ᠴᠠᠬᠠᠷ ᠨᠠᠢᠮᠠᠨ ᠬᠤᠰᠢᠭᠤᠨ ᠤ ᠵᠠᠳᠠᠷᠠᠯ
ᠨᠡᠶᠢᠲᠡᠯᠡᠭᠰᠡᠨ ᠴᠠᠭ᠄
2019/11/20
         ᠴᠠᠬᠠᠷ ᠯᠢᠭᠳᠡᠨ ᠬᠠᠭᠠᠨ ᠬᠥᠬᠡᠨᠠᠭᠤᠷ ᠤᠨ ᠰᠢᠷ᠎ᠠ ᠲᠠᠯ᠎ᠠ ᠳᠤ ᠡᠪᠡᠳᠴᠢᠨ ᠢᠶᠠᠷ ᠨᠠᠰᠤ ᠪᠠᠷᠠᠭᠰᠠᠨ ᠤ ᠳᠠᠷᠠᠭ᠎ᠠ᠂ ᠴᠢᠩ ᠤᠯᠤᠰ ᠤᠨ ᠪᠥᠬᠦ ᠴᠡᠷᠢᠭ ᠪᠥᠬᠦ ᠮᠣᠩᠭᠤᠯ ᠤᠯᠣᠰ ᠢ ᠳᠠᠶᠢᠯᠠᠨ ᠳᠠᠭᠠᠭᠤᠯᠵᠤ᠂ ᠮᠣᠩᠭᠤᠯ ᠬᠦᠮᠦᠨ ᠤ ᠠᠯᠢ ᠣᠯᠠᠨ ᠵᠠᠰᠠᠭ ᠵᠠᠬᠢᠷᠭᠠᠨ ᠤ ᠬᠠᠮᠢᠶᠠᠷᠣᠯᠲᠠ ᠶᠢᠨ ᠵᠠᠭᠪᠣᠷ ᠢ ᠡᠪᠳᠡᠨ᠂ ᠮᠣᠩᠭᠤᠯ ᠣᠷᠣᠨ ᠳᠤ ᠬᠤᠰᠢᠭᠤ ᠴᠢᠭᠤᠯᠭᠠᠨ ᠤ ᠳᠥᠷᠢᠮ ᠢ ᠬᠡᠷᠡᠭᠵᠢᠭᠦᠯᠪᠡ᠃ ᠲᠡᠭᠡᠬᠦ ᠳᠡᠭᠡᠨ ᠲᠡᠳᠡ ᠪᠥᠬᠦ ᠮᠣᠩᠭᠤᠯ ᠤᠨ ᠡᠰᠡᠷᠭᠦᠴᠡᠯ ᠢ ᠪᠥᠷᠢᠮᠦᠰᠦᠨ ᠳᠠᠷᠣᠩᠭᠤᠶᠢᠯᠠᠶ᠎ᠠ ᠭᠡᠪᠡᠯ ᠤᠷᠢᠳ ᠎ ᠢᠶᠠᠷ ᠬᠠᠭᠠᠨ ᠲᠥᠪᠯᠡᠵᠦ ᠪᠠᠶᠢᠭᠰᠠᠨ ᠴᠠᠬᠠᠷ ᠤᠨ ᠡᠰᠡᠷᠭᠦᠴᠡᠯ ᠢ ᠲᠣᠶᠢᠯᠪᠦᠷᠢᠲᠠᠢ ᠪᠣᠲᠠ ᠨᠢᠷᠭᠡᠬᠦ ᠬᠡᠷᠡᠭᠲᠡᠢ ᠭᠡᠳᠡᠭ ᠢ ᠭᠦᠢᠴᠡᠳ ᠣᠶᠢᠯᠭᠠᠵᠤ ᠪᠠᠶᠢᠭᠰᠠᠨ ᠶᠣᠮ᠃ ᠲᠡᠭᠡᠭᠡᠳ ᠴᠠᠬᠠᠷ ᠮᠣᠩᠭᠤᠯᠴᠣᠳ ᠢ ᠮᠥᠴᠢᠯᠡᠨ ᠰᠠᠯᠭᠠᠬᠤ᠂ ᠡᠯᠡᠰᠦ ᠬᠤᠯᠢᠬᠤ᠂ ᠬᠡᠰᠡᠭᠯᠡᠨ ᠵᠠᠬᠢᠷᠬᠤ᠂ ᠵᠡᠷᠭᠡ ᠣᠯᠠᠨ ᠬᠠᠷ᠎ᠠ ᠬᠤᠣᠷᠲᠠᠢ ᠠᠷᠭ᠎ᠠ ᠬᠡᠮᠵᠢᠶ᠎ᠡ ᠶᠢ ᠠᠪᠣᠭᠰᠠᠨ ᠶᠣᠮ᠃          1636 ᠣᠨ ᠳᠤ᠂ ᠴᠢᠩ ᠤᠯᠤᠰ ᠤᠨ ᠳᠣᠲᠣᠭᠠᠳᠤ ᠪᠢᠴᠢᠭ ᠤᠨ ᠶᠠᠮᠣᠨ ᠤ ᠡᠷᠬᠢᠨ ᠰᠠᠶᠢᠳ ᠰᠢᠹᠦ᠋᠂ ᠮᠣᠩᠭᠤᠯ ᠤᠨ ᠶᠠᠮᠣᠨ ᠤ ᠵᠠᠰᠠᠭ ᠡᠷᠬᠢᠯᠡᠭᠴᠢ ᠨᠢᠺᠡᠨ᠂ ᠲᠠᠪᠣᠨᠠᠩ ᠳ᠋ᠠᠶᠠᠴᠢ ᠨᠠᠷ ᠤᠨ ᠵᠠᠷᠯᠢᠭ ᠢᠶᠠᠷ ᠴᠠᠬᠠᠷ ᠤᠨ ᠡᠷᠦᠬᠡ ᠠᠮᠠ ᠎ ᠶᠢ ᠪᠥᠷᠢᠳᠬᠡᠨ ᠪᠠᠶᠢᠴᠠᠭᠠᠵᠤ ᠬᠤᠰᠢᠭᠤ ᠰᠣᠮᠤ ᠭᠡᠵᠦ ᠡᠬᠢᠯᠡᠨ ᠵᠣᠬᠢᠶᠠᠨ ᠪᠠᠶᠢᠭᠤᠯᠪᠠ᠃ ᠣᠯᠠᠨ ᠣᠳᠠᠭᠠᠨ ᠤ ᠪᠠᠶᠢᠴᠠᠭᠠᠯᠲᠠ ᠥᠭᠡᠷᠡᠴᠢᠯᠡᠯᠲᠡ ᠪᠠᠷ ᠳᠠᠮᠵᠢᠨ ᠣᠣᠯ ᠤᠨ ᠴᠠᠬᠠᠷ ᠨᠠᠢᠮᠠᠨ ᠣᠲᠤᠭ ᠤᠨ ᠪᠠᠶᠢᠭᠤᠯᠣᠮᠵᠢ ᠶᠢ ᠪᠥᠷᠢᠮᠦᠰᠦᠨ ᠦᠭᠡᠶᠢᠰᠭᠡᠵᠦ᠂ ᠨᠠᠢᠮᠠᠨ ᠵᠠᠰᠠᠭ ᠬᠤᠰᠢᠭᠤ ᠪᠣᠯᠭᠠᠨ ᠰᠠᠯᠭᠠᠵᠤ ᠪᠠᠶᠢᠭᠤᠯᠣᠭᠠᠳ᠂ ᠪᠣᠰᠣᠳ ᠬᠡᠳᠦᠨ ᠵᠠᠰᠠᠭ ᠬᠤᠰᠢᠭᠤ ᠲᠠᠢ ᠬᠠᠮᠲᠤ ᠨᠢᠭᠡᠨ ᠴᠢᠭᠤᠯᠭᠠᠨ ᠳᠤ ᠬᠠᠷᠢᠶᠠᠯᠠᠭᠤᠯᠣᠭᠰᠠᠨ ᠶᠣᠮ᠃ ᠲᠡᠭᠡᠬᠦ ᠳᠡᠭᠡᠨ ᠣᠣᠯ ᠤᠨ ᠨᠡᠢᠮᠠᠨ ᠣᠲᠤᠭ ᠢ ᠬᠡᠰᠡᠭᠯᠡᠨ ᠪᠣᠲᠠᠷᠠᠭᠠᠵᠤ ᠪᠣᠰᠣᠳ ᠬᠤᠰᠢᠭᠤᠨ ᠳᠤ ᠨᠡᠭᠦᠯᠭᠡᠬᠦ ᠪᠣᠶᠤ ᠪᠣᠰᠣᠳ ᠮᠣᠩᠭᠤᠯ ᠣᠪᠣᠭ ᠠᠶᠢᠮᠠᠭ ᠤᠨ ᠪᠥᠷᠢᠯᠳᠦᠭᠦᠨ ᠢ ᠴᠠᠬᠠᠷ ᠤᠨ ᠡᠯ᠎ᠡ ᠬᠤᠰᠢᠭᠤᠳ ᠲᠤ ᠬᠤᠯᠢᠵᠤ ᠣᠷᠣᠭᠤᠯᠵᠠᠢ᠃ ᠬᠤᠰᠢᠭᠤᠳ ᠪᠠᠶᠢᠭᠤᠯᠣᠭᠳᠠᠬᠤ ᠶᠢ ᠳᠠᠭᠠᠯᠳᠣᠨ ᠣᠣᠯ ᠤᠨ ᠨᠠᠢᠮᠠᠨ ᠣᠲᠤᠭ ᠎ ᠤᠨ ᠵᠠᠬ᠎ᠠ ᠵᠠᠭᠠᠭ᠂ ᠬᠠᠷᠢᠶ᠎ᠠ ᠬᠡᠪᠴᠢᠶ᠎ᠡ᠂ ᠪᠠᠶᠢᠭᠤᠯᠣᠮᠵᠢ ᠶᠢᠨ ᠬᠡᠯᠪᠡᠷᠢ ᠵᠡᠷᠭᠡ ᠨᠢ ᠲᠣᠶᠢᠯᠪᠣᠷᠢᠲᠠᠢ ᠡᠪᠳᠡᠭᠳᠡᠭᠡᠳ ᠰᠢᠨ᠎ᠡ ᠎ ᠪᠠᠷ ᠪᠠᠶᠢᠭᠤᠯᠣᠭᠰᠠᠨ ᠬᠤᠰᠢᠭᠤᠨ ᠵᠠᠬ᠎ᠠ ᠵᠠᠭᠠᠭ᠂ ᠬᠠᠮᠢᠶᠠᠷᠣᠯᠲᠠ ᠶᠢᠨ ᠠᠷᠭ᠎ᠠ ᠬᠡᠯᠪᠡᠷᠢ ᠶᠢ ᠰᠢᠨ᠎ᠡ ᠪᠠᠷ ᠲᠣᠭᠲᠠᠭᠠᠵᠠᠢ᠃          ᠡᠩᠬᠡ ᠠᠮᠣᠭᠤᠯᠠᠩ ᠬᠠᠭᠠᠨ ᠤ ᠨᠠᠢᠮᠠᠳᠣᠭᠠᠷ ᠣᠨ ︵1669 ᠣᠨ︶᠎ ᠳᠤ ᠴᠠᠬᠠᠷ ᠯᠢᠭᠳᠡᠨ ᠬᠠᠭᠠᠨ ᠤ ᠣᠳᠬᠤᠨ ᠬᠥᠪᠡᠭᠦᠨ ᠠᠪᠠᠨᠢ ᠴᠢᠨ ᠸᠠᠩ ᠢ ᠨᠠᠢᠮᠠᠨ ᠵᠢᠯ ᠲᠥᠷᠦ ᠳᠤ ᠪᠠᠷᠠᠯᠬᠠᠭᠰᠠᠨ ᠦᠭᠡᠢ ᠪᠥᠭᠡᠳ ᠭᠦᠷᠦᠨ ᠤ ᠶᠡᠭᠡ ᠭᠦᠩᠵᠦ ᠶᠢᠨ ᠬᠥᠪᠡᠭᠦᠨ ᠢ ᠬᠥᠲᠦᠳᠭᠡᠭᠰᠡᠨ ᠦᠭᠡᠢ ᠬᠡᠮᠡᠨ ᠰᠢᠯᠲᠠᠭ ᠪᠠᠷᠢᠵᠤ ᠮᠥᠭᠳᠡᠨ ᠬᠤᠲᠠᠨ᠎ᠠ ᠠᠪᠠᠴᠢᠵᠤ ᠭᠢᠨᠳᠠᠯᠠᠵᠠᠢ᠃ ᠡᠩᠬᠡ ᠠᠮᠣᠭᠤᠯᠠᠩ ᠬᠠᠭᠠᠨ ᠤ ᠠᠷᠪᠠᠨ ᠳᠥᠷᠪᠡᠳᠦᠭᠡᠷ ᠣᠨ ︵1675 ᠣᠨ︶᠎ ᠳᠤ ᠯᠢᠭᠳᠡᠨ ᠬᠠᠭᠠᠨ ᠤ ᠠᠴᠢ ᠪᠣᠷᠠᠨᠠᠢ ᠴᠢᠨ ᠸᠠᠩ᠂ ᠳᠡᠭᠦᠦ ᠯᠣᠪᠰᠠᠩ ᠲᠠᠢ ᠪᠠᠨ ᠬᠤᠶᠠᠭᠤᠯᠠ ᠵᠠᠮᠰᠦ᠋ᠷᠣᠩ ᠭᠦᠩ ᠲᠠᠢ ᠬᠠᠮᠲᠣ ᠴᠠᠬᠠᠷ ᠨᠠᠢᠮᠠᠨ ᠬᠤᠰᠢᠭᠤ ᠪᠠᠨ ᠳᠠᠭᠠᠭᠤᠯᠣᠨ ᠴᠢᠩ ᠣᠯᠣᠰ ᠤᠨ ᠬᠠᠷᠭᠢᠰ ᠬᠠᠷᠠᠩᠭᠤᠢ ᠳᠠᠷᠣᠯᠠᠯ ᠬᠢᠲᠣᠯᠭ᠎ᠠ ᠶᠢᠨ ᠡᠰᠡᠷᠭᠦ ᠪᠣᠰᠣᠯᠭ᠎ᠠ ᠶᠢᠨ ᠶᠡᠭᠡ ᠲᠤᠭ ᠢ ᠡᠷᠭᠦᠪᠡ᠃ ᠡᠩᠬᠡ ᠠᠮᠣᠭᠤᠯᠠᠩ ᠬᠠᠭᠠᠨ ᠳᠠᠷᠣᠶᠢᠬᠠᠨ ᠬᠤᠷᠴᠢᠨ ᠵᠡᠷᠭᠡ ᠮᠣᠩᠭᠤᠯ ᠬᠤᠰᠢᠭᠤᠳ ᠤᠨ ᠴᠡᠷᠢᠭ ᠢ ᠳᠠᠶᠢᠴᠢᠯᠠᠨ ᠪᠣᠰᠣᠯᠭ᠎ᠠ ᠶᠢ ᠳᠠᠷᠣᠩᠭᠤᠶᠢᠯᠠᠪᠠ᠃ ᠳᠠᠷᠣᠶᠢᠩᠭᠤᠶᠢᠯᠠᠬᠤ ᠳᠣᠮᠳᠠ ᠪᠣᠷᠠᠨᠠᠢ ᠴᠢᠨ ᠸᠠᠩ ᠪᠠᠭᠠᠲᠣᠷᠯᠢᠭ ᠢᠶᠠᠷ ᠪᠠᠶ᠎ᠡ ᠦᠷᠡᠭᠳᠡᠵᠦ ᠂ ᠳᠡᠭᠦᠦ ᠯᠣᠪᠰᠠᠩ ᠨᠢ ᠲᠥᠮᠡ ᠭᠠᠷᠣᠢ ᠴᠡᠷᠢᠭ ᠲᠠᠢ ᠪᠠᠨ ᠪᠠᠭᠤᠵᠤ ᠥᠭᠭᠦᠭᠡᠳ ᠪᠣᠰᠣᠯᠭ᠎ᠠ ᠬᠠᠷᠠᠰᠠᠯᠲᠠᠢ ᠪᠠᠷ ᠢᠯᠠᠭᠳᠠᠭᠰᠠᠨ ᠶᠣᠮ᠃ ᠢᠩᠭᠢᠭᠰᠡᠨ ᠢᠶᠠᠷ ᠣᠣᠯ ᠠᠴᠠ ᠮᠣᠩᠭᠤᠯ ᠠᠶᠢᠮᠠᠭ᠂ ᠢᠯᠠᠩᠭᠤᠶ᠎ᠠ ᠴᠠᠬᠠᠷᠴᠣᠳ ᠲᠤ ᠶᠡᠬᠡᠳᠡ ᠰᠡᠵᠢᠭ ᠲᠠᠢ ᠪᠠᠶᠢᠭᠰᠠᠨ ᠴᠢᠩ ᠣᠯᠣᠰ ᠤᠨ ᠨᠣᠶᠠᠷᠬᠠᠭᠴᠢᠳ᠂ ᠴᠠᠬᠠᠷ ᠤᠨ ᠪᠣᠰᠣᠯᠭ᠎ᠠ ᠶᠢ ᠳᠠᠷᠣᠩᠭᠤᠶᠢᠯᠠᠭᠰᠠᠨ ᠤ ᠳᠠᠷᠠᠭ᠎ᠠ ᠡᠷᠬᠡ ᠶᠢ ᠨᠢ ᠪᠠᠭᠤᠷᠠᠭᠤᠯᠵᠤ᠂ ᠨᠣᠲᠤᠭ ᠢ ᠨᠢ ᠬᠤᠷᠢᠶᠠᠨ᠂ ᠠᠷᠠᠳ ᠢ ᠨᠢ ᠨᠡᠭᠦᠯᠭᠡᠬᠦ ᠰᠠᠶᠢᠬᠠᠨ ᠳᠣᠬᠢᠶᠠᠯ ᠣᠯᠣᠭᠰᠠᠨ ᠢᠶᠠᠷ ᠴᠠᠬᠠᠷ ᠢ ︽ᠨᠣᠲᠤᠭ ᠢ ᠨᠢ ᠰᠣᠯᠠᠯᠠᠵᠤ ᠮᠠᠯᠵᠢᠯ ᠤᠨ ᠲᠠᠯᠠᠪᠠᠢ ᠪᠣᠯᠭᠠᠨ᠂ ᠳᠣᠲᠣᠭᠠᠳᠤ ᠬᠡᠷᠡᠭ ᠢ ᠪᠥᠭᠦᠳᠡ ᠵᠠᠬᠢᠷᠬᠤ ᠶᠠᠮᠣᠨ ᠎ ᠤ ᠠᠳᠣᠭᠤᠨ ᠶᠠᠮᠣᠨ ᠳᠤ ᠬᠠᠷᠢᠶᠠᠯᠠᠭᠤᠯᠣᠨ᠂ ᠠᠷᠠᠳ ᠢ ᠨᠢ ᠰᠢᠤᠸᠠᠨ ᠬᠤᠸᠠ ︵ᠪᠠᠶᠠᠨᠰᠣᠮᠣ︶᠂ ᠳᠠᠶᠢᠲ᠋ᠦ᠋ᠩ ᠤᠨ ᠬᠢᠵᠠᠭᠠᠷ ᠤᠨ ᠭᠠᠳᠠᠨ᠎ᠠ ᠨᠡᠭᠦᠯᠭᠡᠵᠦ ᠮᠠᠯᠵᠢᠭᠤᠯᠣᠭᠰᠠᠨ︾ ᠪᠢᠯᠡ᠃ ᠴᠠᠬᠠᠷ ᠤᠨ ᠵᠠᠰᠠᠭ ᠬᠤᠰᠢᠭᠤᠨ ᠤ ᠳᠥᠷᠢᠮ ᠢ ᠬᠠᠰᠣᠵᠤ᠂ ᠠᠮᠪᠠᠨ ᠬᠤᠰᠢᠭᠤᠨ ᠤ ᠳᠥᠷᠢᠮ ᠢ ᠬᠡᠷᠡᠭᠵᠢᠭᠦᠯᠵᠦ᠂ ᠮᠠᠨᠵᠤ ᠳᠤ ᠪᠠᠭᠤᠵᠤ ᠥᠭᠭᠦᠭᠰᠡᠨ ᠥᠭᠡᠯᠡᠳ᠂ ᠲᠣᠷᠭᠤᠳ᠂ ᠬᠠᠯᠬ᠎ᠠ᠂ ᠰᠣᠯᠣᠨ ᠪᠠᠷᠭᠤ᠂ ᠬᠤᠷᠴᠢᠨ ᠠᠶᠢᠮᠠᠭ ᠤᠳ ᠠᠴᠠ ᠰᠣᠮᠣ ᠨᠢᠭᠡᠴᠡ ᠪᠠᠷ ᠴᠠᠬᠠᠷ ᠨᠠᠢᠮᠠᠨ ᠬᠤᠰᠢᠭᠤᠨ ᠎ ᠳᠤ ᠨᠡᠭᠦᠯᠭᠡᠨ ᠣᠷᠣᠭᠤᠯᠵᠤ ᠰᠢᠨ᠎ᠡ ᠴᠠᠬᠠᠷ ᠨᠠᠢᠮᠠᠨ ᠬᠤᠰᠢᠭᠤ ᠶᠢ ᠪᠥᠷᠢᠯᠳᠦᠭᠦᠯᠦᠭᠡᠳ ᠪᠠᠰᠠ ᠵᠡᠭᠦᠨ ᠪᠠᠷᠠᠭᠤᠨ ᠬᠤᠶᠠᠷ ᠭᠠᠷ ᠪᠣᠯᠭᠠᠨ ᠬᠤᠪᠢᠶᠠᠭᠰᠠᠨ ᠠᠴᠠ ᠭᠠᠳᠠᠨ᠎ᠠ᠂ ᠴᠠᠬᠠᠷ ᠬᠤᠰᠢᠭᠤᠳ ᠠᠴᠠ ᠠᠶᠢᠯ ᠡᠷᠦᠬᠡ ᠳᠠᠲᠠᠵᠤ᠂ ᠳᠥᠷᠪᠡᠨ ᠰᠦᠷᠦᠭ ᠬᠤᠰᠢᠭᠤ ᠭᠠᠷᠭᠠᠨ᠂ ᠮᠠᠯᠵᠢᠯ ᠤᠨ ᠲᠠᠯᠠᠪᠠᠢ ᠪᠠᠶᠢᠭᠤᠯᠵᠠᠢ᠃ ᠲᠡᠭᠷᠢ ᠲᠡᠳᠬᠦᠭᠴᠢ ᠶᠢᠨ ᠬᠤᠷᠢᠨ ᠵᠢᠷᠭᠤᠳᠣᠭᠠᠷ ᠣᠨ ︵1761 ᠣᠨ︶᠎ ᠳᠤ ᠴᠢᠩ ᠣᠯᠣᠰ ᠤᠨ ᠵᠠᠰᠠᠭ ᠤᠨ ᠭᠠᠵᠠᠷ ᠠᠴᠠ ᠮᠠᠨᠵᠣ ᠠᠮᠪᠠᠨ ᠲᠣᠮᠢᠯᠠᠵᠤ᠂ ᠴᠢᠭᠤᠯᠣᠯᠲᠣ ᠬᠠᠭᠠᠯᠭ᠎ᠠ ᠎ ᠳᠤ ᠳ᠋ᠦᠲ᠋ᠦ᠋ᠩ ᠶᠠᠮᠣᠨ ᠭᠡᠵᠦ ᠪᠠᠶᠢᠭᠤᠯᠣᠨ᠂ ᠴᠠᠬᠠᠷ ᠨᠠᠢᠮᠠᠨ ᠬᠤᠰᠢᠭᠤ ᠪᠠ ᠳᠥᠷᠪᠡᠨ ᠰᠦᠷᠦᠭ ᠬᠤᠰᠢᠭᠤ ᠶᠢ ᠵᠠᠬᠢᠷᠣᠭᠤᠯᠪᠠ᠃ ᠴᠠᠬᠠᠷ ᠤᠨ ᠪᠣᠰᠣᠳ ᠭᠡᠰᠡᠭ ᠢ ᠯᠢᠶᠣᠣᠨᠢᠩ ᠤᠨ ᠢᠵᠸᠤ ᠠᠴᠠ ᠨᠡᠭᠦᠯᠭᠡᠨ ᠥᠷᠦᠭᠡᠰᠦᠨ ᠴᠢᠯᠠᠭᠤᠨ ᠬᠠᠭᠠᠯᠭ᠎ᠠ᠂ ᠴᠢᠭᠤᠯᠣᠯᠲᠤ ᠬᠠᠭᠠᠯᠭ᠎ᠠ᠂ ᠳᠠᠶᠢᠲ᠋ᠦ᠋ᠩ ᠹᠦ᠋᠂ ᠱᠦᠷᠬᠡᠢ ᠴᠢᠯᠠᠭᠤᠨ ᠬᠠᠭᠠᠯᠭ᠎ᠠ ᠶᠢᠨ ᠬᠢᠵᠠᠭᠠᠷ ᠤᠨ ᠭᠠᠳᠠᠨ᠎ᠠ ᠨᠣᠲᠤᠭ ᠳᠣᠬᠢᠷᠠᠭᠤᠯᠵᠠᠢ᠃          1914 ᠣᠨ ᠳᠤ ᠳᠣᠮᠳᠠᠳᠤ ᠢᠷᠭᠡᠨ ᠣᠯᠣᠰ ᠥᠪᠦᠷ ᠮᠣᠩᠭᠤᠯ ᠢ ᠭᠤᠷᠪᠠᠨ ᠳᠣᠰᠬᠠᠢ ᠣᠷᠣᠨ ᠪᠣᠯᠭᠠᠵᠤ ᠬᠤᠪᠢᠶᠠᠬᠤ ᠦᠶᠡᠰ ᠲᠤ᠂ ᠴᠠᠬᠠᠷ ᠳᠣᠰᠬᠠᠢ ᠣᠷᠣᠨ ᠪᠠᠶᠢᠭᠤᠯᠣᠭᠳᠠᠵᠤ᠂ ᠣᠣᠯ ᠤᠨ ᠰᠢᠯᠢ ᠶᠢᠨ ᠭᠤᠣᠯ ᠴᠢᠭᠤᠯᠭᠠᠨ ᠤ ᠠᠷᠪᠠᠨ ᠬᠤᠰᠢᠭᠤ᠂ ᠴᠠᠬᠠᠷ ᠤᠨ ᠠᠷᠪᠠᠨ ᠬᠤᠶᠠᠷ ᠰᠦᠷᠦᠭ ᠵᠢᠴᠢ ᠾᠧᠪᠸᠢ ᠮᠣᠵᠢ ᠶᠢᠨ ᠪᠠᠷᠠᠭᠤᠨ ᠭᠡᠰᠡᠭ ᠤᠨ ᠪᠣᠭᠤᠮᠲᠠ ᠎ ᠶᠢᠨ ᠭᠠᠳᠠᠨᠠᠬᠢ ᠠᠷᠪᠠᠨ ᠲᠠᠪᠣᠨ ᠰᠢᠶᠠᠨ ᠢ ᠬᠠᠷᠢᠶᠠᠯᠠᠭᠤᠯᠪᠠ᠃1928 ᠣᠨ ᠳᠤ ᠴᠠᠬᠠᠷ ᠳᠣᠰᠬᠠᠢ ᠣᠷᠣᠨ ᠢ ᠮᠣᠵᠢ ᠪᠣᠯᠭᠠᠨ ᠥᠭᠡᠷᠡᠴᠢᠯᠡᠨ ᠴᠠᠬᠠᠷ ᠮᠣᠵᠢ ᠬᠡᠮᠡᠵᠦ᠂ ᠣᠣᠯ ᠤᠨ ᠪᠠᠷᠠᠭᠤᠨ ᠴᠠᠬᠠᠷ ᠤᠨ ᠭᠦᠯᠦ ᠰᠢᠷ᠎ᠠ᠂ ᠭᠦᠯᠦ ᠣᠯᠠᠭᠠᠨ᠂ ᠬᠥᠪᠡᠭᠡᠲᠦ ᠣᠯᠠᠭᠠᠨ᠂ ᠬᠥᠪᠡᠭᠡᠲᠦ ᠬᠥᠬᠡ ᠬᠤᠰᠢᠭᠤᠳ ᠢ ᠰᠣᠶᠢᠶᠣᠸᠠᠨ ᠮᠣᠵᠢ ᠳᠤ ᠬᠤᠪᠢᠶᠠᠷᠢᠯᠠᠨ ᠬᠠᠷᠢᠶᠠᠯᠠᠭᠤᠯᠵᠠᠢ᠃          1947 ᠣᠨ ᠳᠤ ᠥᠪᠦᠷ ᠮᠣᠩᠭᠤᠯ ᠤᠨ ᠥᠪᠡᠷᠲᠡᠭᠡᠨ ᠵᠡᠰᠠᠬᠤ ᠣᠷᠣᠨ ᠪᠠᠶᠢᠭᠤᠯᠣᠭᠳᠠᠵᠤ᠂ ᠣᠣᠯ ᠤᠨ ᠴᠠᠬᠠᠷ ᠠᠷᠪᠠᠨ ᠬᠤᠶᠠᠷ ᠰᠦᠷᠦᠭ ᠢ ᠴᠠᠬᠠᠷ ᠠᠶᠢᠮᠠᠭ ᠪᠠ ᠬᠤᠰᠢᠭᠤ ᠪᠣᠯᠭᠠᠨ ᠵᠣᠬᠢᠶᠠᠨ ᠪᠠᠶᠢᠭᠤᠯᠵᠤ᠂ ᠳᠥᠷᠪᠡᠨ ᠮᠠᠯᠵᠢᠯ ᠰᠦᠷᠦᠭ ᠢ ᠪᠥᠬᠦᠨ ᠢ ᠬᠤᠰᠢᠭᠤ ᠪᠣᠯᠭᠠᠨ ᠥᠭᠡᠷᠡᠴᠢᠯᠡᠵᠠᠢ᠃          1958 ᠣᠨ ᠤ 9 ᠰᠠᠷ᠎ᠠ ᠳᠤ ᠴᠠᠬᠠᠷ ᠠᠶᠢᠮᠠᠭ ᠤᠨ ᠵᠠᠰᠠᠭ ᠵᠠᠬᠢᠷᠭᠠᠨ ᠤ ᠪᠠᠶᠢᠭᠤᠯᠣᠮᠵᠢ ᠶᠢ ᠬᠠᠰᠣᠵᠤ᠂ ᠰᠢᠯᠢ ᠶᠢᠨ ᠭᠤᠣᠯ ᠠᠶᠢᠮᠠᠭ ᠲᠠᠢ ᠨᠡᠶᠢᠯᠡᠭᠦᠯᠦᠨ᠂ ᠦᠨᠢ ᠣᠳᠠᠭᠠᠨ ᠲᠡᠦᠬᠡ ᠲᠠᠢ ᠴᠠᠬᠠᠷ ᠮᠣᠩᠭᠤᠯ ᠤᠨ ᠪᠡᠶ᠎ᠡ ᠪᠠᠨ ᠳᠠᠭᠠᠭᠠᠭᠰᠠᠨ ᠵᠠᠰᠠᠭ ᠵᠠᠬᠢᠷᠭᠠᠨ ᠤ ᠪᠠᠶᠢᠭᠤᠯᠣᠮᠵᠢ ᠶᠢᠨ ᠲᠡᠦᠬᠡ ᠢᠩᠭᠢᠵᠦ ᠡᠴᠦᠰᠯᠡᠵᠡᠢ᠃ᠢᠷᠡᠯᠳᠡ᠄ ︽ᠴᠠᠬᠠᠷ ᠵᠠᠩ ᠦᠢᠯᠡ︾ ᠭᠡᠬᠦ ᠨᠤᠮ ᠠᠴᠠ ᠮᠠᠶᠢᠯᠠᠰᠣ ᠰᠡᠶᠢᠷᠡᠬᠦᠯᠪᠡ
 
ᠢᠷᠡᠯᠲᠡ᠄ ᠰᠢᠯᠤᠭᠤᠨ ᠬᠥᠬᠡ ᠬᠤᠰᠢᠭᠤᠨ ᠤ ᠵᠠᠰᠠᠭ ᠤᠨ ᠣᠷᠳᠣᠨ ᠤ ᠮᠤᠩᠭᠤᠯ ᠰᠥᠯᠵᠢᠶ᠎ᠡ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号