ᠪᠤᠷᠵᠢᠬᠢᠨ ᠠᠯᠳᠠᠬᠠᠭᠤᠯᠠ- ᠮᠢᠨᠤ ᠮᠤᠩᠭᠤᠯ ᠬᠡᠯᠡ
ᠨᠡᠶᠢᠲᠡᠯᠡᠭᠰᠡᠨ ᠴᠠᠭ᠄
2019/12/4
                  ᠮᠢᠨᠤ ᠮᠤᠩᠭᠤᠯ ᠬᠡᠯᠡ                             ᠪᠤᠷᠵᠢᠬᠢᠨ ᠠᠯᠳᠠᠬᠠᠭᠤᠯᠠ ᠲᠦᠷᠦᠬᠦ ᠠᠴᠠ ᠤᠭᠤᠷᠠᠭ ᠰᠦᠨ ᠤ ᠰᠢᠮ᠎ᠡ ᠪᠤᠯᠤᠭᠰᠠᠨ ᠮᠤᠩᠭᠤᠯ ᠬᠡᠯᠡ ᠲᠦᠮᠡᠨ  ᠬᠡᠯᠡᠳᠡᠨ ᠤ ᠰᠤᠳᠤᠨ ᠢᠷᠠᠭᠤ ᠰᠤᠨᠤᠰᠬᠤᠯᠠᠩ ᠮᠤᠩᠭᠤᠯ ᠬᠡᠯᠡ ᠲᠦᠬᠡᠷᠢᠯᠳᠦᠨ ᠶᠠᠪᠤᠭᠰᠠᠨ ᠲᠡᠦᠬᠡ ᠶᠢᠨ ᠠᠶᠠᠨ ᠤ ᠬᠦᠯᠦᠭ ︵ᠮᠦᠷ︶ ᠮᠤᠩᠭᠤᠯ ᠬᠡᠯᠡ ᠲᠦᠷᠦ ᠶᠢᠨ ᠬᠠᠰ ᠲᠠᠮᠠᠭᠠᠨ ᠲᠡᠬᠡᠷ᠎ᠡ ᠰᠠᠴᠤᠷᠠᠵᠤ ᠬᠡᠷᠡᠯᠳᠦᠭᠰᠡᠨ ︵ᠰᠡᠶᠢᠯᠵᠦ ᠲᠤᠷᠠᠶᠢᠭᠰᠡᠨ︶ ᠮᠤᠩᠭᠤᠯ ᠬᠡᠯᠡ       ᠮᠢᠨᠤ ᠮᠤᠩᠭᠤᠯ ᠬᠡᠯᠡ       ᠮᠦᠩᠬᠡ ᠶᠢᠨ ᠢᠷᠠᠭᠤ ᠡᠬᠡᠰᠢᠭ ᠡ ᠦᠰᠬᠦ ᠠᠴᠠ ᠠᠪᠤ ᠡᠪᠤᠬᠡᠳ ᠤᠨ ᠢᠷᠦᠬᠡᠯ ᠰᠢᠩᠭᠡᠭᠰᠡᠨ ᠮᠤᠩᠭᠤᠯ ᠬᠡᠯᠡ ᠤᠬᠠᠭᠠᠷᠠᠵᠤ ᠲᠤᠮᠤᠭᠠᠵᠢᠬᠤ ᠨᠠᠰᠤᠨ ᠤ ᠤᠶᠤᠨ ᠤ ᠲᠡᠵᠢᠬᠡᠯ ᠮᠤᠩᠭᠤᠯ ᠬᠡᠯᠡ ᠤᠳᠤᠮ ᠤᠭᠰᠠᠭ᠎ᠠ ᠶᠢᠨ ᠮᠢᠨᠢ ᠪᠠᠳᠠᠷᠠᠭᠰᠠᠨ ᠬᠦᠬᠡ ᠲᠦᠯᠦ ᠮᠤᠩᠭᠤᠯ ᠬᠡᠯᠡ ᠤᠷᠴᠢᠯᠠᠩ ᠤᠨ ᠠᠭᠤᠳᠠᠮ ᠡᠯᠢᠬᠡᠨ ᠳᠤ ᠪᠤᠰᠤᠭ᠎ᠠ ᠠᠮᠢᠯᠠᠭᠰᠠ ᠮᠤᠩᠭᠤᠯ ᠬᠡᠯᠡ       ᠮᠢᠨᠤ ᠮᠤᠩᠭᠤᠯ ᠬᠡᠯᠡ       ᠮᠦᠩᠬᠡ ᠶᠢᠨ ᠢᠷᠠᠭᠤ ᠡᠬᠡᠰᠢᠭ ᠡ ᠦᠬᠦᠬᠦ ᠠᠴᠠ ᠬᠠᠶᠢᠷᠠᠯᠠᠬᠤ ᠶᠢᠨ ᠤᠴᠢᠷ ᠲᠠᠢ ᠮᠤᠩᠭᠤᠯ ᠬᠡᠯᠡ ᠦᠪᠯᠡᠵᠦ ᠦᠯᠡᠳᠡᠬᠡᠬᠦ ᠶᠢᠨ ᠬᠠᠳᠠᠭᠤ ᠲᠠᠩᠭᠠᠷᠢᠭ ᠲᠠᠢ ᠡᠬᠡ ᠬᠡᠯᠡ ᠦᠨᠳᠤᠰᠦᠳᠡᠨ ᠶᠠᠰᠤᠳᠠᠨ ᠤ ᠮᠢᠨᠢ ᠬᠡᠶᠢᠮᠦᠷᠢ ᠰᠦᠯᠳᠠ ᠮᠤᠩᠭᠤᠯ ᠬᠡᠯᠡ ᠦᠶ᠎ᠡ ᠶᠢᠨ ᠦᠶ᠎ᠡ ᠪᠢᠰᠢᠷᠠᠨ ᠰᠢᠳᠦᠬᠦ ᠮᠦᠩᠬᠡ ᠶᠢᠨ ᠬᠡᠯᠡ       ᠮᠢᠨᠤ ᠮᠤᠩᠭᠤᠯ ᠬᠡᠯᠡ       ᠮᠦᠩᠬᠡ ᠶᠢᠨ ᠢᠷᠠᠭᠤ ᠡᠬᠡᠰᠢᠭ ᠡ   ᠬᠠᠷᠢᠯᠴᠠᠬᠤ ᠬᠠᠶ᠋ᠢᠭ᠄ ᠪᠠᠶᠠᠨᠨᠠᠭᠤᠷ ᠬᠤᠳᠠ ᠶᠢᠨ ᠤᠷᠠᠳ ᠤᠨ ᠲᠤᠮᠳᠠᠳᠤ ᠬᠤᠰᠢᠭᠤ    
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号