ᠡᠷᠬᠢᠮᠳᠣᠭᠳᠠᠬᠤ - ᠡᠬᠡ ᠮᠣᠩᠭᠤᠯ ᠬᠡᠯᠡ
ᠨᠡᠶᠢᠲᠡᠯᠡᠭᠰᠡᠨ ᠴᠠᠭ᠄
2019/12/4
ᠡᠬᠡ ᠮᠣᠩᠭᠤᠯ ᠬᠡᠯᠡ                                              ᠡᠷᠬᠢᠮᠳᠣᠭᠳᠠᠬᠤ ᠪᠣᠷᠬᠠᠨ ᠠᠴᠠ ᠢᠪᠡᠬᠡᠭᠰᠡᠨ ᠪᠣᠯᠬᠤᠷ ᠮᠦᠡᠭᠬᠡ ᠶᠢᠨ  ᠠᠭᠤᠣ ᠬᠦᠴᠦᠨ ᠲᠠᠢ ᠪᠣᠭᠳᠠ ᠠᠴᠠ ᠦᠬᠦᠯᠡᠭᠰᠡᠨ ᠪᠣᠯᠬᠤᠷ ᠡᠩᠬᠡ ᠲᠠᠶᠢᠪᠤᠡᠭ ᠤᠨ ᠰᠣᠪᠢᠡᠭ ᠲᠠᠢ ᠪᠣᠷᠣ ᠬᠡᠷ ᠲᠤ ᠡᠬᠢᠯᠡᠳᠡᠭ ᠠᠴᠠ ᠡᠬᠡᠯ ᠶᠡᠷᠦ ᠶᠢᠨ ᠴᠢᠨᠠᠷ ᠲᠠᠢ ᠪᠢᠯᠢᠭ ᠤᠨ ᠬᠡᠷᠡᠯ ᠳᠤ ᠰᠢᠩᠬᠡᠳᠡᠭ ᠠᠴᠠ ᠡᠷᠬᠢᠮ ᠶᠡᠭᠡ ᠶᠢᠨ ᠴᠢᠳᠠᠯ ᠲᠠᠢ ᠡᠬᠡ ᠮᠣᠩᠭᠤᠯ ᠬᠡᠯᠡ ᠮᠢᠨᠢ ᠣᠷᠴᠢᠯᠠᠩ ᠤᠨ ᠣᠶᠠᠩᠭᠠᠨ ᠰᠠᠯᠬᠢ ᠮᠢᠨᠢ ᠡᠬᠡ ᠮᠣᠩᠭᠤᠯ ᠬᠡᠯᠡ ᠮᠢᠨᠢ ᠣᠷᠣᠰᠢᠬᠤᠢ ᠶᠢᠨ ᠠᠮᠢᠨ ᠰᠠᠬᠢᠶ᠎ᠠ ᠮᠢᠨᠢ ᠣᠳᠣᠳ ᠠᠴᠠ ᠴᠣᠭᠰᠢᠭᠰᠠᠨ ᠪᠣᠯᠬᠤᠷ ᠲᠡᠭᠷᠢ ᠶᠢᠨ ᠲᠣᠯᠣᠭᠠᠨ ᠡᠬᠡᠰᠢᠭ ᠲᠠᠢ ᠣᠬᠠᠭᠠᠨ ᠠᠴᠠ ᠵᠠᠳᠠᠷᠠᠭᠰᠠᠨ ᠪᠣᠯᠬᠤᠷ ᠬᠦᠯᠦᠭ ᠤᠨ ᠪᠣᠰᠤᠭ᠎ᠠ ᠵᠢᠷᠣᠯᠭ᠎ᠠ ᠲᠠᠢ ᠠᠭᠤᠯᠠ ᠣᠰᠣᠨ ᠳᠤ ᠨᠡᠪᠳᠡᠷᠡᠳᠡᠭ ᠠᠴᠠ ᠰᠠᠯᠬᠢ ᠬᠡᠷᠡᠯ ᠤᠨ ᠠᠪᠢᠶ᠎ᠠ ᠲᠠᠢ ᠣᠷᠴᠢᠯᠠᠩ ᠤᠨ ᠦᠨᠡᠨ ᠳᠤ ᠬᠦᠷᠳᠡᠭ ᠠᠴᠠ ᠦᠨᠢ ᠮᠦᠡᠭᠬᠡ ᠶᠢᠨ ᠴᠣᠬᠢᠯᠭ᠎ᠠ ᠲᠠᠢ ᠡᠬᠡ ᠮᠣᠩᠭᠤᠯ ᠬᠡᠯᠡ ᠮᠢᠨᠢ ᠣᠷᠴᠢᠯᠠᠩ ᠤᠨ ᠣᠶᠠᠩᠭᠠᠨ ᠰᠠᠯᠬᠢ ᠮᠢᠨᠢ ᠡᠬᠡ ᠮᠣᠩᠭᠤᠯ ᠬᠡᠯᠡ ᠮᠢᠨᠢ ᠣᠷᠣᠰᠢᠬᠤᠢ ᠶᠢᠨ ᠠᠮᠢᠨ ᠰᠠᠬᠢᠶ᠎ᠠ ᠮᠢᠨᠢ ᠡᠪᠦᠬᠡᠳ ᠠᠴᠠ ᠦᠪᠯᠡᠭᠰᠡᠨ ᠪᠣᠯᠬᠤᠷ ᠲᠡᠦᠬᠡ ᠶᠢᠨ ᠣᠮᠣᠭᠯᠠᠩ ᠮᠦᠷ ᠲᠠᠢ ᠡᠯᠢᠬᠡᠨ ᠠᠴᠠ ᠲᠠᠰᠣᠷᠠᠭᠰᠠᠨ ᠪᠣᠯᠬᠤᠷ ᠣᠳᠣᠮ ᠤᠨ ᠵᠢᠪᠬᠤᠯᠠᠩ ᠰᠦᠷ ᠲᠠᠢ ᠦᠷ᠎ᠠ ᠶᠢᠨ ᠦᠷ᠎ᠠ ᠳᠤ ᠵᠠᠯᠭᠠᠳᠠᠭ ᠠᠴᠠ ᠡᠬᠡᠰᠢᠭᠯᠡᠩ ᠤᠨ ᠢᠷᠠᠭᠤ ᠠᠶᠠᠯᠭᠤ ᠲᠠᠢ ᠡᠬᠦᠷᠢ ᠶᠢᠨ ᠡᠬᠦᠷᠢᠳᠠ ᠳᠤ ᠲᠠᠮᠵᠢᠳᠠᠭ ᠠᠴᠠ ᠰᠣᠨᠣᠰᠬᠤᠯᠠᠩ ᠤᠨ ᠰᠣᠳᠣᠨ ᠡᠬᠡᠰᠢᠭ ᠲᠠᠢᠡᠬᠡ ᠮᠣᠩᠭᠤᠯ ᠬᠡᠯᠡ ᠮᠢᠨᠢᠣᠷᠴᠢᠯᠠᠩ ᠤᠨ ᠣᠶᠠᠩᠭᠠᠨ ᠰᠠᠯᠬᠢ ᠮᠢᠨᠢᠡᠬᠡ ᠮᠣᠩᠭᠤᠯ ᠬᠡᠯᠡ ᠮᠢᠨᠢᠣᠷᠣᠰᠢᠬᠤᠢ ᠶᠢᠨ ᠠᠮᠢᠨ ᠰᠠᠬᠢᠶ᠎ᠠ ᠮᠢᠨᠢᠬᠠᠷᠢᠯᠴᠠᠬᠤ ᠬᠠᠶ᠋ᠢᠭ᠄ ᠣᠯᠠᠭᠠᠨᠬᠠᠳᠠ ᠬᠤᠳᠠ ᠶᠢᠨ ᠠᠷᠦ ᠬᠤᠷᠴᠢᠨ ᠬᠤᠰᠢᠭᠤ
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号