ᠪᠦᠲᠦᠭᠡᠭᠴᠢ -  ᠮᠢᠨᠦ ᠮᠣᠩᠭᠤᠯ ᠬᠡᠯᠡ
ᠨᠡᠶᠢᠲᠡᠯᠡᠭᠰᠡᠨ ᠴᠠᠭ᠄
2019/12/4
               ᠮᠢᠨᠦ ᠮᠣᠩᠭᠤᠯ ᠬᠡᠯᠡ                                  ᠪᠦᠲᠦᠭᠡᠭᠴᠢ  ᠡᠬᠡᠰᠢᠭ ᠭᠡᠶᠢᠭᠦᠯᠦᠭᠴᠢ ᠪᠦᠷᠢᠨ ᠪᠠᠶᠢᠳᠠᠭ ᠡᠷᠳᠡᠨᠢ ᠶᠢᠨ ᠬᠡᠯᠡ ᠶᠤᠮᠰᠠᠨ  ᠡᠲᠡᠭᠡᠳ ᠠᠪᠢᠶ᠎ᠠ ᠶᠢ ᠡᠪᠲᠡᠢ ᠭᠠᠷᠭᠠᠳᠠᠭ ᠡᠷᠬᠢᠮ ᠬᠡᠯᠡ ᠶᠤᠮᠰᠠᠨ  ᠪᠣᠰᠤᠭ᠎ᠠ ᠪᠠᠷ ᠪᠢᠴᠢᠵᠦ ᠪᠣᠳᠣᠯᠭ᠎ᠠ ᠶᠢ ᠲᠣᠭᠲᠠᠭᠠᠳᠠᠭ ᠪᠣᠭᠳᠠ ᠬᠡᠯᠡ ᠶᠤᠮᠰᠠᠨ  ᠪᠣᠯᠠᠭ ᠰᠢᠭ᠋ ᠤᠨᠳᠤᠷᠴᠤ ᠪᠠᠶᠢᠭᠠᠯᠢ ᠲᠠᠢ ᠵᠣᠬᠢᠴᠠᠳᠠᠭ ᠪᠣᠷᠬᠠᠨ ᠬᠡᠯᠡ ᠶᠤᠮᠰᠠᠨ ᠮᠢᠨᠦ ᠡᠬᠡ ᠬᠡᠯᠡ᠂ ᠮᠣᠩᠭᠤᠯ ᠬᠡᠯᠡ ᠡ ᠮᠢᠨᠲᠠᠰᠤ ᠰᠢᠭ᠋ ᠵᠦᠭᠡᠯᠡᠨ ᠲᠣᠷᠭᠠᠨ ᠬᠡᠯᠡ ᠡ  ᠤᠷᠠᠨ ᠲᠣᠳᠣ ᠶᠠᠷᠢᠵᠤ ᠢᠯᠡᠳᠭᠡᠳᠡᠭ ᠴᠢᠳᠠᠮᠠᠭᠠᠢ ᠬᠡᠯᠡ ᠶᠤᠮᠰᠠᠨ  ᠤᠶᠠᠨ ᠬᠠᠳᠠᠨ ᠢᠯᠭᠠᠷᠠᠵᠤ ᠲᠣᠳᠣᠷᠠᠳᠠᠭ ᠴᠢᠨᠳᠠᠮᠤᠨᠢ ᠬᠡᠯᠡ ᠶᠤᠮᠰᠠᠨ  ᠤᠭᠰᠠᠭ᠎ᠠ ᠠᠶᠢᠮᠠᠭ ᠢᠶᠠᠨ ᠨᠢᠭᠡᠨ ᠵᠢᠯᠣᠭᠤᠨ ᠳᠤ ᠬᠤᠮᠢᠭᠰᠠᠨ ᠬᠡᠯᠡ ᠶᠤᠮᠰᠠᠨ  ᠤᠬᠠᠭᠠᠨᠲᠤ ᠬᠤᠶᠢᠴᠢᠰ ᠢᠶᠠᠨ ᠨᠠᠷᠠᠨ ᠮᠡᠲᠦ ᠭᠡᠶᠢᠭᠦᠯᠦᠭᠰᠡᠨ ᠬᠡᠯᠡ ᠶᠤᠮᠰᠠᠨ ᠮᠢᠨᠦ ᠡᠬᠡ ᠬᠡᠯᠡ᠂ ᠮᠣᠩᠭᠤᠯ ᠬᠡᠯᠡ ᠡ ᠮᠣᠷᠢᠲᠠᠨ ᠦᠨᠳᠦᠰᠦᠲᠡᠨ ᠤ ᠳᠠᠷᠬᠠᠨ ᠭᠡᠯᠡ ᠡ  ᠰᠢᠯᠦᠭᠯᠡᠵᠦ ᠵᠦᠢᠷᠯᠡᠳᠡᠭ ᠪᠢᠯᠢᠭ ᠰᠤᠷᠭᠠᠯ ᠲᠠᠢ ᠤᠷᠤᠰᠤᠮ᠎ᠠ ᠬᠡᠯᠡ ᠶᠤᠮᠰᠠᠨ  ᠰᠢᠨᠵᠢᠯᠡᠵᠦ ᠰᠤᠳᠤᠯᠳᠠᠭ ᠪᠡᠯᠭᠡ ᠳᠡᠮᠪᠡᠷᠢᠯ ᠲᠠᠢ ᠪᠠᠭ᠋ᠠᠷᠤᠮ᠎ᠠ ᠬᠡᠯᠡ ᠶᠤᠮᠰᠠᠨ  ᠬᠠᠷᠢ ᠶᠢ ᠳᠠᠭᠠᠭᠤᠯᠵᠤ ᠬᠠᠷᠠᠴᠣᠰ ᠢᠶᠠᠨ ᠢᠪᠡᠭᠡᠭᠰᠡᠨ ᠬᠠᠭᠠᠨ ᠬᠡᠯᠡ ᠶᠤᠮᠰᠠᠨ  ᠬᠠᠮᠤᠭ ᠢ ᠤᠷᠮᠠᠰᠢᠭᠤᠯᠵᠤ ᠬᠤᠷᠴᠠᠯᠢᠭ ᠪᠣᠯᠭᠠᠭᠰᠠᠨ ᠬᠠᠲᠤᠨ ᠬᠡᠯᠡ ᠶᠤᠮᠰᠠᠨ ᠮᠢᠨᠦ ᠡᠬᠡ ᠬᠡᠯᠡ᠂ ᠮᠣᠩᠭᠤᠯ ᠬᠡᠯᠡ ᠡ ᠮᠠᠨᠳᠤᠬᠤ ᠢᠷᠡᠭᠡᠳᠦᠢ ᠶᠢᠨ ᠮᠡᠷᠭᠡᠨ ᠬᠡᠯᠡ ᠡ ᠬᠠᠷᠢᠯᠴᠠᠬᠤ ᠬᠠᠶ᠋ᠢᠭ᠄ ᠪᠠᠶᠠᠨᠨᠠᠭᠤᠷ ᠬᠤᠲᠠ ᠶᠢᠨ ᠤᠷᠠᠳ ᠤᠨ ᠬᠤᠶᠢᠲᠣ ᠬᠤᠰᠢᠭᠤᠨ ᠤ ᠤᠬᠠᠭᠤᠨᠯᠬᠤ ᠬᠡᠯᠲᠡᠰ ᠬᠠᠷᠢᠯᠴᠠᠬᠤ ᠤᠲᠠᠰᠤ᠄ 133 2708 6273
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号