ᠮ᠊᠂ ᠴᠢᠩᠪᠠᠲᠤ - ᠮᠢᠨᠤ ᠮᠤᠩᠭᠤᠯ ᠬᠡᠯᠡ
ᠨᠡᠶᠢᠲᠡᠯᠡᠭᠰᠡᠨ ᠴᠠᠭ᠄
2019/12/4
                 ᠮᠢᠨᠤ ᠮᠤᠩᠭᠤᠯ ᠬᠡᠯᠡ                                 ᠮ᠊᠂ ᠴᠢᠩᠪᠠᠲᠤ ᠠᠯᠲᠠᠢ ᠢᠵᠠᠭᠤᠷ ᠤᠳᠤᠮ ᠤᠨ ᠴᠢᠰᠤᠨ ᠳᠤ ᠰᠢᠩᠭᠡᠭᠰᠡᠨ ᠬᠡᠯᠡ ᠠᠯᠲᠠᠨ ᠳᠡᠯᠡᠬᠡᠢ ᠳᠤ ᠬᠤᠤᠰ ᠦᠬᠡᠢ ᠴᠠᠳᠢᠭ ᠲᠡᠤᠬᠡᠨ ᠬᠡᠯᠡ ᠠᠩᠬ᠎ᠠ ᠳᠡᠭᠡᠳᠤ ᠠᠴᠠ ᠰᠤᠶᠤᠷᠬᠠᠬᠰᠠᠨ ᠠᠷᠢᠭᠤᠨ ᠨᠠᠨᠳᠢᠨ ᠬᠡᠯᠡ ᠠᠴᠢᠨᠠᠷ ᠦᠷᠡᠰ ᠲᠡᠭᠡᠨ ᠦᠪᠯᠡᠬᠦ ᠠᠮᠢᠨ ᠰᠢᠲᠤᠭᠡᠨ ᠬᠡᠯᠡ                ᠮᠢᠨᠤ ᠰᠠᠶᠢᠬᠠᠨ ᠮᠤᠩᠭᠤᠯ ᠬᠡᠯᠡ                ᠮᠠᠨᠳᠤᠬᠤ ᠨᠠᠷᠠᠨ ᠤ ᠰᠠᠴᠤᠷᠠᠭ ᠰᠢᠭ᠋ ᠬᠡᠯᠡ ᠡᠷᠭᠦᠨ᠎ᠠ ᠤᠨᠤᠨ ᠤ ᠲᠤᠤᠯᠢ ᠲᠠᠢ ᠰᠤᠲᠤᠷ ᠪᠢᠴᠢᠭ ᠤᠨ ᠬᠡᠯᠡ ᠡᠵᠡᠨ ᠴᠢᠩᠭᠢᠰ ᠤᠨ ᠲᠤᠮᠤᠭ ᠲᠠᠢ ᠰᠤᠤ ᠪᠢᠯᠢᠭ ᠤᠨ ᠬᠡᠯᠡ ᠡᠩᠬᠡ ᠬᠤᠷᠸ᠎ᠠ ᠳᠤ ᠳᠡᠭᠡᠳᠤᠯᠡᠬᠦ ᠲᠠᠩᠰᠤᠭ ᠪᠠᠶᠠᠨ ᠬᠡᠯᠡ ᠡᠪ ᠬᠠᠶᠢᠷ᠎ᠠ ᠶᠢᠨ ᠳᠠᠭᠤᠯᠠᠯ ᠲᠠᠢ ᠲᠠᠷᠬᠠᠨ ᠦᠪ ᠬᠡᠯᠡ                ᠮᠢᠨᠤ ᠰᠠᠶᠢᠬᠠᠨ ᠮᠤᠩᠭᠤᠯ ᠬᠡᠯᠡ                ᠮᠢᠩᠭᠠᠨ ᠤᠨ ᠤ ᠬᠢᠯᠪᠠᠭ᠎ᠠ ᠲᠠᠢ ᠬᠡᠯᠡ ᠵᠠᠭᠤᠨ ᠵᠠᠭᠤᠨ ᠢ ᠠᠷᠭᠠᠲᠠᠬᠰᠠᠨ ᠲᠡᠭᠷᠢᠯᠢᠭ ᠬᠦᠰᠡᠯ ᠤᠨ ᠬᠡᠯᠡ ᠵᠤᠷᠢᠭ ᠰᠦᠰᠦ ᠶᠢ ᠡᠷᠴᠢᠯᠡᠭᠰᠡᠨ ᠬᠢᠶᠠᠨ ᠰᠠᠨᠠᠭᠠᠨ ᠤ ᠬᠡᠯᠡ ᠵᠢᠪᠬᠤᠭ᠎ᠠ ᠬᠡᠶᠢᠮᠤᠷᠢ ᠶᠢ ᠡᠷᠭᠦᠭᠰᠡᠨ ᠲᠦᠪᠰᠢᠨ ᠪᠠᠲᠤ ᠬᠡᠯᠡ ᠵᠤᠯᠪᠤᠭᠠᠲᠤ ᠬᠤᠶᠢᠴᠢᠰ ᠤᠨ ᠮᠢᠨᠢ ᠳᠡᠯᠭᠡᠷ ᠵᠠᠶᠠᠭᠠᠨ ᠤ ᠬᠡᠯᠡ                ᠮᠢᠨᠤ ᠰᠠᠶᠢᠬᠠᠨ ᠮᠤᠩᠭᠤᠯ ᠬᠡᠯᠡ                ᠮᠦᠩᠭᠡ ᠤᠷᠤᠰᠢᠬᠤ ᠢᠷᠦᠭᠡᠯ ᠲᠠᠢ ᠬᠡᠯᠡ  ᠬᠠᠷᠢᠯᠴᠠᠬᠤ ᠬᠠᠶ᠋ᠢᠭ᠄ ᠤᠯᠠᠭᠠᠨᠬᠠᠲᠠ ᠬᠤᠲᠠ ᠶᠢᠨ ᠪᠠᠭᠠᠷᠢᠨ ᠪᠠᠷᠠᠭᠤᠨ ᠬᠤᠰᠢᠭᠤᠨ ᠤ ᠪᠠᠶᠠᠨᠲᠠᠯ᠎ᠠ ᠰᠤᠮᠤ  ᠬᠠᠷᠢᠯᠴᠠᠬᠤ ᠤᠲᠠᠰᠤ᠄ 13848669724
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号