ᠤᠷᠠᠳ᠂ ᠶ᠊᠂ ᠪᠠᠳᠠᠷ᠎ᠠ -  ᠡᠬᠡ ᠮᠤᠩᠭᠤᠯ ᠬᠡᠯᠡ ᠮᠢᠨᠢ
ᠨᠡᠶᠢᠲᠡᠯᠡᠭᠰᠡᠨ ᠴᠠᠭ᠄
2019/12/4
           ᠡᠬᠡ ᠮᠤᠩᠭᠤᠯ ᠬᠡᠯᠡ ᠮᠢᠨᠢ                             ᠤᠷᠠᠳ᠂ ᠶ᠊᠂ ᠪᠠᠳᠠᠷ᠎ᠠᠬᠠᠯᠠᠭᠤᠨ ᠠᠮᠢᠨ ᠠᠴᠠ ᠠᠮᠢᠰᠬᠤᠯ ᠢᠶᠠᠷ ᠳᠡᠯᠪᠡᠭᠡᠯᠡᠭᠰᠡᠨ ᠴᠡᠴᠡᠭᠬᠡᠨᠬᠠᠶᠢᠷᠬᠠᠨ ᠠᠭᠠᠯᠢᠨ ᠠᠴᠠ ᠠᠷᠢᠭᠤᠰᠬᠠᠯ ᠢᠶᠠᠷ ᠭᠡᠭᠡᠷᠡᠭᠰᠡᠨ ᠴᠢᠮᠡᠭᠬᠡᠨᠬᠠᠨ ᠠᠪᠤ ᠶᠢᠨ ᠮᠢᠨᠢ ᠨᠠᠮᠠᠢᠢ ᠲᠠᠷᠨᠢᠳᠠᠭᠰᠠᠨ ᠡᠭᠡᠰᠢᠭᠬᠡᠨᠬᠠᠳᠤᠨ ᠠᠶᠠᠯᠭᠤ ᠨᠢ ᠳᠠᠩᠨᠠᠢ ᠳᠤ ᠠᠮᠳᠠᠭᠳᠠᠭᠰᠠᠨ ᠴᠡᠭᠡᠯᠬᠡᠨ      ᠳᠤᠮᠤᠭᠳᠤ ᠠᠯᠳᠠᠢ ᠶᠢᠨ ᠴᠢᠨ᠋ᠸ᠎ᠡ᠂  ᠤᠯᠢᠵᠦ ᠨᠠᠳᠠ ᠳᠤ ᠵᠢᠭᠠᠭᠰᠠᠨ ᠶᠤᠮ ᠪᠣᠯᠬᠤᠷ      ᠣᠮᠣᠭᠳᠣ ᠠᠷᠠᠳ ᠤᠨ ᠳᠠᠭᠤᠤ᠂ ᠤᠭᠢᠯᠠᠵᠤ ᠨᠠᠳᠠ ᠳᠤ ᠰᠤᠷᠭᠠᠭᠰᠠᠨ ᠶᠤᠮ ᠪᠣᠯᠬᠤᠷ        ᠴᠢᠮᠡᠭᠳᠦ ᠳᠣᠯᠣᠭᠠᠨ ᠰᠤᠯᠤᠩᠭ᠎ᠠ  ᠂ ᠤᠷᠠᠯᠠᠵᠤ ᠨᠠᠳᠠ ᠳᠤ ᠦᠭᠭᠦᠭᠰᠡᠨ ᠶᠤᠮ ᠪᠣᠯᠬᠤᠷ        ᠭᠡᠷᠡᠯᠳᠦ ᠳᠤᠯᠤᠭᠠᠨ ᠪᠤᠷᠬᠠᠨ᠂ ᠤᠴᠢᠷᠯᠠᠵᠤ ᠨᠠᠳᠠ ᠳᠤ ᠦᠪᠯᠡᠭᠰᠡ ᠶᠤᠮ ᠪᠣᠯᠬᠤᠷ            ᠪᠢ᠂ ᠡᠭᠡᠰᠢᠭᠳᠦ ᠳᠤᠯᠤᠭᠠᠨ ᠠᠪᠢᠶ᠎ᠠ ᠶᠢ ᠬᠦᠬᠦᠵᠦ ᠬᠡᠯᠡ ᠳᠤ ᠤᠷᠤᠭᠰᠠᠨ ᠶᠤᠮ              ᠪᠢ᠂ ᠡᠷᠳᠡᠨᠢᠳᠤ ᠳᠤᠯᠤᠭᠠᠨ ᠦᠰᠦᠭ ᠢᠶᠠᠨ ᠬᠦᠨᠳᠦᠯᠡᠵᠦ ᠬᠦᠮᠦᠨ ᠪᠤᠯᠤᠭᠰᠠᠨ ᠶᠤᠮ ᠪᠤᠶᠠᠨ ᠲᠠᠢ ᠡᠩᠭᠡᠷ ᠠᠴᠠ ᠤᠷᠤᠭᠤᠯ ᠤᠷᠤᠭᠤ ᠢᠪᠢᠯᠦᠭᠰᠡᠨ ᠤᠭᠤᠷᠠᠭᠬᠠᠨᠪᠤᠷᠬᠠᠨ ᠲᠡᠭᠷᠢ ᠠᠴᠠ ᠮᠤᠩᠭᠤᠯ ᠢᠶᠠᠷ ᠢᠷᠠᠭᠤᠰᠤᠭᠰᠠᠨ ᠨᠠᠶᠢᠷᠠᠭᠬᠠᠨᠪᠦᠪᠡᠢ ᠡᠵᠢ ᠠᠴᠠ ᠮᠢᠨᠢ ᠨᠠᠳᠠ ᠤᠷᠤᠭᠤ ᠤᠷᠤᠰᠤᠭᠰᠠᠨ ᠠᠶᠠᠯᠭᠤᠬᠠᠨᠪᠦᠳᠦᠨ ᠡᠯᠢᠭᠡᠨ ᠠᠴᠠ ᠵᠢᠷᠦᠬᠡ ᠣᠷᠣᠭᠤ ᠯᠤᠭᠰᠢᠭᠰᠠᠨ ᠰᠣᠳᠠᠯᠬᠠᠨ     ᠳᠤᠮᠤᠭᠳᠤ ᠠᠯᠳᠠᠢ ᠶᠢᠨ ᠴᠢᠨ᠋ᠸ᠎ᠡ  ᠂ ᠤᠯᠢᠵᠦ ᠨᠠᠳᠠ ᠳᠤ ᠵᠢᠭᠠᠭᠰᠠᠨ ᠶᠤᠮ ᠪᠣᠯᠬᠤᠷ     ᠣᠮᠣᠭᠳᠣ ᠠᠷᠠᠳ ᠤᠨ ᠳᠠᠭᠤᠤ  ᠂  ᠤᠭᠢᠯᠠᠵᠤ ᠨᠠᠳᠠ ᠳᠤ ᠰᠤᠷᠭᠠᠭᠰᠠᠨ ᠶᠤᠮ ᠪᠣᠯᠬᠤᠷ       ᠴᠢᠮᠡᠭᠳᠦ ᠳᠣᠯᠣᠭᠠᠨ ᠰᠤᠯᠤᠩᠭ᠎ᠠ᠂ ᠤᠷᠠᠯᠠᠵᠤ ᠨᠠᠳᠠ ᠳᠤ ᠦᠭᠭᠦᠭᠰᠡᠨ ᠶᠤᠮ ᠪᠣᠯᠬᠤᠷ       ᠭᠡᠷᠡᠯᠳᠦ ᠳᠤᠯᠤᠭᠠᠨ ᠪᠤᠷᠬᠠᠨ᠂ ᠤᠴᠢᠷᠯᠠᠵᠤ ᠨᠠᠳᠠ ᠳᠤ ᠦᠪᠯᠡᠭᠰᠡ ᠶᠤᠮ ᠪᠣᠯᠬᠤᠷ            ᠪᠢ᠂ ᠡᠭᠡᠰᠢᠭᠳᠦ ᠳᠤᠯᠤᠭᠠᠨ ᠠᠪᠢᠶ᠎ᠠ ᠶᠢ ᠬᠦᠬᠦᠵᠦ ᠬᠡᠯᠡ ᠳᠤ ᠤᠷᠤᠭᠰᠠᠨ ᠶᠤᠮ              ᠪᠢ᠂ ᠡᠷᠳᠡᠨᠢᠳᠤ ᠳᠤᠯᠤᠭᠠᠨ ᠦᠰᠦᠭ ᠢᠶᠠᠨ ᠬᠦᠨᠳᠦᠯᠡᠵᠦ ᠬᠦᠮᠦᠨ ᠪᠤᠯᠤᠭᠰᠠᠨ ᠶᠤᠮ ᠬᠠᠷᠢᠯᠴᠠᠬᠤ ᠬᠠᠶ᠋ᠢᠭ᠄  ᠪᠠᠶᠠᠨᠨᠠᠭᠤᠷ ᠬᠤᠳᠠ ᠶᠢᠨ ᠤᠷᠠᠳ ᠤᠨ ᠳᠤᠮᠳᠠᠳᠤ ᠬᠤᠰᠢᠭᠤᠨ ᠤ ᠮᠣᠩᠭᠤᠯ ᠦᠨᠳᠦᠰᠦᠳᠡᠨ  ᠤ ᠰᠤᠷᠭᠠᠭᠤᠯᠢᠬᠠᠷᠢᠯᠴᠠᠬᠤ ᠤᠳᠠᠰᠤ᠄ 13948881167                             
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号