ᠴᠠᠬᠠᠷ  ᠵᠠᠩ ᠦᠢᠯᠡ  —ᠲᠥᠳ᠋
ᠨᠡᠶᠢᠲᠡᠯᠡᠭᠰᠡᠨ ᠴᠠᠭ᠄
2019/11/19
          ᠲᠥᠳ᠋ ᠭᠡᠬᠦ ᠡᠷᠲᠡ ᠦᠶ᠎ᠡ ᠶᠢᠨ ᠴᠠᠭᠠᠨ ᠢᠳᠡᠭᠡᠨ ᠤ ᠤᠯᠠᠮᠵᠢᠯᠠᠯᠲᠤ ᠪᠥᠲᠦᠭᠡᠭᠳᠡᠭᠦᠨ ᠢ ᠴᠠᠬᠠᠷᠴᠤᠳ ᠥᠨᠥᠳᠦᠷ ᠪᠣᠯᠲᠠᠯ᠎ᠠ ᠳᠠᠰᠣᠯᠳᠠᠭᠤᠯᠣᠯ ᠦᠭᠡᠢ ᠤᠯᠠᠮᠵᠢᠯᠠᠨ ᠬᠢᠵᠦ ᠪᠠᠶᠢᠭ᠎ᠠ ᠶᠤᠮ᠃ ᠲᠡᠷᠡ ᠨᠢ ᠲᠥᠪᠡᠳ ᠤᠨ ᠪᠣᠷᠬᠠᠨ ᠤ ᠳᠠᠬᠢᠯ ᠠᠴᠠ ᠢᠷᠡᠯ ᠲᠠᠢ᠃            ᠲᠥᠳ᠋ ᠬᠢᠬᠦ ᠳᠤ ᠰᠢᠷ᠎ᠠ ᠳᠣᠰᠤ᠂ ᠭᠤᠯᠢᠷ᠂ ᠡᠯᠡᠰᠦᠨ ᠰᠢᠬᠢᠷ᠂ ᠴᠥᠴᠦᠬᠡᠢ᠂ ᠬᠠᠭᠤᠷᠣᠭᠰᠠᠨ ᠪᠣᠳᠠᠭ᠎ᠠ᠂ ᠮᠥᠰᠦᠨ ᠰᠢᠬᠢᠷ᠂ ᠦᠵᠦᠮ ᠵᠡᠷᠭᠡ ᠶᠢ ᠬᠡᠷᠡᠭᠯᠡᠳᠡᠭ᠃ ᠰᠢᠷ᠎ᠠ ᠲᠣᠰᠤ᠂ ᠴᠥᠴᠦᠭᠡᠢ ᠪᠣᠯ ᠲᠣᠲᠠᠭᠳᠠᠵᠤ ᠪᠣᠯᠣᠰᠢ ᠦᠭᠡᠢ ᠶᠣᠮ᠃            ᠲᠥᠳ᠋ ᠬᠢᠬᠦ ᠳᠤ ᠣᠷᠢᠳ ᠢᠶᠠᠷ ᠴᠠᠭᠠᠨ ᠭᠤᠯᠢᠷ ᠢᠶᠠᠨ ᠪᠥᠰ ᠳᠡᠭᠡᠷ᠎ᠡ ᠠᠰᠬᠠᠵᠣ ᠵᠢᠩᠨᠠᠨ ᠪᠣᠯᠭᠤᠭᠠᠳ ᠬᠠᠶᠢᠯᠣᠭᠤᠯᠣᠭᠰᠠᠨ ᠴᠥᠴᠦᠭᠡᠢ ᠲᠠᠢ ᠪᠠᠨ ᠨᠡᠶᠢᠯᠡᠭᠦᠯᠦᠨ ᠨᠤᠬᠤᠵᠤ᠂ ᠳᠡᠭᠡᠷ᠎ᠡ ᠨᠢ ᠰᠢᠷ᠎ᠠ ᠳᠣᠰᠤ᠂ ᠡᠯᠡᠰᠦᠨ ᠰᠢᠬᠢᠷ ᠪᠣᠶᠤ ᠳᠠᠯᠠᠭᠳᠠᠭᠰᠠᠨ ᠮᠥᠰᠦᠨ ᠰᠢᠬᠢᠷ ᠵᠡᠷᠭᠡ ᠶᠢ ᠬᠢᠵᠦ ᠰᠠᠶᠢᠲᠣᠷ ᠨᠡᠶᠢᠴᠡᠭᠦᠯᠦᠨ ᠪᠠᠵᠠᠭᠠᠭᠰᠠᠨ ᠤ ᠳᠠᠷᠠᠭ᠎ᠠ᠂ ᠠᠳᠠᠯᠢ ᠪᠣᠰᠤ ᠶᠢᠨ ᠵᠢᠷᠤᠭ ᠳᠥᠷᠰᠦ ᠲᠠᠢ ᠵᠢᠵᠢᠭ ᠬᠤᠷᠣᠭᠤᠪᠴᠢᠨ ᠬᠡᠪ ᠲᠤ ᠬᠡᠪᠯᠡᠨ ᠭᠠᠷᠭᠠᠵᠤ ᠥᠩᠭᠡᠨ ᠲᠠᠯ᠎ᠠ ᠳᠤ ᠨᠢ ᠤᠯᠠᠭᠠᠨ ᠪᠣᠶᠤ ᠥᠩᠭᠡ ᠶᠢᠨ ᠪᠣᠳᠤᠭ ᠲᠠᠯᠪᠢᠵᠣ ᠬᠠᠲᠠᠭᠠᠨ᠎ᠠ᠃            ᠪᠠᠰᠠ ᠨᠢᠭᠡ ᠬᠢᠬᠦ ᠠᠷᠭ᠎ᠠ ᠨᠢ ᠬᠡᠪ ᠤᠨ ᠬᠤᠷᠣᠳ ᠢ ᠬᠡᠮᠬᠡᠯᠦᠨ ᠲᠠᠯᠬ᠎ᠠ ᠪᠣᠯᠭᠠᠭᠠᠳ᠂ ᠳᠡᠭᠡᠷ᠎ᠡ ᠨᠢ ᠬᠠᠭᠤᠷᠣᠭᠰᠠᠨ ᠪᠣᠳᠠᠭ᠎ᠠ ᠨᠡᠮᠡᠵᠦ᠂ ᠴᠥᠴᠦᠭᠡᠢ ᠪᠠᠨ ᠨᠣᠬᠤᠵᠤ ᠰᠢᠷ᠎ᠠ ᠳᠣᠰᠤ ᠪᠠ ᠥᠪᠡᠷ ᠤᠨ ᠳᠣᠷᠠᠲᠠᠢ ᠠᠮᠲᠠᠲᠠᠨ ᠢᠶᠠᠨ ᠨᠡᠮᠡᠵᠦ ᠬᠡᠪᠯᠡᠨ ᠭᠠᠷᠭᠠᠨ᠎ᠠ᠃            ᠭᠤᠷᠪᠠᠳᠡᠬᠢ ᠬᠢᠬᠦ ᠠᠷᠭ᠎ᠠ ᠨᠢ ᠴᠠᠭᠠᠨ ᠪᠣᠳᠠᠭ᠎ᠠ ᠪᠣᠶᠤ ᠬᠤᠨᠤᠭ ᠪᠣᠳᠠᠭ᠎ᠠ ᠶᠢ ᠠᠭᠰᠢᠭᠠᠵᠤ᠂ ᠳᠠᠬᠢᠨ ᠴᠦᠴᠦᠭᠡᠢ ᠲᠠᠢ ᠪᠠᠨ ᠬᠤᠯᠢᠨ ᠨᠣᠬᠤᠵᠤ᠂ ᠳᠡᠭᠡᠷ᠎ᠡ ᠨᠢ ᠣᠬᠢᠶᠠᠵᠤ ᠳᠡᠪᠲᠦᠭᠡᠭᠰᠡᠨ ᠦᠵᠦᠮ᠂ ᠰᠢᠬᠢᠷ ᠢ ᠰᠢᠷ᠎ᠠ ᠳᠣᠰᠤ ᠎ ᠲᠠᠢ ᠨᠡᠶᠢᠴᠡᠭᠦᠯᠵᠦ ᠨᠢᠭᠡ ᠴᠣᠭᠴᠠ ᠪᠣᠯᠭᠠᠨ ᠬᠡᠪᠯᠡᠵᠦ ᠭᠠᠷᠭᠠᠨ᠎ᠠ᠃            ᠲᠥᠳ᠋ ᠤᠨ ᠬᠡᠪ ᠢ ᠲᠣᠭᠤᠷ ᠬᠡᠯᠪᠡᠷᠢ᠂ ᠨᠡᠪᠴᠢᠨ ᠤ ᠬᠡᠯᠪᠡᠷᠢ᠂ ᠲᠣᠭᠤᠷᠢᠭ ᠬᠡᠯᠪᠡᠷᠢ᠂ ᠮᠣᠩᠭᠤᠯ ᠦᠰᠦᠭ ᠰᠡᠶᠢᠯᠦᠭᠰᠡᠨ ᠬᠡᠯᠪᠡᠷᠢ ᠵᠡᠷᠭᠡ ᠣᠯᠠᠨ ᠶᠠᠩᠵᠤ ᠮᠠᠶ᠋ᠢᠭ ᠢᠶᠠᠷ ᠬᠢᠳᠡᠭ᠃ ᠳᠡᠭᠡᠬᠦ ᠳᠡᠭᠡᠨ ᠬᠡᠪ ᠤᠨ ᠶᠡᠭᠡ ᠪᠠᠭ᠎ᠠ ᠶᠢ ᠶᠡᠷᠦᠩᠬᠡᠢ ᠎ ᠳᠡᠭᠡᠨ ᠬᠤᠨᠳᠠᠭᠠᠨ ᠤ ᠠᠮᠠᠰᠠᠷ ᠬᠢᠷᠢ ᠳᠤ ᠬᠢᠵᠠᠭᠠᠷᠯᠠᠳᠠᠭ᠃ ᠡᠭᠦᠨ ᠠᠴᠠ ᠶᠡᠬᠡᠳᠪᠡᠯ ᠨᠠᠷᠢᠯᠢᠭ ᠬᠡᠭᠡᠨᠴᠢᠷ ᠰᠢᠨᠵᠢ ᠪᠠᠨ ᠠᠯᠳᠠᠳᠠᠭ᠃           ᠢᠷᠡᠯᠳᠡ᠄ ︽ᠴᠠᠬᠠᠷ ᠵᠠᠩ ᠦᠢᠯᠡ︾ ᠭᠡᠬᠦ ᠨᠤᠮ ᠠᠴᠠ ᠮᠠᠶᠢᠯᠠᠰᠣ ᠰᠡᠶᠢᠷᠡᠬᠦᠯᠪᠡ
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号