ᠦ᠊᠂ ᠡᠷᠳᠡᠨᠢᠴᠤᠬᠲᠤ - ᠮᠢᠨᠤ ᠮᠤᠩᠭᠤᠯ ᠬᠡᠯᠡ
ᠨᠡᠶᠢᠲᠡᠯᠡᠭᠰᠡᠨ ᠴᠠᠭ᠄
2019/12/4
             ᠮᠢᠨᠤ ᠮᠤᠩᠭᠤᠯ ᠬᠡᠯᠡ                      ᠦ᠊᠂ ᠡᠷᠳᠡᠨᠢᠴᠤᠬᠲᠤ ᠲᠦᠮᠡᠨ ᠤᠨ ᠢ ᠮᠢᠩᠭᠠᠨ ᠢᠶᠠᠷ ᠲᠤᠭᠤᠯᠤᠬᠰᠠᠨ ᠴᠤ ᠡᠬᠡᠰᠢᠭ ᠲᠤᠯᠤᠭ᠎ᠠ ᠮᠢᠨᠢ ᠶᠠᠩᠵᠤ ᠪᠠᠷ ᠢᠶᠠᠨ ᠲᠦᠳᠡᠬᠡᠨ ᠭᠠᠯᠪᠠ ᠶᠢ ᠬᠤᠷᠤᠮᠬᠠᠨ ᠮᠠᠷᠲᠠᠬᠰᠠᠨ ᠴᠤ ᠡᠪᠦᠭᠡ ᠤᠳᠤᠮᠰᠢᠯ ᠮᠢᠨᠢ ᠮᠤᠩᠭᠤᠯ ᠢᠶᠠᠷ ᠢᠶᠠᠨ     ᠮᠤᠩᠭᠤᠯ ᠬᠦᠮᠦᠨ ᠤ ᠠᠮᠢᠳᠤᠷᠠᠯ ᠲᠡᠮᠡᠴᠡᠯ ᠤᠳ     ᠮᠤᠩᠭᠤᠯ ᠬᠡᠯᠡ ᠪᠠᠷ ᠢᠶᠠᠨ ᠯᠠ ᠦᠷᠭᠦᠯᠵᠢᠯᠡᠳᠡᠭ ᠶᠤᠮ ᠡ     ᠮᠤᠩᠭᠤᠯ ᠨᠤᠲᠤᠭ ᠤᠨ ᠢᠶᠠᠨ ᠰᠤᠶᠤᠯ ᠲᠡᠤᠬᠡᠨ ᠠᠴᠠ ᠯᠠ     ᠮᠤᠩᠭᠤᠯ ᠬᠡᠯᠡ ᠮᠢᠨᠢ ᠠᠮᠢᠯᠠᠳᠠᠭ ᠶᠤᠮ ᠰᠢᠤ ᠡ ᠡᠷᠲᠡᠨ ᠡᠳᠤᠭᠡ ᠪᠠᠨ ᠵᠠᠭᠤᠨ ᠢᠶᠠᠷ ᠬᠡᠲᠤᠯᠭᠡᠭᠰᠡᠨ ᠴᠤ ᠲᠦᠷᠤᠯᠬᠢ ᠬᠡᠯᠡᠯᠭᠡ ᠮᠢᠨᠢ ᠬᠡᠪ ᠢᠶᠠᠷ ᠢᠶᠠᠨ ᠡᠨᠡᠬᠡᠨ ᠤᠷᠴᠢᠯᠠᠩ ᠢ ᠵᠠᠭᠤᠷᠠᠬᠠᠨ ᠦᠩᠭᠡᠷᠡᠭᠰᠡᠨ ᠴᠤ ᠲᠦᠭᠡᠷᠢᠬᠡ ᠵᠠᠶᠠᠭ᠎ᠠ ᠮᠢᠨᠢ ᠮᠤᠩᠭᠤᠯ ᠢᠶᠠᠷ ᠢᠶᠠᠨ     ᠮᠤᠩᠭᠤᠯ ᠬᠦᠮᠦᠨ ᠤ ᠬᠠᠶᠢᠷ᠎ᠠ ᠪᠠᠭ᠋ᠠᠷᠬᠠᠯ ᠤᠳ     ᠮᠤᠩᠭᠤᠯ ᠬᠡᠯᠡ ᠪᠠᠷ ᠢᠶᠠᠨ ᠯᠠ ᠦᠷᠭᠦᠯᠵᠢᠯᠡᠳᠡᠭ ᠶᠤᠮ ᠡ     ᠮᠤᠩᠭᠤᠯ ᠢᠷᠭᠡᠨᠰᠢᠯ ᠤᠨ ᠢᠶᠠᠨ ᠰᠤᠲᠤᠷ ᠳᠡᠮᠳᠡᠭᠯᠡᠯ ᠠᠴᠠ ᠯᠠ     ᠮᠤᠩᠭᠤᠯ ᠬᠡᠯᠡ  ᠮᠢᠨᠢ ᠠᠮᠢᠯᠠᠳᠠᠭ ᠶᠤᠮ ᠰᠢᠤ ᠡ ᠲᠦᠷᠦ ᠵᠠᠶ᠋ᠢᠭ ᠨᠢ ᠲᠤᠮᠤᠭ ᠰᠢᠭ᠋ ᠬᠤᠪᠢᠷᠠᠬᠰᠠᠨ ᠴᠤ ᠡᠬᠡ ᠬᠡᠯᠡ ᠮᠢᠨᠢ ᠢᠷᠡᠭᠤᠬᠠᠨ ᠢᠶᠠᠷ ᠢᠶᠠᠨ ᠲᠦᠯᠭᠡ ᠵᠢᠷᠤᠬᠠᠢ ᠶᠢ ᠲᠤᠭᠤᠷᠠᠲᠠᠯ᠎ᠠ ᠰᠢᠨᠵᠢᠯᠡᠭᠰᠡᠨ ᠴᠤ ᠡᠬᠢᠯᠡᠬᠦ ᠠᠯᠬᠤᠮ ᠮᠢᠨᠢ ᠮᠤᠩᠭᠤᠯ ᠢᠶᠠᠷ ᠢᠶᠠᠨ    ᠮᠤᠩᠭᠤᠯ ᠬᠦᠮᠦᠨ ᠤ ᠨᠠᠮᠲᠠᠷ ᠲᠤᠤᠯᠢᠰ ᠤᠳ    ᠮᠤᠩᠭᠤᠯ ᠬᠡᠯᠡ ᠪᠠᠷ ᠢᠶᠠᠨ ᠯᠠ ᠦᠷᠭᠦᠯᠵᠢᠯᠡᠳᠡᠭ ᠶᠤᠮ ᠡ    ᠮᠤᠩᠭᠤᠯ ᠬᠡᠪᠰᠢᠯ ᠤᠨ ᠢᠶᠠᠨ ᠤᠷᠠᠨ ᠰᠡᠳᠬᠢᠮᠵᠢ ᠠᠴᠠ ᠯᠠ    ᠮᠤᠩᠭᠤᠯ ᠬᠡᠯᠡ ᠮᠢᠨᠢ ᠠᠮᠢᠯᠠᠳᠠᠭ ᠶᠤᠮ ᠰᠢᠤ ᠡ ︵ᠲᠡᠭᠦᠰᠬᠡᠯ ᠠᠶᠠᠯᠭᠤᠨ ᠤ ᠲᠠᠬᠢᠯᠲᠠ ᠳᠤ ᠰᠠᠨᠠᠭᠠᠴᠢᠯᠠᠬᠤ ᠨᠢ︶ ~ ᠮᠣᠩᠭᠤᠯᠴᠤᠳ ᠲᠦᠮᠡᠨ ᠤ ᠪᠠᠨ ᠤᠷᠠᠨ ᠰᠡᠳᠬᠢᠮᠵᠢ ᠠᠴᠠ ᠯᠠ    ᠮᠤᠩᠭᠤᠯ ᠬᠡᠯᠡ ᠮᠢᠨᠢ ᠠᠮᠢᠯᠠᠳᠠᠭ ᠶᠤᠮ ᠰᠢᠤ    ᠮᠤᠩᠭᠤᠯ ᠬᠡᠯᠡ ᠮᠢᠨᠢ ᠢᠷᠠᠭᠤᠬᠠᠨ ᠢᠶᠠᠷ ᠢᠶᠠᠨ ᠯᠠ ᠪᠠᠶᠢᠭᠠᠰᠠᠢ︕ᠬᠠᠷᠢᠯᠴᠠᠬᠤ ᠬᠠᠶ᠋ᠢᠭ᠄ ᠤᠯᠠᠭᠠᠨᠬᠠᠲᠠ ᠬᠤᠲᠠ ᠶᠢᠨ ᠬᠡᠰᠢᠭᠲᠡᠨ ᠬᠤᠰᠢᠭᠤᠨ ᠤ ᠪᠠᠶᠠᠨᠴᠠᠭᠠᠨ ᠰᠤᠮᠤᠨ ᠤ ᠪᠠᠶᠠᠬᠠᠭᠤᠯᠠ ᠭᠠᠴᠠᠭ᠎ᠠᠬᠠᠷᠢᠯᠴᠠᠬᠤ ᠤᠲᠠᠰᠤ᠄ 18204718590
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号