| ᠡᠷᠳᠡ ᠣᠷᠢᠳᠣ ᠶᠢᠨ ᠴᠠᠭ ᠲᠤ ᠪᠠᠷᠠᠭᠤᠨ ᠭᠠᠵᠠᠷ ᠠᠴᠠ ᠢᠷᠡᠭᠰᠡᠨ ᠲᠦᠪᠡᠳ ᠮᠠᠶᠢᠮᠠᠶᠢᠴᠢᠨ ᠨᠢᠭᠡ ᠠᠶᠢᠯ ᠳᠤ | ᠬᠤᠨᠤᠬᠤ ᠪᠤᠯᠵᠠᠢ᠃ | ᠳᠠᠷᠠ ᠠᠶᠢᠯ ᠳᠣᠭᠤᠭ᠎ᠠ ᠲᠦᠭᠦᠷᠡᠩ ᠪᠠᠩᠰᠢ ᠴᠢᠨᠠᠵᠦ ᠬᠤᠨᠤᠴᠠ ᠳᠤ ᠦᠭᠭᠦᠭᠰᠡᠨ ᠳᠤ ᠦᠩᠭᠡᠷᠡᠭᠰᠡᠨ ᠳᠤ ᠪᠠᠩᠰᠢ | ᠢᠳᠡᠵᠦ ᠦᠵᠡᠭᠡ ᠦᠭᠡᠢ ᠮᠠᠶᠢᠮᠠᠶᠢᠴᠢᠨ ᠨᠢᠭᠡ ᠪᠠᠩᠰᠢ ᠶᠢ ᠪᠦᠬᠦᠯᠢ ᠪᠠᠷ ᠨᠢ ᠡᠮᠭᠦᠭᠰᠡᠨ ᠴᠢᠨᠢ ᠠᠮᠠ ᠨᠢ ᠬᠠᠯᠠᠵᠤ ᠭᠠᠷᠭᠠᠶ᠎ᠠ | ᠭᠠᠷᠭᠠᠵᠤ ᠴᠢᠳᠠᠬᠤ ᠦᠭᠡᠢ᠂ ᠵᠡᠯᠬᠢᠶᠠ ᠵᠠᠯᠬᠢᠵᠤ ᠴᠢᠳᠠᠬᠤ ᠦᠭᠡᠢ᠂ ᠨᠢᠳᠣᠨ ᠠᠴᠠ ᠪᠠᠨ ᠨᠢᠯᠪᠤᠰᠣ ᠠᠰᠬᠠᠷᠠᠭᠤᠯᠤᠨ ᠪᠠᠶᠢᠵᠠᠢ | ᠃ | ᠭᠡᠷ ᠤᠨ ᠡᠵᠡᠨ ᠰᠠᠨᠳᠣᠷᠴᠣ᠄ ︽ᠬᠦᠶ᠋ᠢ᠂ ᠲᠠ ᠶᠠᠭᠠᠬᠢᠵᠦ ᠪᠠᠶᠢᠨ᠎ᠠ᠂ ᠵᠦᠭᠡᠷ ᠤᠤ︖︾ ᠭᠡᠬᠦ ᠳᠤ ᠮᠠᠶᠢᠮᠠᠶᠢᠴᠢᠨ᠄ | ︽ᠵᠦᠭᠡᠷ ᠵᠦᠭᠡᠷ᠂ ᠡᠶᠢᠮᠣ ᠰᠠᠶᠢᠬᠠᠨ ᠪᠠᠩᠰᠢ ᠢᠳᠡᠬᠦ ᠳᠤ ᠨᠤᠳᠤᠭ ᠮᠢᠨᠢ ᠰᠠᠨᠠᠭᠳᠠᠬᠤ ᠶᠤᠮ ᠳ᠋ᠡ︕︾ ᠭᠡᠳ ᠰᠠᠨᠠᠭ᠎ᠠ | ᠠᠯᠳᠠᠨ ᠨᠢᠯᠪᠤᠰᠣ ᠪᠠᠨ ᠠᠷᠴᠢᠪᠠ᠃ ︽ᠡ ᠬᠦᠭᠡᠷᠦᠬᠦᠢ︕ ᠳᠠᠨ ᠤ ᠨᠤᠳᠤᠭ ᠴᠦ ᠶᠡᠭᠡ ᠯᠡ ᠬᠠᠯᠠᠭᠤᠨ ᠭᠠᠵᠠᠷ ᠪᠠᠶᠢᠬ᠎ᠠ︖ | ︾ ᠭᠡᠵᠦ ᠭᠡᠷ ᠤᠨ ᠡᠵᠡᠨ ᠬᠡᠯᠡᠬᠦ ᠳᠤ ᠮᠠᠶᠢᠮᠠᠶᠢᠴᠢᠨ᠄ ︽ᠳᠠᠶᠢᠮᠤ ᠡ᠂ ᠵᠠᠷᠢᠮ ᠳᠠᠭᠠᠨ ︵ᠫᠦ᠋︶ ᠬᠡᠮᠡᠷ ᠬᠠᠯᠠᠭᠤᠨ ᠰᠢᠦ︾ | ᠭᠡᠳ ᠦᠯᠢᠶᠡᠵᠦ ᠭᠡᠨ᠎ᠡ᠃ |