ᠮᠢᠨᠤ ᠮᠤᠩᠭᠤᠯ ᠬᠡᠯᠡ | ᠳ᠋᠊᠂ ᠬᠠᠳᠠ | ᠠᠯᠲᠠᠨ ᠳᠡᠯᠡᠬᠡᠢ ᠳᠤ ᠡᠨᠡ ᠯᠠ ᠬᠡᠯᠡ ᠡᠬᠡᠰᠢᠭ ᠲᠠᠢ ᠪᠢᠯᠠ | ᠠᠩᠭᠢᠷ ᠤᠭᠤᠷᠠᠭ ᠤᠨ ᠰᠢᠮ᠎ᠠ ᠬᠠᠩᠬᠤᠯᠤᠬᠰᠠᠨ ᠮᠦᠩᠬᠡ ᠶᠢᠨ ᠪᠢᠯᠠ | ᠠᠰᠬᠠᠨ ᠮᠠᠨᠲᠤᠵᠤ ᠬᠡᠶᠢᠮᠤᠷᠢ ᠬᠤᠷᠤᠶᠢᠯᠠᠬᠰᠠᠨ ᠰᠢᠲᠤᠭᠡᠨ ᠲᠠᠢ ᠪᠢᠯᠠ | ᠠᠯᠢ ᠲᠢᠪ ᠤᠨ ᠬᠤᠶᠢᠮᠤᠷ ᠲᠤ ᠬᠦᠷᠦᠭᠰᠡᠨ ᠴᠤ ᠵᠢᠪᠬᠤᠭ᠎ᠠ ᠲᠠᠢ ᠪᠢᠯᠠ | ᠠ ᠡ ᠢ ᠤ ᠤ ᠦ ᠦ | ᠮᠢᠩᠭᠠᠨ᠂ ᠮᠢᠩᠭᠠᠨ ᠪᠤᠭᠤᠷᠤᠯ ᠲᠤᠮᠤᠭ ᠲᠠᠢ | ᠮᠢᠨᠤ ᠮᠤᠩᠭᠤᠯ ᠬᠡᠯᠡ | ᠡᠬᠡ ᠬᠡᠯᠡ ᠮᠢᠨᠢ ᠡ | | ᠲᠡᠷᠯᠢᠭ ᠢᠶᠠᠷ ᠭᠤᠶᠤᠯᠠᠬᠰᠠᠨ ᠠᠪᠤᠷᠭᠤ ᠦᠨᠲᠤᠰᠤᠲᠡᠨ ᠤ ᠲᠤᠩᠬᠠᠭ ᠪᠢᠯᠠ | ᠲᠡᠷᠳᠡᠭᠡ ᠵᠠᠭᠤᠨ ᠠᠴᠠ ᠴᠤᠤᠷᠢᠶᠠᠳᠤᠵᠤ ᠲᠤᠳᠤᠷᠡᠬᠰᠠᠨ ᠰᠤᠶᠤᠯ ᠪᠢᠯᠠ | ᠲᠡᠭᠷᠢ ᠶᠢᠨ ᠠᠶᠤᠩᠭ᠎ᠠ ᠤᠶᠠᠷᠠᠭᠤᠨ ᠪᠢᠴᠢᠭᠳᠡᠳᠡᠭ ᠰᠢᠳᠢ ᠲᠠᠢ ᠪᠢᠯᠠ | ᠳᠡᠭᠡᠲᠤᠰ ᠤᠨ ᠰᠤᠷᠭᠠᠯ ᠢᠶᠠᠷ ᠦᠷ᠎ᠡ ᠪᠠᠨ ᠪᠦᠪᠠᠶᠢᠯᠡᠭᠰᠡᠨ ᠳᠠᠭᠤᠤ ᠲᠠᠢ ᠪᠢᠯᠠ | ᠠ ᠡ ᠢ ᠤ ᠤ ᠦ ᠦ | ᠮᠢᠩᠭᠠᠨ᠂ ᠮᠢᠩᠭᠠᠨ ᠪᠤᠭᠤᠷᠤᠯ ᠲᠤᠮᠤᠭ ᠲᠠᠢ | ᠮᠢᠨᠤ ᠮᠤᠩᠭᠤᠯ ᠬᠡᠯᠡ | ᠡᠬᠡ ᠬᠡᠯᠡ ᠮᠢᠨᠢ ᠡ | ᠡᠴᠢᠭᠡ ᠲᠡᠭᠷᠢ ᠶᠢᠨ ᠪᠤᠰᠤᠭ᠎ᠠ ᠴᠡᠩᠬᠡᠷ ᠤᠶᠠᠩᠭ᠎ᠠ ᠪᠢᠯᠠ | ᠡᠬᠡ ᠪᠦᠮᠪᠤᠷᠴᠡᠭ ᠤᠨ ᠪᠤᠷᠬᠠᠨ ᠰᠢᠲᠤᠯᠭᠡ ᠲᠠᠢ ᠬᠠᠶ᠋ᠢᠭ ᠪᠢᠯᠠ | ᠡᠯᠢᠭᠡᠨ ᠰᠣᠲᠠᠰᠤ ᠪᠠᠷ ᠲᠠᠩᠭᠠᠷᠢᠭ ᠰᠢᠪᠡᠨᠡᠭᠰᠡᠨ ᠤᠷᠠᠢ ᠪᠢᠯᠠ | ᠡᠨᠡ ᠯᠠ ᠬᠡᠯᠡ ᠪᠠᠷ ᠳᠠᠭᠤᠯᠠᠬᠤ ᠦᠷᠢᠲᠠᠢ ᠨᠢ ᠵᠢᠷᠭᠠᠯ ᠪᠢᠯᠠ | ᠠ ᠡ ᠢ ᠤ ᠤ ᠦ ᠦ | ᠮᠢᠩᠭᠠᠨ᠂ ᠮᠢᠩᠭᠠᠨ ᠪᠤᠭᠤᠷᠤᠯ ᠲᠤᠮᠤᠭ ᠲᠠᠢ | ᠮᠢᠨᠤ ᠮᠤᠩᠭᠤᠯ ᠬᠡᠯᠡ | ᠡᠬᠡ ᠬᠡᠯᠡ ᠮᠢᠨᠢ ᠡ | ᠬᠠᠷᠢᠯᠴᠠᠬᠤ ᠬᠠᠶ᠋ᠢᠭ᠄ ᠰᠢᠯᠢ ᠶᠢᠨ ᠭᠤᠤᠯ ᠠᠶᠢᠮᠠᠭ ᠤᠨ ᠰᠢᠯᠤᠭᠤᠨ ᠴᠠᠭᠠᠨ ᠬᠤᠰᠢᠭᠤᠨ ᠤ ᠤᠯᠠᠭᠠᠨᠴᠠᠪ ᠰᠤᠮᠤᠨ | ᠤ ᠬᠤᠨᠲᠤ ᠭᠠᠴᠠᠭ᠎ᠠ | ᠬᠠᠷᠢᠯᠴᠠᠬᠤ ᠤᠲᠠᠰᠤ᠄ 15547924186 |