ᠫ᠊᠂ ᠴᠢᠯᠠᠭᠤᠨᠪᠠᠳᠤ -ᠮᠢᠨᠤ ᠮᠤᠩᠭᠤᠯ ᠬᠡᠯᠡ
ᠨᠡᠶᠢᠲᠡᠯᠡᠭᠰᠡᠨ ᠴᠠᠭ᠄
2019/12/4
              ᠮᠢᠨᠤ ᠮᠤᠩᠭᠤᠯ ᠬᠡᠯᠡ                       ᠫ᠊᠂ ᠴᠢᠯᠠᠭᠤᠨᠪᠠᠳᠤ        ᠤᠯᠠᠷᠢᠬᠤ ᠲᠡᠤᠬᠡ ᠶᠢᠨ ᠵᠢᠯᠤᠭᠤ ᠨᠢ ᠰᠦ ᠶᠢᠨ ᠦᠨᠤᠷ ᠲᠠᠢ    ᠤᠳᠤᠮ ᠶᠠᠰᠤᠳᠠᠨ ᠤ ᠪᠤᠱᠤᠭᠠᠨ ᠳᠤ ᠢᠯᠴᠢ ᠶᠢᠨ ᠭᠡᠭᠡ ᠲᠠᠢ    ᠤᠴᠢᠭ ᠡᠷᠳᠡᠨ ᠤ ᠤᠶᠢᠭᠤᠷᠵᠢᠨ ᠲᠤᠯᠢ ᠠᠴᠠ ᠳᠢᠳᠢᠮᠯᠡᠭᠰᠡᠨ    ᠤᠷᠴᠢᠯᠠᠩ ᠳᠤ ᠬᠤᠤᠰ ᠦᠭᠡᠢ ᠮᠤᠩᠭᠤᠯ ᠬᠡᠯᠡ ᠮᠢᠨᠢ ᠡ         ᠠᠢ ᠬᠦ᠋᠂ ᠮᠢᠨᠤ ᠰᠠᠶᠢᠬᠠᠨ ᠮᠤᠩᠭᠤᠯ ᠬᠡᠯᠡ ᠮᠢᠨᠢ                 ᠤᠴᠢᠷᠯᠠᠯ ᠤᠨ ᠲᠡᠭᠡᠳᠤ ᠠᠯᠳᠠᠨ ᠠᠪᠢᠶ᠎ᠠ ᠰᠠᠨ         ᠠᠢ ᠬᠦ᠋᠂ ᠮᠢᠨᠤ ᠲᠠᠷᠬᠠᠨ ᠮᠤᠩᠭᠤᠯ ᠰᠤᠶᠤᠯ ᠮᠢᠨᠢ                 ᠤᠯᠪᠠᠭᠠᠯᠠᠵᠦ ᠡᠷᠬᠦᠬᠦ ᠲᠡᠭᠷᠢᠯᠢᠭ ᠠᠶᠠᠯᠭᠤ ᠰᠠᠨ    ᠮᠦᠩᠬᠡ ᠮᠤᠩᠭᠤᠯ ᠤᠨ ᠲᠤᠮᠤᠬᠳᠤ ᠠᠯᠳᠠᠷ ᠢᠶᠠᠨ ᠲᠡᠯᠭᠡᠵᠦ    ᠮᠢᠩᠭ᠎ᠠ ᠮᠢᠩᠭᠠᠨ ᠤ ᠢᠷᠡᠭᠡᠳᠤᠢ ᠳᠤ ᠰᠤᠯᠤᠩᠭ᠎ᠠ ᠲᠠᠳᠠᠬᠰᠡᠨ    ᠮᠤᠷᠢᠳᠠᠨ ᠵᠠᠶᠠᠭᠠᠨ ᠤ ᠰᠤᠤ ᠪᠢᠯᠢᠭ ᠢᠶᠠᠨ ᠬᠤᠷᠤᠶᠢᠯᠠᠵᠦ    ᠮᠠᠨᠳᠤᠬᠤ ᠨᠠᠷᠠᠨ ᠰᠢᠭ᠋ ᠠᠰᠠᠬᠰᠡᠨ ᠮᠤᠩᠭᠤᠯ ᠬᠡᠯᠡ ᠮᠢᠨᠢ ᠡ         ᠠᠢ ᠬᠦ᠋᠂ ᠮᠢᠨᠤ ᠰᠠᠶᠢᠬᠠᠨ ᠮᠤᠩᠭᠤᠯ ᠬᠡᠯᠡ ᠮᠢᠨᠢ                 ᠭᠭᠢᠷᠳᠦᠬᠡᠵᠦ ᠪᠤᠯᠤᠰᠢ ᠦᠭᠡᠢ ᠠᠯᠳᠠᠨ ᠠᠪᠢᠶ᠎ᠠ ᠰᠠᠨ         ᠠᠢ ᠬᠦ᠋᠂ ᠮᠢᠨᠤ ᠢᠷᠠᠭᠤ ᠮᠤᠩᠭᠤᠯ ᠰᠤᠶᠤᠯ ᠮᠢᠨᠢ                 ᠪᠤᠷᠬᠠᠨ ᠮᠦᠷᠬᠦᠯ ᠲᠠᠢ ᠲᠡᠭᠷᠢᠯᠢᠭ ᠠᠶᠠᠯᠭᠤ ᠰᠠᠨ    ᠡᠵᠡᠨ ᠴᠢᠩᠬᠢᠰ ᠤᠨ ᠦᠷᠯᠦᠭ ᠵᠠᠷᠯᠢᠭ ᠢᠶᠠᠷ ᠦᠪᠯᠡᠭᠳᠡᠭᠰᠡᠨ    ᠲᠡᠯᠭᠡᠷ ᠮᠤᠩᠭᠤᠯ ᠤᠨ ᠵᠢᠷᠤᠬᠡᠨ ᠴᠤᠬᠢᠯᠭ᠎ᠠ ᠳᠤ ᠯᠤᠬᠰᠢᠬᠰᠡᠨ    ᠴᠠᠬᠢᠯᠠᠬᠤ ᠮᠦᠩᠬᠡ ᠶᠢᠨ ᠪᠠᠳᠤ ᠱᠠᠰᠳᠢᠷ ᠢᠶᠠᠨ ᠴᠢᠨᠳᠠᠯᠠᠬᠰᠡᠨ    ᠲᠡᠯᠡᠬᠡᠢ ᠳᠤ ᠭᠠᠭᠴᠠᠬᠠᠨ ᠪᠤᠰᠤᠭ᠎ᠠ ᠮᠤᠩᠭᠤᠯ ᠬᠡᠯᠡ ᠮᠢᠨᠢ ᠡ         ᠠᠢ ᠬᠦ᠋᠂ ᠮᠢᠨᠤ ᠰᠠᠶᠢᠬᠠᠨ ᠮᠤᠩᠭᠤᠯ ᠬᠡᠯᠡ ᠮᠢᠨᠢ              ᠲᠠᠪᠳᠠᠬᠳᠠᠰᠢ ᠦᠭᠡᠢ ᠡᠭᠡᠰᠢᠭ ᠤᠨ ᠠᠯᠳᠠᠨ ᠠᠪᠢᠶ᠎ᠠ ᠰᠠᠨ         ᠠᠢ ᠬᠦ᠋᠂ ᠮᠢᠨᠤ ᠪᠠᠭ᠋ᠠᠷᠤᠮ᠎ᠠ ᠮᠤᠩᠭᠤᠯ ᠰᠤᠶᠤᠯ ᠮᠢᠨᠢ              ᠲᠠᠩᠭᠠᠷᠢᠭ ᠰᠦᠯᠳᠡ ᠲᠠᠢ ᠲᠡᠭᠷᠢᠯᠢᠭ ᠠᠶᠠᠯᠭᠤ ᠰᠠᠨ                          ᠠᠢ ᠬᠦ᠋᠂ ᠮᠢᠨᠤ ᠪᠠᠭ᠋ᠠᠷᠤᠮ᠎ᠠ ᠮᠤᠩᠭᠤᠯ ᠬᠡᠯᠡ ᠮᠢᠨᠢ        ᠲᠡᠭᠷᠢ ᠰᠢᠳᠤᠭᠡᠨ ᠲᠠᠢ ᠮᠦᠩᠬᠡ ᠶᠢᠨ ᠠᠶᠠᠯᠭᠤ ᠳ᠋ᠠ ᠬᠠᠷᠢᠯᠴᠠᠬᠤ ᠬᠠᠶ᠋ᠢᠭ᠄  ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠭᠡ ᠬᠤᠰᠢᠭᠤᠨ ᠤ ᠨᠤᠳᠤᠭ ᠪᠡᠯᠴᠢᠭᠡᠷ ᠠᠮᠢ ᠠᠬᠤᠢ ᠶᠢᠨ ᠶᠡᠷᠤᠩᠬᠡᠶᠢᠯᠡᠭᠰᠡᠨ ᠬᠠᠤᠯᠢ ᠬᠡᠷᠡᠭᠵᠢᠬᠦᠯᠬᠦ ᠶᠡᠭᠡ ᠠᠩᠬᠢᠬᠠᠷᠢᠯᠴᠠᠬᠤ ᠤᠳᠠᠰᠤ᠄ 15847924187
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号