ᠴᠠᠬᠠᠷ  ᠵᠠᠩ ᠦᠢᠯᠡ  —ᠥᠷᠦᠮ᠎ᠡ
ᠨᠡᠶᠢᠲᠡᠯᠡᠭᠰᠡᠨ ᠴᠠᠭ᠄
2019/11/19
         ᠥᠷᠦᠮ᠎ᠡ ᠬᠥᠭᠡᠷᠦᠭᠦᠯᠬᠦ ᠳᠤ ᠰᠦ ᠪᠠᠨ ᠲᠣᠭᠤᠭᠠᠨ ᠳᠤ ᠬᠢᠵᠦ ᠭᠠᠯ ᠢᠶᠠᠨ ᠶᠡᠬᠡᠳᠴᠦ ᠪᠠᠭᠠᠳᠠᠬᠤ ᠶᠢ ᠰᠠᠶᠢᠲᠣᠷ ᠠᠩᠬᠠᠷᠴᠤ᠂ ᠰᠦ ᠳᠡᠪᠡᠷᠡᠭᠰᠡᠨ ᠤ ᠳᠠᠷᠠᠭ᠎ᠠ ᠣᠯᠠᠨᠳᠠ ᠰᠠᠮᠣᠷᠴᠤ ᠬᠥᠭᠡᠰᠦᠷᠡᠭᠦᠯᠬᠦ ᠳᠤ ᠳᠡᠭᠡᠷ᠎ᠡ ᠳᠠᠪᠬᠤᠷᠭ᠎ᠠ ᠳᠤᠨᠢ ᠵᠣᠵᠠᠭᠠᠷᠠᠨ ᠴᠣᠬᠤᠷᠯᠠᠭᠰᠠᠨ ᠬᠥᠷᠦᠰᠦᠯᠢᠭ ᠳᠣᠰᠤᠲᠣ ᠳᠠᠪᠬᠤᠷᠭ᠎ᠠ ᠪᠥᠷᠢᠯᠳᠦᠨ ᠳᠣᠭᠲᠠᠳᠠᠭ ᠢ ᠥᠷᠦᠮ᠎ᠡ ᠭᠡᠨ᠎ᠡ᠃          ᠥᠷᠦᠮ᠎ᠡ ᠬᠥᠭᠡᠷᠦᠭᠦᠯᠬᠦ ᠳᠤ ᠰᠦ ᠪᠠᠨ ᠳᠠᠰᠣᠷᠠᠯᠲᠠ ᠦᠭᠡᠢ ᠰᠠᠮᠣᠷᠣᠨ ᠳᠠᠪᠬᠤᠷᠭ᠎ᠠ ᠨᠢ ᠵᠣᠵᠠᠭᠠᠷᠠᠬᠤ ᠶᠢ ᠠᠩᠬᠠᠷᠴᠤ᠂ ᠨᠠᠭᠠᠯᠳᠣᠭᠰᠠᠨ ᠬᠥᠪᠡᠭᠡ ᠶᠢ ᠨᠢ ᠬᠤᠰᠣᠭᠤᠷ ᠢᠶᠠᠷ ᠲᠣᠭᠤᠷᠢᠭᠤᠯᠣᠨ ᠪᠠᠭᠤᠯᠭᠠᠵᠤ᠂ ᠲᠥᠭᠦᠬᠡᠢ ᠰᠦ ᠠᠬᠢᠨ ᠳᠠᠬᠢᠨ ᠨᠡᠮᠡᠨ᠎ᠡ᠃ ᠶᠡᠷᠦᠩᠬᠡᠢ ᠳᠡᠭᠡᠨ ᠰᠦ ᠨᠡᠮᠡᠬᠦ ᠪᠠ ᠭᠠᠯ ᠤᠨ ᠬᠦᠴᠦ ᠬᠤᠶᠠᠷ ᠳᠣᠬᠢᠷᠠᠯᠴᠠᠪᠠᠯ ᠵᠣᠵᠠᠭᠠᠨ ᠥᠷᠦᠮ᠎ᠡ ᠰᠠᠭᠤᠳᠠᠭ᠃ ᠬᠥᠭᠡᠷᠦᠭᠦᠯᠦᠭᠰᠡᠨ ᠥᠷᠦᠮ᠎ᠡ ᠪᠠᠨ ᠵᠠᠪᠠᠯ ᠰᠡᠷᠢᠭᠦᠨ ᠭᠠᠵᠠᠷ ᠬᠤᠨᠣᠭᠤᠳᠠ ᠲᠠᠯᠪᠢᠵᠤ ᠴᠠᠷᠴᠠᠭᠠᠵᠤ ᠠᠪᠳᠠᠭ᠃ ᠬᠤᠨᠢ ᠢᠮᠠᠭᠠᠨ ᠤ ᠰᠦ ᠪᠠᠷ ᠬᠥᠭᠡᠷᠦᠭᠦᠯᠦᠭᠰᠡᠨ ᠥᠷᠦᠮ᠎ᠡ ᠨᠢ ᠴᠠᠷᠴᠠᠳᠠᠭ ᠦᠭᠡᠢ ᠪᠣᠯᠬᠤᠷ ᠬᠠᠮᠣᠵᠤ ᠠᠪᠳᠠᠭ᠃ ᠥᠷᠦᠮ᠎ᠡ  ᠨᠢ ᠪᠡᠶ᠎ᠡ ᠶᠢᠨ ᠢᠯᠴᠢ ᠶᠢ ᠨᠡᠮᠡᠭᠳᠡᠭᠦᠯᠵᠦ᠂ ᠲᠠᠮᠢᠷ ᠢ ᠲᠡᠵᠢᠭᠡᠨ᠂ ᠵᠢᠷᠦᠬᠡᠨ ᠲᠠᠮᠢᠷ ᠢ ᠲᠥᠯᠦᠵᠢᠭᠦᠯᠳᠡᠭ᠃ ᠢᠷᠡᠯᠳᠡ᠄ ︽ᠴᠠᠬᠠᠷ ᠵᠠᠩ ᠦᠢᠯᠡ︾ ᠭᠡᠬᠦ ᠨᠤᠮ ᠠᠴᠠ ᠮᠠᠶᠢᠯᠠᠰᠣ ᠰᠡᠶᠢᠷᠡᠬᠦᠯᠪᠡ
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号