ᠭᠤ᠊ ᠵᠢᠷᠭᠠᠯ - ᠮᠢᠨᠤ ᠮᠤᠩᠭᠤᠯ ᠬᠡᠯᠡ
ᠨᠡᠶᠢᠲᠡᠯᠡᠭᠰᠡᠨ ᠴᠠᠭ᠄
2019/12/4
                           ᠮᠢᠨᠤ ᠮᠤᠩᠭᠤᠯ ᠬᠡᠯᠡ                                   ᠭᠤ᠊ ᠵᠢᠷᠭᠠᠯ ᠶᠢᠷᠳᠢᠨᠴᠦ ᠶᠢᠨ ᠲᠦᠮᠡᠨ ᠭᠠᠶᠢᠬᠠᠭᠠᠳ ᠪᠠᠶᠢᠳᠠᠭ ᠢᠷᠠᠭᠤ ᠰᠤᠨᠤᠰᠬᠤᠯᠠᠩ ᠲᠠᠢ ᠴᠡᠪᠡᠷ ᠬᠡᠯᠡ ᠮᠢᠨᠢ ᠡᠬᠡᠰᠢᠭ ᠲᠤᠯᠤᠭ᠎ᠠ ᠶᠢᠨ ᠭᠠᠶᠢᠬᠠᠮ᠎ᠠ ᠠᠪᠢᠶ᠎ᠠ ᠶᠢ ᠦᠶ᠎ᠡ ᠶᠢᠨ ᠦᠶ᠎ᠡ ᠳᠡᠭᠡᠨ ᠦᠪᠯᠡᠵᠦ ᠬᠠᠶᠢᠷᠠᠯᠠᠶ᠎ᠠ       ᠨᠠᠷᠮᠠᠢ ᠮᠤᠩᠭᠤᠯ ᠤᠨ ᠡᠷᠳᠡᠨᠢᠲᠦ ᠬᠡᠯᠡ ᠪᠠᠨ       ᠨᠠᠬᠢᠶ᠎ᠡ ᠴᠤᠮᠤᠷᠯᠢᠭ ᠲᠠᠭᠠᠨ ᠵᠢᠭᠠᠵᠤ ᠦᠭᠬᠦᠶ᠎ᠡ ᠦᠨᠳᠦᠰᠦᠳᠡᠨ ᠶᠠᠰᠤᠳᠠᠨ ᠪᠢᠰᠢᠷᠡᠬᠡᠳ ᠪᠠᠶᠢᠳᠠᠭ ᠦᠷᠯᠦᠭ ᠡᠵᠢ ᠶᠢᠨ ᠷᠠᠰᠢᠶᠠᠨ ᠬᠡᠯᠡ ᠮᠢᠨᠢ ᠦᠨᠢᠷ ᠰᠤᠶᠤᠯ ᠤᠨ ᠠᠷᠢᠭᠤᠨ ᠴᠦᠬᠦᠴᠡᠨ ᠳᠤ ᠦᠨᠢᠳᠡ ᠪᠠᠳᠮᠠᠯᠠᠬᠤ ᠵᠤᠯᠠ ᠰᠢᠭ᠋ ᠬᠡᠷᠡᠯᠳᠦᠬᠦᠯᠦᠶ᠎ᠡ       ᠲᠡᠪᠡᠯ ᠲᠠᠢ ᠮᠤᠩᠭᠤᠯ ᠤᠨ ᠡᠷᠳᠡᠨᠢᠳᠦ ᠬᠡᠯᠡ ᠪᠠᠨ       ᠲᠡᠭᠳᠡᠬᠡᠬᠡᠢ ᠦᠷᠡᠰ ᠲᠡᠭᠡᠨ ᠵᠢᠭᠠᠵᠤ ᠦᠭᠬᠦᠶ᠎ᠡ ᠬᠠᠷᠢ ᠬᠦᠷᠦᠨ ᠳᠤ ᠶᠠᠷᠢᠭᠳᠠᠭᠠᠳ ᠪᠠᠶᠢᠳᠠᠭ ᠬᠠᠨ ᠲᠡᠯᠡᠬᠡᠢ ᠳᠤ ᠬᠤᠤᠰ ᠦᠬᠡᠢ ᠬᠡᠯᠡ ᠮᠢᠨᠢ ᠬᠠᠭᠠᠨ ᠲᠦᠷᠦ ᠳᠤ ᠪᠢᠴᠢᠭᠳᠡᠭᠰᠡᠨ ᠦᠰᠦᠭ ᠢ ᠬᠠᠮᠢᠭ᠎ᠠ ᠪᠤᠯᠤᠭᠰᠠᠨ ᠴᠦ ᠪᠤᠰᠤᠭ᠎ᠠ ᠪᠠᠷ ᠰᠤᠷᠤᠶ᠎ᠠ       ᠬᠦᠬᠡ ᠮᠤᠩᠭᠤᠯ ᠤᠨ ᠡᠷᠳᠡᠨᠢᠲᠦ ᠬᠡᠯᠡ ᠪᠠᠨ       ᠬᠡᠤᠬᠡᠳ ᠠᠴᠢᠨᠠᠷ ᠲᠠᠭᠠᠨ ᠵᠢᠭᠠᠵᠤ ᠦᠭᠬᠦᠶ᠎ᠡ ᠬᠠᠷᠢᠯᠴᠠᠬᠤ ᠬᠠᠶ᠋ᠢᠭ᠄ ᠰᠢᠯᠢ ᠶᠢᠨ ᠭᠤᠤᠯ ᠠᠶᠢᠮᠠᠭ ᠤᠨ ᠪᠠᠷᠠᠭᠤᠨ ᠦᠵᠦᠮᠦᠴᠢᠨ ᠬᠤᠰᠢᠭᠤ
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号