| ᠡᠬᠡ ᠬᠡᠯᠡ ᠮᠢᠨᠢ | ᠪᠦᠬᠡᠳᠤᠭᠳᠠᠬᠤ | | ᠪᠤᠭᠳᠠ ᠴᠢᠩᠭᠢᠰ ᠤᠨ ᠪᠦᠳᠦᠭᠡᠵᠦ ᠦᠯᠡᠳᠡᠭᠡᠭᠰᠡᠨ ᠠᠤᠭ᠎ᠠ ᠦᠪ | ᠪᠤᠷᠬᠠᠨ ᠬᠠᠯᠳᠤᠨ ᠢ ᠳᠡᠮᠳᠡᠭᠯᠡᠵᠦ ᠵᠢᠷᠤᠭᠯᠠᠭᠰᠠᠨ ᠦᠨᠡᠨ ᠲᠡᠤᠬᠡ | ᠪᠤᠮᠠᠨ ᠮᠤᠩᠭᠤᠯ ᠤᠨ ᠵᠤᠷᠢᠭ ᠢ ᠬᠦᠪᠴᠢᠯᠡᠭᠰᠡᠨ ᠳᠤᠯᠤᠭᠠᠨ ᠪᠤᠷᠬᠠᠳ | ᠪᠤᠳᠠᠩᠳᠤ ᠬᠤᠷᠸ᠎ᠠ ᠳᠤ ᠭᠠᠭᠴᠠᠬᠠᠨ ᠤᠯᠳᠠᠳᠠᠭ ᠪᠦᠳᠦᠨ ᠲᠤᠪᠴᠢᠶᠠᠨ | ᠡᠬᠡ ᠬᠡᠯᠡ ᠮᠢᠨᠢ᠂ ᠡᠵᠢ ᠶᠢᠨ ᠲᠦᠷᠢ ᠲᠠᠢ | ᠡᠬᠡ ᠬᠡᠯᠡ ᠮᠢᠨᠢ᠂ ᠲᠡᠯᠡᠬᠡᠢ ᠳᠤ ᠮᠦᠷ ᠲᠠᠢ | ᠬᠦᠷᠦᠰᠦᠳᠦ ᠲᠡᠯᠡᠬᠡᠢ ᠳᠤ ᠪᠤᠰᠤᠭ᠎ᠠ ᠪᠠᠷ ᠲᠠᠨᠢᠭᠳᠠᠭᠰᠠᠨ ᠳᠤᠭᠰᠢᠨ ᠠᠶᠠᠯᠭᠤᠨ | ᠬᠦᠨᠳᠠᠯᠠᠨ ᠲᠢᠪ ᠢ ᠲᠤᠪᠴᠢᠯᠡᠨ ᠲᠠᠮᠠᠭᠠᠯᠠᠭᠰᠠᠨ ᠬᠠᠳᠠᠭᠤ ᠲᠤᠭᠤᠷᠠᠢ | ᠬᠦᠬᠡ ᠮᠤᠩᠭᠤᠯ ᠢ ᠲᠤᠭ ᠢᠶᠠᠷ ᠢᠶᠠᠨ ᠳᠠᠯᠠᠯᠤᠭᠰᠠᠨ ᠵᠢᠷᠦᠬᠡᠨ ᠲᠠᠷᠨᠢ | ᠬᠦᠬᠡᠮᠳᠦᠭ ᠲᠡᠭᠷᠢ ᠶᠢᠨ ᠭᠢᠯᠪᠢᠭᠡᠨ ᠢᠶᠠᠷ ᠪᠢᠴᠢᠭᠳᠡᠭᠰᠡᠨ ᠲᠡᠭᠷᠢᠯᠢᠭ ᠵᠠᠷᠯᠢᠭ | ᠡᠬᠡ ᠬᠡᠯᠡ ᠮᠢᠨᠢ᠂ ᠡᠵᠢ ᠶᠢᠨ ᠲᠦᠷᠢ ᠲᠠᠢ | ᠡᠬᠡ ᠬᠡᠯᠡ ᠮᠢᠨᠢ᠂ ᠲᠡᠯᠡᠬᠡᠢ ᠳᠤ ᠮᠦᠷ ᠲᠠᠢ | ᠵᠤᠰᠠᠭᠠᠯ ᠵᠤᠰᠠᠭᠠᠯ ᠤᠨ ᠪᠠᠭᠤᠴᠠᠨ ᠳᠤ ᠲᠤᠯᠭ᠎ᠠ ᠶᠢᠨ ᠭᠠᠯ ᠢᠶᠠᠷ ᠢᠶᠠᠨ ᠲᠠᠨᠢᠭᠳᠠᠳᠠᠭ | ᠵᠤᠤᠵᠠᠢ ᠬᠤᠯᠪᠤᠨ ᠠᠯᠬᠤᠭᠤᠯᠬᠤ ᠳᠤ ᠲᠦᠷᠦᠭᠡ ᠮᠢᠯᠢᠶᠠᠨ ᠢᠷᠦᠭᠡᠳᠡᠭ | ᠵᠠᠭᠤᠨ ᠵᠠᠭᠤᠨ ᠤ ᠤᠷᠤᠰᠬᠠᠯ ᠳᠤ ᠬᠦᠮᠦᠨ ᠮᠦᠰᠦ ᠪᠠᠷ ᠢᠶᠠᠨ ᠴᠢᠯᠠᠭᠤᠵᠢᠳᠠᠭ | ᠵᠠᠯᠭᠠᠨ ᠦᠪᠯᠡᠨ ᠪᠠᠳᠠᠷᠠᠭᠠᠬᠤ ᠳᠤ ᠵᠤᠭᠰᠤᠭ᠎ᠠ ᠶᠤᠰᠤ ᠪᠠᠷ ᠢᠶᠠᠨ ᠮᠦᠩᠬᠡᠷᠡᠳᠡᠭ᠃ | ᠡᠬᠡ ᠬᠡᠯᠡ ᠮᠢᠨᠢ᠂ ᠡᠵᠢ ᠶᠢᠨ ᠲᠦᠷᠢ ᠲᠠᠢ | ᠡᠬᠡ ᠬᠡᠯᠡ ᠮᠢᠨᠢ᠂ ᠲᠡᠯᠡᠬᠡᠢ ᠳᠤ ᠮᠦᠷ ᠲᠠᠢ | | ᠬᠠᠷᠢᠯᠴᠠᠬᠤ ᠬᠠᠶ᠋ᠢᠭ᠄ ᠤᠯᠠᠭᠠᠨᠬᠠᠲᠠ ᠬᠤᠲᠠ ᠶᠢᠨ ᠪᠠᠭᠠᠷᠢᠨ ᠪᠠᠷᠠᠭᠤᠨ ᠬᠤᠰᠢᠭᠤᠨ ᠤ ᠴᠠᠭᠠᠨᠮᠦ᠋ᠷᠡᠨ ᠰᠤᠮᠤᠨ ᠤ | ᠪᠤᠯᠤᠩ ᠭᠠᠴᠠᠭ᠎ᠠ | ᠬᠠᠷᠢᠯᠴᠠᠬᠤ ᠤᠳᠠᠰᠤ᠄ 15047615102 | |