ᠴᠠᠬᠠᠷ  ᠵᠠᠩ ᠦᠢᠯᠡ  — ᠪᠢᠰᠢᠯᠠᠭ
ᠨᠡᠶᠢᠲᠡᠯᠡᠭᠰᠡᠨ ᠴᠠᠭ᠄
2019/11/19
          ᠪᠢᠰᠢᠯᠠᠭ ᠶᠢ ᠲᠥᠭᠦᠬᠡᠢ ᠰᠦᠨ ᠤ ᠪᠠ ᠪᠣᠯᠣᠭᠰᠠᠨ ᠰᠦᠨ ᠤ ᠭᠡᠵᠦ ᠬᠤᠶᠠᠷ ᠬᠤᠪᠢᠶᠠᠨ᠎ᠠ᠃ ᠲᠣᠭᠤᠭᠠᠨ ᠳᠤ ᠬᠢᠭᠰᠡᠨ ᠡᠭᠡᠳᠡᠭᠰᠡᠨ ᠰᠦᠨ ᠤ ᠪᠠᠨ ᠳᠣᠣᠷ᠎ᠠ ᠠᠴᠠ ᠵᠥᠭᠡᠯᠡᠨ ᠭᠠᠯᠯᠠᠵᠤ ᠰᠢᠷ᠎ᠠ ᠰᠢᠭᠦᠰᠦ ᠶᠢ ᠨᠢ ᠠᠪᠣᠭᠰᠠᠨ ᠤ ᠳᠠᠷᠠᠭ᠎ᠠ᠂ ᠡᠭᠡᠳᠡᠮ ᠢ ᠨᠢ ᠨᠣᠬᠤᠬᠤ ᠦᠭᠡᠢ ᠪᠠᠷ ᠰᠢᠭᠦᠨ ᠠᠪᠴᠤ᠂ ᠰᠡᠶᠢᠮᠡᠬᠡᠢ ᠴᠠᠭᠠᠨ ᠪᠥᠰ ᠲᠤ ᠳᠥᠷᠪᠡᠯᠵᠢᠨ ᠣᠷᠢᠶᠠᠵᠤ᠂ ᠴᠢᠯᠠᠭᠤ ᠎ ᠪᠠᠷ ᠳᠠᠷᠣᠨ ᠰᠢᠭᠦᠰᠦ ᠶᠢ ᠨᠢ ᠰᠢᠪᠬᠠᠷᠣᠨ ᠡᠭᠰᠢᠭᠡᠨ᠎ᠡ᠃ ᠡᠭᠦᠨ ᠢ ᠪᠢᠰᠢᠯᠠᠭ ᠳᠠᠷᠣᠬᠤ ᠭᠡᠨ᠎ᠡ᠃ ᠭᠠᠰᠢᠯᠣᠭᠰᠠᠨ ᠰᠦ ᠪᠠᠨ ᠵᠥᠭᠡᠯᠡᠨ ᠭᠠᠯ ᠢᠶᠠᠷ ᠬᠥᠰᠢᠭᠡᠵᠦ᠂ ᠡᠭᠡᠳᠡᠮ ᠢ ᠨᠢ ᠰᠢᠭᠦᠨ ᠠᠪᠴᠤ ᠳᠠᠷᠣᠭᠰᠨ ᠢ ᠲᠦᠭᠦᠬᠡᠢ ᠰᠦᠨ ᠪᠢᠰᠢᠯᠠᠭ ᠭᠡᠨ᠎ᠡ᠃ ᠥᠷᠦᠮ᠎ᠡ ᠬᠥᠭᠡᠷᠦᠭᠦᠯᠦᠭᠰᠡᠨ ᠰᠦ ᠪᠠᠨ ᠳᠠᠬᠢᠨ ᠬᠠᠯᠠᠭᠠᠵᠤ ᠡᠭᠡᠳᠡᠭᠦᠯᠦᠭᠰᠡᠨ ᠤ ᠳᠠᠷᠠᠭ᠎ᠠ ᠰᠢᠭᠦᠨ ᠠᠪᠴᠤ ᠳᠠᠷᠣᠭᠰᠠᠨ ᠪᠢᠰᠢᠯᠠᠭ ᠢ ᠪᠣᠯᠣᠭᠰᠠᠨ ᠰᠦᠨ ᠪᠢᠰᠢᠯᠠᠭ ᠭᠡᠨ᠎ᠡ᠃ ᠡᠶᠢᠮᠦ ᠪᠢᠰᠢᠯᠠᠭ ᠨᠢ ᠢᠳᠡᠬᠦ ᠳᠤ ᠵᠥᠭᠡᠯᠡᠨ ᠪᠥᠭᠡᠳ ᠡᠶᠡᠷᠲᠡᠢ᠃ ᠴᠠᠬᠠᠷ ᠳᠤ ᠴᠢᠯᠠᠭᠤᠨ ᠳᠤ ᠳᠠᠷᠣᠭᠰᠠᠨ ᠪᠢᠰᠢᠯᠠᠭ ᠢᠶᠠᠨ ᠨᠣᠶᠢᠲᠠᠨ ᠳᠡᠭᠡᠷ᠎ᠡ ᠨᠢ ᠬᠢᠯᠭᠠᠰᠤ ᠪᠠᠷ ᠵᠦᠰᠦᠵᠦ ᠨᠢᠮᠬᠡᠨ ᠬᠠᠪᠲᠠᠭᠠᠢ ᠪᠣᠶᠤ ᠵᠢᠵᠢᠭ ᠳᠥᠷᠪᠡᠯᠵᠢᠨ ᠪᠣᠯᠭᠠᠵᠤ ᠬᠠᠲᠠᠭᠠᠨ᠎ᠠ᠃ ᠭᠦᠢᠴᠡᠳ ᠬᠠᠲᠠᠭᠠᠭᠰᠠᠨ ᠪᠢᠰᠢᠯᠠᠭ ᠨᠢ ᠬᠢᠯᠪᠠᠷᠬᠠᠨ ᠢᠯᠵᠠᠷᠠᠬᠤ ᠦᠭᠡᠢ᠂ ᠤᠳᠠᠭᠠᠨ ᠬᠠᠳᠠᠭᠠᠯᠠᠬᠤ ᠶᠢ ᠳᠠᠭᠠᠭᠠᠳᠠᠭ᠃         ᠢᠷᠡᠯᠳᠡ᠄ ︽ᠴᠠᠬᠠᠷ ᠵᠠᠩ ᠦᠢᠯᠡ︾ ᠭᠡᠬᠦ ᠨᠤᠮ ᠠᠴᠠ ᠮᠠᠶᠢᠯᠠᠰᠣ ᠰᠡᠶᠢᠷᠡᠬᠦᠯᠪᠡ
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号