ᠰᠢᠷᠤᠪ - ᠮᠢᠨᠤ ᠮᠤᠩᠭᠤᠯ ᠬᠡᠯᠡ ᠰᠠᠶᠢᠬᠠᠨ
ᠨᠡᠶᠢᠲᠡᠯᠡᠭᠰᠡᠨ ᠴᠠᠭ᠄
2019/12/4
              ᠮᠢᠨᠤ ᠮᠤᠩᠭᠤᠯ ᠬᠡᠯᠡ ᠰᠠᠶᠢᠬᠠᠨ                            ᠰᠢᠷᠤᠪ       ᠡᠵᠢ ᠶᠢᠨ ᠪᠦᠪᠠᠢ ᠳᠤ ᠢᠷᠦᠬᠡᠯ ᠢᠶᠠᠷ ᠤᠴᠠᠷᠠᠭᠰᠠᠨ       ᠡᠬᠡᠰᠢᠭ ᠢᠷᠠᠭᠤᠬᠠᠨ ᠲᠤᠩᠭᠠᠯᠠᠭ ᠠᠪᠢᠶ᠎ᠠ ᠲᠠᠢ       ᠡᠯᠦᠨᠴᠡ ᠲᠡᠬᠡᠲᠦ ᠶᠢᠨ ᠰᠤᠷᠭᠠᠯ ᠤᠷᠤᠰᠢᠭᠰᠠᠨ       ᠡᠯᠪᠡᠭ ᠪᠠᠶᠠᠨ ᠦᠬᠡᠰ ᠤᠨ ᠰᠠᠩ ᠲᠠᠢ                ᠮᠡᠳᠡᠯᠬᠡ ᠶᠢᠨ ᠪᠠᠶᠠᠨ ᠲᠠᠯᠠᠢ ᠬᠠᠯᠬᠢᠭᠤᠯᠤᠭᠰᠠᠨ                ᠮᠢᠨᠤ ᠮᠤᠩᠭᠤᠯ ᠬᠡᠯᠡ ᠶᠠᠭᠤᠲᠠᠢ ᠰᠠᠶᠢᠬᠠᠨ ᠪᠤᠢ       ᠠᠪᠤ ᠶᠢᠨ ᠬᠠᠶᠢᠷ᠎ᠠ ᠪᠠᠷ ᠬᠠᠨᠢᠷᠬᠠᠨ ᠲᠠᠰᠤᠯᠴᠠᠭᠰᠠᠨ       ᠠᠶᠠᠯᠭᠤ ᠲᠤᠳᠤᠬᠠᠨ ᠡᠬᠡᠰᠢᠭ ᠬᠦᠭ ᠲᠠᠢ       ᠠᠰᠢᠲᠠ ᠶᠢᠨ ᠵᠢᠷᠭᠠᠯ ᠳᠤ ᠲᠦᠯᠬᠢᠬᠦᠷ ᠠᠳᠬᠤᠭᠤᠯᠤᠭᠰᠠᠨ       ᠠᠮᠢᠳᠤᠷᠠᠯ ᠬᠠᠶᠢᠷ᠎ᠠ ᠶᠢᠨ ᠪᠤᠮᠠᠨ ᠴᠤᠤᠷᠢᠶ᠎ᠠ ᠲᠠᠢ               ᠮᠡᠳᠡᠯᠬᠡ ᠶᠢᠨ ᠪᠠᠶᠠᠨ ᠲᠠᠯᠠᠢ ᠬᠠᠯᠬᠢᠭᠤᠯᠤᠭᠰᠠᠨ               ᠮᠢᠨᠤ ᠮᠤᠩᠭᠤᠯ ᠬᠡᠯᠡ ᠶᠠᠭᠤᠲᠠᠢ ᠰᠠᠶᠢᠬᠠᠨ ᠪᠤᠢ      ᠵᠤᠪᠠᠯᠠᠩ ᠦᠵᠡᠭᠡ ᠦᠬᠡᠢ ᠪᠠᠯᠴᠢᠷ ᠦᠶ᠎ᠡ ᠳᠤ ᠮᠢᠨᠢ      ᠵᠤᠷᠢᠭ ᠰᠢᠪᠡᠨᠡᠨ ᠤᠷᠤᠭᠰᠢ ᠪᠠᠨ ᠬᠦᠳᠦᠯᠦᠭᠰᠡᠨ      ᠵᠤᠪᠠᠭᠤᠷᠢ ᠲᠤᠭᠤᠯᠤᠭ᠎ᠠ ᠦᠬᠡᠢ ᠪᠠᠭ᠎ᠠ ᠨᠠᠰᠤᠨ ᠳᠤ ᠮᠢᠨᠢ      ᠵᠢᠯᠤᠭᠤ ᠰᠤᠭᠰᠤᠷᠠᠭᠤᠯᠵᠤ ᠠᠮᠢᠳᠤᠷᠠᠯ ᠲᠠᠨᠢᠭᠤᠯᠤᠭᠰᠠᠨ               ᠮᠡᠳᠡᠯᠬᠡ ᠶᠢᠨ ᠪᠠᠶᠠᠨ ᠲᠠᠯᠠᠢ ᠬᠠᠯᠬᠢᠭᠤᠯᠤᠭᠰᠠᠨ               ᠮᠢᠨᠤ ᠮᠤᠩᠭᠤᠯ ᠬᠡᠯᠡ ᠶᠠᠭᠤᠲᠠᠢ ᠰᠠᠶᠢᠬᠠᠨ ᠪᠤᠢ ᠬᠠᠷᠢᠯᠴᠠᠬᠤ ᠬᠠᠶ᠋ᠢᠭ᠄ ᠪᠤᠭᠤᠳᠤ ᠬᠤᠲᠠ    
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号