢᠶᠠᠷ᠂ 2018 ᠤᠨ ᠳᠤ ᠵᠢᠩᠬᠢᠨᠢ ᠠᠩᠬᠢ ᠶᠢᠨ  ᠲᠡᠭᠡᠳᠤ  ᠰᠤᠷᠭᠠᠭᠤᠯᠢ  ᠎ ᠶᠢᠨ  ᠰᠤᠷᠤᠭᠴᠢ  ᠡᠯᠰᠡᠬᠦ‌‍ᠪᠦ᠋ᠯᠦᠭ ᠤᠳᠠᠭ᠎ᠠ ᠶᠢ ᠨᠡᠶᠢᠯᠡᠬᠦᠯᠬᠦ ᠠᠵᠢᠯ ᠢ ᠦᠷᠬᠦᠯᠵᠢᠯᠡᠨ ᠠᠬᠢᠭᠤᠯᠵᠤ᠂ ᠵᠢᠩᠬᠢᠨᠢ ᠠᠩᠬᠢ ᠶᠢᠨ ᠲᠦᠷᠤᠬᠦᠤ ᠪᠦᠯᠦᠭ᠂ ᠵᠢᠩᠬᠢᠨᠢ‌ᠠᠩᠬᠢ ᠶᠢᠨ ᠬᠤᠶᠡᠳᠡᠬᠢ ᠪᠦᠯᠦᠭ ᠢ  ᠨᠡᠶᠢᠯᠡᠬᠦᠯᠤᠭᠡᠳ  ᠡᠩ  ᠎ ᠤᠨ  ᠵᠢᠩᠬᠢᠨᠢ  ᠠᠩᠬᠢ  ᠎ ᠶᠢᠨ  ᠪᠦᠯᠦᠭ  ᠤᠳᠠᠭ᠎ᠠ  ᠪᠤᠯᠭᠠᠪᠠ᠂ᠲᠤᠬᠠᠶᠢᠯᠠᠪᠠᠯ ᠡᠩ ᠤᠨ ᠵᠢᠩᠬᠢᠨᠢ ᠠᠩᠬᠢ ᠳᠤ ᠨᠢᠭᠡ ᠯᠡ ᠪᠦᠯᠦᠭ ᠤᠳᠠᠭ᠎ᠠ ᠭᠠᠷᠭᠠᠨ᠎ᠠ᠃       ᠨᠢᠭᠡ ᠪᠦᠯᠦᠭ ᠰᠢᠨ᠎ᠠ ᠲᠤᠰᠬᠠᠢ ᠮᠡᠷᠭᠡᠵᠢᠯ ᠡᠬᠢᠯᠡᠵᠤ ᠰᠤᠷᠤᠭᠴᠢ ᠡᠯᠰᠡᠨ᠎ᠠ       ᠡᠳᠡᠭᠡᠷ ᠰᠢᠨ᠎ᠠ ᠲᠤᠰᠬᠠᠢ ᠮᠡᠷᠭᠡᠵᠢᠯ ᠤᠨ ᠲᠤᠬᠠᠢ ᠰᠢᠯᠭᠠᠭᠤᠯᠤᠭᠴᠢᠳ ᠠᠩᠬᠠᠷᠤᠯ ᠳᠠᠭᠠᠨ ᠠᠪᠤᠪᠠᠯ ᠵᠤᠬᠢᠨ᠎ᠠ        ᠡᠨᠡ ᠵᠢᠯ ᠤᠨ 3 ᠰᠠᠷ᠎ᠠ ᠳᠤ ᠰᠤᠷᠭᠠᠨ ᠬᠥᠮᠤᠵᠢᠯ ᠤᠨ ᠶᠠᠮᠤᠨ ᠤ ᠲᠠᠷᠤᠮᠠᠯᠯᠠᠨ ᠲᠠᠷᠬᠠᠭᠠᠭᠰᠠᠨ《2017 ᠤᠨ  ‍ᠤ‌ᠡᠩ ᠤᠨ ᠲᠡᠭᠡᠳᠤ ᠵᠡᠷᠭᠡ ᠶᠢᠨ ᠰᠤᠷᠭᠠᠭᠤᠯᠢ ᠶᠢᠨ ᠵᠢᠩᠬᠢᠨᠢ ᠠᠩᠬᠢ ᠶᠢᠨ ᠲᠤᠰᠬᠠᠢ ᠮᠡᠷᠭᠡᠵᠢᠯ ᠢ ᠲᠠᠩᠰᠠᠯᠠᠭᠤᠯᠤᠭᠰᠠᠨ  ᠪᠠ ᠬᠢᠨᠠᠨ‌ᠵᠦ᠋ᠪᠰᠢᠶᠡᠷᠡᠭᠰᠡᠨ ᠦᠷ᠎ᠡ ᠳ᠋ᠦᠩ ᠢ ᠨᠡᠶᠢᠳᠡᠯᠡᠬᠦ ᠲᠤᠬᠠᠢ ᠮᠡᠳᠡᠭᠳᠡᠯ》᠎ ᠢ ᠦᠨᠳᠤᠰᠤᠯᠡᠪᠠᠯ᠂ ᠲᠡᠭᠡᠳᠤ ᠰᠤᠷᠭᠠᠭᠤᠯᠢ ᠶᠢᠨ  ᠰᠢᠨ᠎ᠠ‌‍ᠪᠡᠷ ᠨᠡᠮᠡᠭᠳᠡᠭᠰᠡᠨ ᠵᠢᠩᠬᠢᠨᠢ ᠠᠩᠬᠢ ᠶᠢᠨ ᠲᠤᠰᠬᠠᠢ ᠮᠡᠷᠭᠡᠵᠢᠯ ᠨᠡᠶᠢᠳᠡ 2311 ᠪᠠᠶᠢᠨ᠎ᠠ᠂ ᠡᠬᠦᠨ ᠳᠤ  ᠲᠤᠭ᠎ᠠ  ᠪᠠᠷᠢᠮᠳᠠ  ᠵᠢᠨ‌‍ᠰᠢᠨᠵᠢᠯᠡᠬᠦ ᠤᠬᠠᠭᠠᠨ ᠬᠢᠭᠡᠳ ᠲᠤᠮᠤ ᠲᠤᠭ᠎ᠠ ᠪᠠᠷᠢᠮᠳᠠ  ᠎ ᠶᠢᠨ  ᠮᠡᠷᠭᠡᠵᠢᠯ᠂  ᠮᠠᠰᠢᠨ  ᠬᠥᠮᠤᠨ  ᠎ ᠤ  ᠢᠨᠵᠧᠨᠧᠷᠢᠩ᠂  ᠤᠶᠤᠨᠯᠢᠭ‌‍ᠰᠢᠨᠵᠢᠯᠡᠬᠦ ᠤᠬᠠᠭᠠᠨ ᠬᠢᠭᠡᠳ ᠮᠡᠷᠭᠡᠵᠢᠯ᠂ ᠰᠦᠯᠵᠢᠶᠡᠨ ᠤ ᠤᠷᠤᠨ ᠵᠠᠢ ᠶᠢᠨ ᠠᠮᠤᠷ ᠲᠦᠪᠰᠢᠨ  ᠵᠡᠷᠭᠡ  ᠪᠤᠳᠠᠳᠤ  ᠠᠬᠤᠢ  ᠲᠠᠢ‌ᠨᠡᠶᠢᠴᠡᠳᠡᠭ ᠲᠤᠰᠬᠠᠢ ᠮᠡᠷᠭᠡᠵᠢᠯ ᠴᠦ ᠶᠡᠭᠡ ᠤᠯᠠᠨ ᠬᠠᠷᠠᠬᠳᠠᠵᠤ ᠪᠠᠶᠢᠨ᠎ᠠ᠃        ᠪᠤᠳᠠᠳᠠᠢ ᠠᠪᠴᠤ ᠦᠵᠡᠪᠡᠯ᠂ ᠵᠠᠭᠤᠴᠢᠯᠠᠭᠤᠷ ᠤᠨ ᠬᠢᠨ ᠤ ᠪᠦᠷᠢᠳᠭᠡᠭᠰᠡᠨ ᠢ ᠦᠨᠳᠤᠰᠤᠯᠡᠪᠡᠯ᠂ 2017  ᠤᠨ  ‍ᠤ‌ᠡᠩ ᠤᠨ ᠲᠡᠭᠡᠳᠤ ᠵᠡᠷᠭᠡ ᠶᠢᠨ ᠰᠤᠷᠭᠠᠭᠤᠯᠢ ᠶᠢᠨ ᠵᠢᠩᠬᠢᠨᠢ ᠠᠩᠬᠢ ᠶᠢᠨ ᠲᠤᠰᠬᠠᠢ ᠮᠡᠷᠭᠡᠵᠢᠯ ᠢ ᠲᠠᠩᠰᠠᠯᠠᠭᠤᠯᠤᠭᠰᠠᠨ  ᠪᠠ  ᠬᠢᠨᠠᠨ‌ᠵᠦ᠋ᠪᠰᠢᠶᠡᠷᠡᠭᠰᠡᠨ ᠦᠷ᠎ᠡ ᠳ᠋ᠦᠩ ᠤᠨ ᠲᠤᠳᠤᠷ᠎ᠠ᠂ 《ᠲᠤᠭ᠎ᠠ ᠪᠠᠷᠢᠮᠳᠠ ᠶᠢᠨ ᠰᠢᠨᠵᠢᠯᠡᠬᠦ  ᠤᠬᠠᠭᠠᠨ  ᠬᠢᠭᠡᠳ  ᠲᠤᠮᠤ  ᠲᠤᠭ᠎ᠠ‌‍ᠪᠠᠷᠢᠮᠳᠠ ᠶᠢᠨ ᠮᠡᠷᠭᠡᠵᠢᠯ》᠎ ᠤᠨ ᠲᠤᠰᠬᠠᠢ ᠮᠡᠷᠭᠡᠵᠢᠯ ᠢ ᠰᠢᠨ᠎ᠠ ᠪᠠᠷ ᠨᠡᠭᠡᠭᠡᠭᠰᠡᠨ ᠲᠡᠭᠡᠳᠤ ᠰᠤᠷᠭᠠᠭᠤᠯᠢ ᠶᠢᠨ  ᠲᠤᠭ᠎ᠠ  250ᠬᠥᠷᠴᠠᠢ᠂ ᠡᠬᠦᠨ ᠳᠤ ᠲᠤᠮᠳᠠᠳᠤ ᠤᠯᠤᠰ ᠤᠨ ᠠᠷᠠᠳ ᠤᠨ ᠶᠡᠭᠡ ᠰᠤᠷᠭᠠᠭᠤᠯᠢ᠂ ᠬᠠᠷᠪᠢᠨ ᠤ ᠠᠵᠤ ᠦᠢᠯᠡᠳᠪᠤᠷᠢ  ᠎ ᠶᠢᠨ  ᠶᠡᠭᠡ‌‍ᠰᠤᠷᠭᠠᠭᠤᠯᠢ᠂ ᠰᠢᠶᠠᠮᠧᠨ ᠶᠡᠭᠡ ᠰᠤᠷᠭᠠᠭᠤᠯᠢ᠂ ᠪᠠᠷᠠᠭᠤᠨ ᠡᠮᠤᠨᠡᠳᠤ ᠶᠢᠨ ᠡᠳ᠋ ᠤᠨ ᠵᠠᠰᠠᠭ ᠠᠵᠤ ᠠᠬᠤᠢ ᠶᠢᠨ ᠶᠡᠭᠡ ᠰᠤᠷᠭᠠᠭᠤᠯᠢ‌ᠵᠡᠷᠭᠡ ᠰᠤᠷᠭᠠᠭᠤᠯᠢ ᠪᠠᠶᠢᠨ᠎ᠠ᠃        ᠪᠡᠭᠡᠵᠢᠩ ᠤᠨ ᠠᠭᠠᠷ ᠤᠨ  ᠠᠶᠠᠯᠠᠯ  ᠰᠠᠨᠰᠠᠷ  ᠎ ᠤᠨ  ᠠᠶᠠᠯᠠᠯ  ᠎ ᠤᠨ  ᠶᠡᠭᠡ  ᠰᠤᠷᠭᠠᠭᠤᠯᠢ᠂  ᠾᠧᠹᠸᠢ  ᠎ ᠶᠢᠨ  ᠠᠵᠤ‌ᠦᠢᠯᠡᠳᠪᠤᠷᠢ ᠶᠢᠨ ᠶᠡᠭᠡ ᠰᠤᠷᠭᠠᠭᠤᠯᠢ᠂ ᠲᠤᠮᠳᠠᠳᠤ ᠤᠯᠤᠰ ᠤᠨ ᠠᠭᠤᠷᠬᠠᠢ ᠶᠢᠨ ᠦᠢᠯᠡᠰ ᠤᠨ ᠶᠡᠭᠡ ᠰᠤᠷᠭᠠᠭᠤᠯᠢ᠂  ᠪᠡᠭᠡᠵᠢᠩ‌‍ᠤᠨ ᠠᠵᠤ ᠦᠢᠯᠡᠳᠪᠤᠷᠢ ᠶᠢᠨ ᠶᠡᠭᠡ ᠰᠤᠷᠭᠠᠭᠤᠯᠢ ᠵᠡᠷᠭᠡ 60 ᠰᠢᠬᠠᠮ ᠲᠡᠭᠡᠳᠤ ᠰᠤᠷᠭᠠᠭᠤᠯᠢ ᠡᠨᠡ  ᠵᠢᠯ  ᠴᠦᠮ  《ᠮᠠᠰᠢᠨ‌‍ᠬᠥ᠋ᠮᠤᠨ ᠤ ᠢᠨᠵᠧᠨᠧᠷᠢᠩ》᠎ ᠤᠨ ᠲᠤᠰᠬᠠᠢ ᠮᠡᠷᠭᠡᠵᠢᠯ ᠢ ᠰᠢᠨ᠎ᠠ ᠪᠠᠷ ᠨᠡᠭᠡᠭᠡᠬᠦ ᠪᠠᠷ ᠪᠠᠶᠢᠨ᠎ᠠ᠃        ᠡᠬᠦᠨ ᠠᠴᠠ ᠭᠠᠳᠠᠨ᠎ᠠ᠂ 2017 ᠤᠨ ᠤ ᠡᠩ ᠤᠨ ᠲᠡᠭᠡᠳᠤ ᠵᠡᠷᠭᠡ ᠶᠢᠨ ᠰᠤᠷᠭᠠᠭᠤᠯᠢ ᠶᠢᠨ ᠵᠢᠩᠬᠢᠨᠢ ᠠᠩᠬᠢ  ᠵᠢᠨ‌‍ᠲ᠋ᠤᠰᠬᠠᠢ ᠮᠡᠷᠭᠡᠵᠢᠯ ᠢ ᠲᠠᠩᠰᠠᠯᠠᠭᠤᠯᠤᠭᠰᠠᠨ ᠪᠠ ᠬᠢᠨᠠᠨ ᠵᠦᠪᠰᠢᠶᠡᠷᠡᠭᠰᠡᠨ ᠦᠷ᠎ᠡ ᠳ᠋ᠦᠩ ᠤᠨ ᠲᠤᠳᠤᠷ᠎ᠠ ᠪᠠᠰᠠ《ᠰᠦᠯᠵᠢᠶᠡᠨ ‍ᠤ‌ᠤᠷᠤᠨ ᠵᠠᠢ ᠶᠢᠨ ᠠᠮᠤᠷ ᠲᠦᠪᠰᠢᠨ》 ᠭᠡᠬᠦ ᠨᠢᠭᠡᠳᠤᠭᠡᠷ ᠲᠡᠰ ᠤᠨ ᠰᠢᠨᠵᠢᠯᠡᠭᠡᠨ ᠤᠨ ᠰᠠᠯᠠᠭ᠎ᠠ ᠶᠢ ᠰᠢᠨ᠎ᠠ  ᠎ ᠪᠠᠷ  ᠨᠡᠭᠡᠭᠡᠵᠠᠢ᠃ᠡᠬᠦᠨ ᠳᠤ᠂ ᠤᠯᠠᠨ ᠤᠯᠤᠰ ᠤᠨ ᠬᠠᠷᠢᠴᠠᠭᠠᠨ ᠤ ᠲᠡᠭᠡᠳᠤ ᠰᠤᠷᠭᠠᠭᠤᠯᠢ᠂ ᠵᠡᠬᠦᠨ ᠡᠮᠤᠨᠡᠳᠤ  ᠎ ᠶᠢᠨ  ᠶᠡᠭᠡ  ᠰᠤᠷᠭᠠᠭᠤᠯᠢ  ᠵᠡᠷᠭᠡ‌ᠨᠡᠶᠢᠳᠡ 18 ᠲᠡᠭᠡᠳᠤ ᠰᠤᠷᠭᠠᠭᠤᠯᠢ ᠶᠢᠨ ᠵᠢᠩᠬᠢᠨᠢ ᠠᠩᠬᠢ《ᠰᠦᠯᠵᠢᠶᠡᠨ ᠤ ᠤᠷᠤᠨ ᠵᠠᠢ  ᠎ ᠶᠢᠨ  ᠠᠮᠤᠷ  ᠲᠦᠪᠰᠢᠨ》  ‍ᠤ‌‍ᠲ᠋ᠤᠰᠬᠠᠢ ᠮᠡᠷᠭᠡᠵᠢᠯ ᠢ ᠨᠡᠭᠡᠭᠡᠵᠤ᠂ ᠲᠤᠮᠳᠠᠳᠤ ᠡᠮᠤᠨᠡᠳᠤ ᠶᠢᠨ ᠡᠳ᠋ ᠤᠨ ᠵᠠᠰᠠᠭ  ᠠᠵᠤ  ᠠᠬᠤᠢ  ᠪᠠ  ᠤᠯᠤᠰ  ᠲᠦᠷᠤ  ᠬᠠᠤᠯᠢ‌‍ᠴᠠᠭᠠᠵᠠ ᠶᠢᠨ ᠶᠡᠭᠡ ᠰᠤᠷᠭᠠᠭᠤᠯᠢ᠂ ᠪᠠᠷᠠᠭᠤᠨ ᠡᠮᠤᠨᠡᠳᠤ ᠶᠢᠨ ᠶᠡᠭᠡ ᠰᠤᠷᠭᠠᠭᠤᠯᠢ ᠵᠡᠷᠭᠡ 16 ᠲᠡᠭᠡᠳᠤ ᠰᠤᠷᠭᠠᠭᠤᠯᠢ 《ᠮᠡᠳᠡᠭᠡ‌ᠵᠠᠩᠬᠢ ᠶᠢᠨ ᠠᠮᠤᠷ ᠲᠦᠪᠰᠢᠨ》᠎ ᠤ ᠲᠤᠰᠬᠠᠢ ᠮᠡᠷᠭᠡᠵᠢᠯ ᠢ ᠨᠡᠮᠡᠨ ᠨᠡᠭᠡᠭᠡᠵᠠᠢ᠃        ︽ᠰᠢᠯᠭᠠᠯᠳᠠ ᠶᠢᠨ ᠮᠠᠩᠯᠠᠢ︾ ︽ᠰᠤᠷᠭᠠᠭᠤᠯᠢ ᠲᠡᠪᠰᠢᠭᠰᠡᠨ ᠨᠤᠷᠮ᠎ᠠ︾᠎ ᠶᠢ ᠶᠡᠭᠡ ᠪᠠᠷ ᠬᠥᠭᠡᠷᠭᠡᠳᠡᠬᠦ ᠶᠢ ᠲᠠᠰᠤ ᠴᠠᠭᠠᠵᠠᠯᠠᠨ᠎ᠠ        ᠦᠩᠭᠡᠷᠡᠭᠰᠡᠨ ᠵᠢᠯ ᠤᠳ ᠲᠤ᠂ ᠲᠡᠭᠡᠳᠤ ᠰᠤᠷᠭᠠᠭᠤᠯᠢ ᠳᠤ ᠰᠤᠷᠤᠭᠴᠢ ᠡᠯᠰᠡᠬᠦ ᠰᠢᠯᠭᠠᠯᠲᠠ ᠶᠢᠨ ᠬᠢᠷᠢ ᠪᠦᠳᠤᠮᠵᠢ  ᠵᠢ‌ᠨᠡᠶᠢᠳᠡᠯᠡᠮᠡᠭᠴᠠ ᠨᠡᠶᠢᠭᠡᠮ ᠲᠡᠭᠡᠷ᠎ᠡ《ᠰᠢᠯᠭᠠᠯᠳᠠ ᠶᠢᠨ ᠮᠠᠩᠯᠠᠢ》《ᠰᠤᠷᠭᠠᠭᠤᠯᠢ ᠲᠡᠪᠰᠢᠭᠰᠡᠨ ᠨᠤᠷᠮ᠎ᠠ︾᠎ ᠶᠢ  ᠶᠡᠭᠡ  ᠪᠡᠷ‌‍ᠬᠥ᠋ᠭᠡᠷᠭᠡᠳᠡᠬᠦ ᠦᠵᠡᠭᠳᠡᠯ ᠶᠡᠭᠡ ᠪᠠᠷ ᠰᠠᠮᠠᠭᠤᠷᠠᠳᠠᠭ ᠪᠠᠶᠢᠪᠠ᠂ ᠡᠬᠦᠨ ᠠᠴᠠ ᠪᠤᠯᠤᠭᠰᠠᠨ ᠨᠠᠵᠠᠭᠠᠢ ᠲᠠᠯ᠎ᠠ ᠶᠢᠨ ᠨᠦᠯᠤᠭᠡ  ᠎ ᠨᠢ  ᠴᠦ‌ᠨᠡᠶᠢᠭᠡᠮ ᠨᠡᠶᠢᠳᠡ ᠶᠢᠨ ᠠᠩᠬᠠᠷᠤᠯ ᠢ ᠶᠡᠭᠡ ᠪᠠᠷ ᠲᠠᠳᠠᠵᠤ ᠪᠠᠶᠢᠨ᠎ᠠ᠃        ᠡᠨᠡ ᠵᠢᠯ ᠤᠨ 3 ᠰᠠᠷ᠎ᠠ ᠳᠤ᠂ ᠰᠤᠷᠭᠠᠨ ᠬᠥᠮᠤᠵᠢᠯ ᠤᠨ ᠶᠠᠮᠤᠨ ᠤ ᠲᠠᠷᠤᠮᠠᠯᠯᠠᠨ ᠲᠠᠷᠬᠠᠭᠠᠭᠰᠠᠨ《2018 ᠤᠨ ‍ᠤ‌ᠡᠩ ᠤᠨ ᠲᠡᠭᠡᠳᠤ ᠰᠤᠷᠭᠠᠭᠤᠯᠢ ᠶᠢᠨ ᠰᠤᠷᠤᠭᠴᠢ ᠡᠯᠰᠡᠬᠦ ᠠᠵᠢᠯ ᠢ ᠰᠠᠶᠢᠳᠤᠷ ᠬᠢᠬᠦ ᠲᠤᠬᠠᠢ ᠮᠡᠳᠡᠭᠳᠡᠯ︾᠎ ᠳᠤ᠂《ᠰᠢᠯᠭᠠᠯᠳᠠ‌ᠵᠢᠨ ᠮᠠᠩᠯᠠᠢ》《ᠰᠤᠷᠭᠠᠭᠤᠯᠢ ᠲᠡᠪᠰᠢᠭᠰᠡᠨ ᠨᠤᠷᠮ᠎ᠠ》 ᠭᠡᠳᠡᠭ ᠢ ᠤᠬᠠᠭᠤᠯᠵᠤ ᠬᠥᠭᠡᠷᠭᠡᠳᠡᠬᠦ  ᠦᠭᠡᠢ  ᠭᠡᠵᠤ  ᠲᠤᠷᠠᠳᠤᠨ‌ᠭᠠᠷᠭᠠᠵᠠᠢ᠃        ᠲᠡᠬᠦᠨ ᠠᠴᠠ ᠰᠡᠬᠦᠯᠡᠷ᠂ 5 ᠰᠠᠷ᠎ᠠ ᠶᠢᠨ 8᠎ ᠤ ᠡᠳᠤᠷ᠂ ᠰᠤᠷᠭᠠᠨ  ᠬᠥᠮᠤᠵᠢᠯ  ᠎ ᠤᠨ  ᠶᠠᠮᠤᠨ  ᠎ ᠠᠴᠠ  ᠤᠯᠤᠰ  ‍ᠤᠨ‌‍ᠰᠤᠷᠭᠠᠨ ᠬᠥᠮᠤᠵᠢᠯ ᠤᠨ ᠨᠢᠭᠡᠳᠤᠯᠳᠠᠢ ᠰᠢᠯᠭᠠᠯᠳᠠ ᠶᠢᠨ ᠠᠵᠢᠯ ᠤᠨ ᠶᠠᠮᠤᠨ  ᠎ ᠤ  ᠬᠤᠭᠤᠷᠤᠨᠳᠤᠬᠢ  ᠬᠤᠯᠪᠤᠭᠠᠳᠤ  ᠬᠤᠷᠠᠯ  ‍ᠤᠨ‌‍ᠪᠦ᠋ᠷᠢᠯᠳᠤᠬᠦᠨ ᠨᠢᠭᠡᠴᠡ ᠲᠠᠢ ᠬᠠᠮᠳᠤᠷᠠᠨ ᠬᠤᠷᠠᠯᠳᠤᠭᠤᠯᠤᠭᠰᠠᠨ ᠲᠧᠯᠸᠢᠰ ᠳ᠋ᠢᠶᠠᠩᠬᠤᠸᠠ ᠶᠢᠨ ᠬᠤᠷᠠᠯᠳᠤᠭᠠᠨ ᠲᠡᠭᠡᠷ᠎ᠡ᠂  ᠰᠤᠷᠭᠠᠨ‌‍ᠬᠥ᠋ᠮᠤᠵᠢᠯ ᠤᠨ ᠶᠠᠮᠤᠨ ᠤ ᠨᠠᠮ ᠤᠨ ᠤᠳᠤᠷᠢᠳᠬᠤ  ᠲᠤᠭᠤᠶᠢᠯᠠᠩ  ᠎ ᠤᠨ  ᠱᠦᠵᠢ᠂  ᠰᠠᠶᠢᠳ  ᠴᠧᠨ  ᠪᠤᠤ  ᠱᠧᠩ  ᠲᠠᠬᠢᠨᠳᠠ‌‍ᠴᠢᠬᠤᠯᠠᠴᠢᠯᠠᠬᠤ  ᠎ ᠳᠠᠭᠠᠨ᠂《ᠰᠢᠯᠭᠠᠯᠳᠠ  ᠎ ᠶᠢᠨ  ᠮᠠᠩᠯᠠᠢ》《ᠰᠤᠷᠭᠠᠭᠤᠯᠢ  ᠲᠡᠪᠰᠢᠭᠰᠡᠨ  ᠨᠤᠷᠮ᠎ᠠ︾᠎ ᠶᠢ  ᠶᠡᠭᠡ  ᠪᠡᠷ‌‍ᠬᠥ᠋ᠭᠡᠷᠭᠡᠳᠡᠬᠦ ᠶᠢ ᠲᠠᠰᠤ ᠴᠠᠭᠠᠵᠠᠯᠠᠨ᠎ᠠ᠂ ᠡᠶᠢᠮᠤ ᠪᠠᠶᠢᠳᠠᠯ ᠢ ᠤᠯᠵᠤ ᠮᠡᠳᠡᠪᠡᠯ ᠴᠢᠩᠭ᠎ᠠ ᠰᠢᠢᠳᠪᠤᠷᠢᠯᠡᠨ᠎ᠠ ᠭᠡᠵᠠᠢ᠃        ᠡᠬᠦᠨ ᠤ ᠵᠡᠷᠭᠡ ᠳᠤ᠂ ᠰᠤᠷᠪᠤᠯᠵᠢᠯᠠᠭᠴᠢ ᠤᠯᠵᠤ ᠮᠡᠳᠡᠭᠰᠡᠨ ᠨᠢ᠂ ᠤᠯᠠᠨ ᠭᠠᠵᠠᠷ ᠤᠨ ᠬᠢᠨ《ᠲᠡᠭᠡᠳᠤ ᠰᠤᠷᠭᠠᠭᠤᠯᠢ‌‍ᠳᠥ ᠰᠤᠷᠤᠭᠴᠢ ᠡᠯᠰᠡᠬᠦ ᠰᠢᠯᠭᠠᠯᠲᠠ ᠶᠢᠨ ᠮᠠᠩᠯᠠᠢ》᠎ ᠶᠢ ᠤᠬᠠᠭᠤᠯᠵᠤ ᠬᠥᠭᠡᠷᠭᠡᠳᠡᠬᠦ ᠠᠰᠠᠭᠤᠳᠠᠯ ᠤᠨ ᠲᠤᠬᠠᠢ ᠪᠠᠶᠢᠷᠢᠯᠠᠭᠤᠯᠤᠯᠳᠡ‌‍ᠬᠢᠪᠠ᠃         ᠢᠷᠡᠯᠳᠡ᠄ ᠠᠷᠠᠳ ᠤᠨ ᠰᠦᠯᠵᠢᠶ᠎ᠡ
 
ᠢᠷᠡᠯᠲᠡ᠄ ᠠᠷᠠᠳ ᠤᠨ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号