ᠰ᠊᠂ ᠦᠨᠳᠦᠷᠯᠢᠭ -  ᠮᠢᠨᠤ ᠮᠤᠩᠭᠤᠯ ᠬᠡᠯᠡ
ᠨᠡᠶᠢᠲᠡᠯᠡᠭᠰᠡᠨ ᠴᠠᠭ᠄
2019/12/4
              ᠮᠢᠨᠤ ᠮᠤᠩᠭᠤᠯ ᠬᠡᠯᠡ                                             ᠰ᠊᠂ ᠦᠨᠳᠦᠷᠯᠢᠭ                ᠲᠠᠩᠬᠢᠰ ᠴᠢᠩᠬᠢᠰ ᠲᠠᠭᠤᠨ ᠲᠠᠢ ᠶᠤᠮ ᠡ ᠬᠦ᠋        ᠲᠠᠰ ᠰᠢᠪᠠᠭᠤᠨ ᠤ ᠠᠶᠠᠯᠭᠤᠨ ᠲᠠᠢ ᠶᠤᠮ ᠡ ᠬᠦ᠋          ᠴᠠᠭᠠᠨ ᠲᠤᠯᠤᠭᠠᠢ ᠶᠢᠨ ᠬᠤᠪᠢᠷᠠᠯ ᠲᠠᠢ ᠶᠤᠮ ᠡ ᠬᠦ᠋          ᠴᠠᠭᠠᠨ ᠰᠦᠨ ᠤ ᠲᠡᠵᠢᠭᠡᠯ ᠲᠠᠢ ᠶᠤᠮ ᠡ ᠬᠦ᠋        ᠤᠩᠰᠢᠬᠤ ᠳᠤ ᠨᠠᠮᠪᠠᠲᠠᠢ ᠰᠠᠶᠢᠬᠠᠨ      ᠤᠶᠠᠩᠭᠠᠯᠠᠬᠤ ᠳᠤ ᠬᠦᠭᠵᠢᠮᠳᠡᠢ ᠰᠠᠶᠢᠬᠠᠨ              ᠮᠦᠩᠭᠡ ᠲᠡᠭᠷᠢ ᠳᠤ ᠡᠰᠢᠳᠡᠢ                ᠮᠢᠨᠤ ᠯᠡ ᠮᠤᠩᠭᠤᠯ ᠬᠡᠯᠡ ᠡ ᠬᠦ᠋      ᠠᠭᠠᠷᠤᠤᠯ ᠬᠤᠷᠤᠳ ᠤᠨ ᠠᠮᠳᠠ ᠲᠠᠢ ᠶᠤᠮ ᠡ ᠬᠦ᠋      ᠠᠴᠤᠭ ᠰᠢᠯᠪᠢ ᠶᠢᠨ ᠢᠯᠭᠠᠯ ᠲᠠᠢ ᠶᠤᠮ ᠡ ᠬᠦ᠋      ᠡᠭᠡᠰᠢᠭ ᠭᠡᠶᠢᠬᠦᠯᠦᠭᠴᠢ ᠶᠢᠨ ᠬᠤᠪᠢᠯᠦᠯ ᠲᠠᠢ ᠶᠤᠮ ᠡ ᠬᠦ᠋      ᠡᠪᠡᠷ ᠭᠡᠵᠢᠬᠡᠨ ᠤ ᠢᠯᠭᠠᠷᠠᠯ ᠲᠠᠢ ᠶᠤᠮ ᠡ ᠬᠦ᠋      ᠬᠦᠷᠪᠡᠬᠦᠯᠬᠦ ᠳᠤ ᠪᠠᠭᠳᠠᠭᠠᠮᠵᠢᠳᠠᠢ ᠰᠠᠶᠢᠬᠠᠨ      ᠬᠦᠭᠵᠢᠮᠳᠡᠬᠦ ᠳᠤ ᠠᠶᠠᠯᠭᠤ ᠲᠠᠢ ᠰᠠᠶᠢᠬᠠᠨ               ᠮᠦᠮᠦ ᠶᠢᠨ ᠰᠦ ᠶᠢᠨ ᠦᠨᠦᠷ ᠲᠠᠢ               ᠮᠢᠨᠤ ᠯᠡ ᠮᠤᠩᠭᠤᠯ ᠬᠡᠯᠡ ᠡ ᠬᠦ᠋      ᠲᠡᠭᠷᠢᠯᠢᠭ ᠪᠤᠰᠤᠭ᠎ᠠ ᠭᠠᠯᠪᠢᠷ ᠲᠠᠢ ᠶᠤᠮ ᠡ ᠬᠦ᠋      ᠲᠡᠭᠰᠢ ᠭᠠᠩᠭᠠᠩ ᠨᠢᠷᠤᠭᠤ ᠲᠠᠢ ᠶᠤᠮ ᠡ ᠬᠦ᠋      ᠲᠡᠭᠡᠳᠦᠰ ᠤᠨ ᠰᠤᠶᠤᠯ ᠳᠤ ᠦᠨᠳᠦᠰᠤ ᠲᠠᠢ ᠶᠤᠮ ᠡ ᠬᠦ᠋      ᠲᠡᠯᠡᠬᠡᠢ ᠶᠢᠨ ᠰᠠᠩ ᠳᠤ ᠦᠪ ᠲᠠᠢ ᠶᠤᠮ ᠡ ᠬᠦ᠋      ᠬᠠᠮᠠᠭᠠᠯᠠᠬᠤ ᠳᠤ ᠬᠠᠶᠢᠷᠠᠳᠠᠢ ᠰᠠᠶᠢᠬᠠᠨ            ᠬᠦᠭᠵᠢᠬᠦᠯᠬᠦ ᠳᠤ ᠬᠦᠷᠦᠩᠬᠡ ᠲᠠᠢ ᠰᠠᠶᠢᠬᠠᠨ              ᠮᠦᠩᠬᠡ ᠶᠢᠨ ᠢᠷᠤᠭᠡᠯ ᠪᠠᠷᠢᠯᠳᠤᠯᠭ᠎ᠠ ᠲᠠᠢ              ᠮᠢᠨᠤ ᠯᠡ ᠮᠤᠩᠭᠤᠯ ᠬᠡᠯᠡ ᠡ ᠬᠦ᠋ ᠬᠠᠷᠢᠯᠴᠠᠬᠤ ᠬᠠᠶ᠋ᠢᠭ᠄  ᠲᠤᠩᠯᠢᠶᠤᠤ ᠬᠤᠳᠠ ᠶᠢᠨ ᠵᠠᠷᠤᠳ ᠬᠤᠰᠢᠭᠤᠨ ᠤ ᠪᠠᠶᠠᠨᠮᠠᠩᠬ᠎ᠠ ᠰᠤᠷᠭᠠᠭᠤᠯᠢ ᠬᠠᠷᠢᠯᠴᠠᠬᠤ ᠤᠳᠠᠰᠤ᠄ 15004948716                                                
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号