ᠮᠦᠩᠬᠡᠵᠢᠷᠭᠠᠯ - ᠮᠢᠨᠤ ᠮᠤᠩᠭᠤᠯ ᠬᠡᠯᠡ
ᠨᠡᠶᠢᠲᠡᠯᠡᠭᠰᠡᠨ ᠴᠠᠭ᠄
2019/12/5
                 ᠮᠢᠨᠤ ᠮᠤᠩᠭᠤᠯ ᠬᠡᠯᠡ                         ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠬᠡ ᠬᠤᠰᠢᠭᠤ                               ᠮᠦᠩᠬᠡᠵᠢᠷᠭᠠᠯ ᠪᠤᠰᠤᠭ᠎ᠠ ᠤᠶᠠᠩᠭ᠎ᠠ ᠲᠠᠢ ᠬᠤᠭᠤᠷ ᠤᠨ      ᠡᠬᠡᠰᠢᠭᠬᠡᠨ ᠴᠢᠮᠡᠭᠲᠤ ᠠᠶᠠᠯᠭᠤ ᠲᠠᠢ ᠪᠤᠷᠵᠢᠬᠢᠨ ᠮᠤᠩᠭᠤᠯ ᠳᠡᠭᠡᠲᠤᠰ ᠤᠨ      ᠦᠪᠯᠡᠵᠤ ᠬᠠᠶᠢᠷᠠᠯᠠᠬᠰᠠᠨ ᠡᠷᠳᠡᠨᠢ ᠡ ᠪᠢᠯᠢᠭ ᠬᠤᠷᠴᠠᠯᠠᠨ ᠤᠬᠠᠭᠠᠵᠢᠬᠤ      ᠦᠨᠳᠤᠰᠤᠲᠡᠨ ᠲᠦᠮᠡᠨ ᠤ ᠰᠢᠲᠤᠭᠡᠨ ᠲᠠᠢ ᠪᠤᠶᠠᠨ ᠤ ᠴᠠᠭᠠᠨ ᠨᠠᠶᠢᠷᠠᠭ ᠤᠨ      ᠱᠠᠬᠢᠵᠤ ᠠᠮᠢᠯᠠᠬᠤ ᠬᠤᠷ᠎ᠠ ᠡ ᠵᠧ᠂ ᠮᠢᠨᠤ ᠮᠤᠩᠭᠤᠯ ᠬᠡᠯᠡ ᠮᠢᠨᠢ ᠤᠷᠴᠢᠯᠠᠩ ᠢ ᠬᠦᠭᠯᠡᠭᠰᠡᠨ ᠢᠷᠠᠭᠤ ᠮᠤᠩᠭᠤᠯ ᠬᠡᠯᠡ ᠤᠨ ᠴᠠᠭ ᠤᠨ ᠵᠤᠵᠠᠭᠠᠨ ᠳᠤ ᠬᠦᠷᠦᠩᠭᠡᠵᠢᠭᠰᠡᠨ ᠦᠨᠢᠷ ᠲᠠᠩᠰᠤᠭ ᠮᠤᠩᠭᠤᠯ ᠬᠡᠯᠡ ᠮᠢᠨᠢ ᠡᠷᠬᠢᠮᠰᠤᠭ᠌ ᠦᠨ᠎ᠠ ᠲᠠᠢ ᠲᠡᠤᠬᠡ ᠶᠢᠨ      ᠰᠢᠵᠢᠷ ᠬᠠᠭᠤᠲᠠᠰᠤᠨ ᠳᠤ ᠮᠦᠷ ᠲᠠᠢ ᠡᠷᠳᠡᠨᠢ ᠶᠢᠨ ᠨᠢᠭᠤᠴᠠ ᠲᠤᠪᠴᠢᠶᠠᠨ ᠳᠤ      ᠢᠯᠡ ᠪᠡᠯᠴᠢᠭᠰᠡᠨ ᠠᠳᠤᠭᠤᠳ ᠡ ᠤᠳᠤᠮ ᠳᠠᠮᠵᠢᠨ ᠱᠠᠬᠰᠢᠬᠳᠠᠬᠤ      ᠰᠤᠤᠲᠤ ᠮᠤᠩᠭᠤᠯ ᠤᠨ ᠠᠯᠲᠠᠷ ᠲᠠᠢ ᠤᠷᠭᠤᠬᠤ ᠤᠯᠠᠭᠠᠨ ᠨᠠᠷᠠᠨ ᠤ      ᠰᠠᠴᠤᠷᠠᠵᠤ ᠮᠠᠨᠲᠤᠬᠤ ᠭᠡᠭᠡ ᠡ ᠵᠧ᠂ ᠮᠢᠨᠤ ᠮᠤᠩᠭᠤᠯ ᠬᠡᠯᠡ ᠮᠢᠨᠢ ᠤᠷᠴᠢᠯᠠᠩ ᠢ ᠬᠦᠭᠯᠡᠭᠰᠡᠨ ᠢᠷᠠᠭᠤ ᠮᠤᠩᠭᠤᠯ ᠬᠡᠯᠡ ᠤᠨ ᠴᠠᠭ ᠤᠨ ᠵᠤᠵᠠᠭᠠᠨ ᠳᠤ ᠬᠦᠷᠦᠩᠭᠡᠵᠢᠭᠰᠡᠨ ᠦᠨᠢᠷ ᠲᠠᠩᠰᠤᠭ ᠮᠤᠩᠭᠤᠯ ᠬᠡᠯᠡ ᠮᠢᠨᠢ ᠵᠤᠬᠰᠤᠭ᠎ᠠ ᠬᠡᠶᠢᠮᠤᠷᠢ ᠲᠠᠢ ᠮᠤᠩᠭᠤᠯ ᠤᠨ        ᠳᠡᠭᠡᠲᠤᠯᠡᠨ ᠰᠢᠲᠤᠬᠦ ᠤᠴᠢᠷ ᠲᠠᠢ ᠤᠷᠭᠤᠨ ᠪᠦᠵᠢᠬᠦ ᠦᠷᠡᠰ ᠤᠨ        ᠵᠢᠭᠦᠷ ᠪᠤᠯᠤᠬᠰᠠᠨ ᠬᠦᠴᠦ ᠡ ᠵᠠᠭᠤᠨ ᠤᠯᠠᠷᠢᠨ ᠮᠦᠩᠬᠡᠷᠡᠬᠦ       ᠰᠢᠨ᠎ᠠ ᠡᠷᠢᠨ ᠤ ᠵᠢᠪᠬᠤᠭ᠎ᠠ ᠲᠠᠢ ᠤᠷᠴᠢᠯᠠᠩ ᠬᠦᠬᠡ ᠬᠤᠷᠸ᠎ᠠ ᠶᠢᠨ       ᠲᠡᠷᠢᠬᠦᠨ ᠮᠤᠩᠭᠤᠯ ᠬᠡᠯᠡ ᠡ ᠵᠧ᠂ ᠮᠢᠨᠤ ᠮᠤᠩᠭᠤᠯ ᠬᠡᠯᠡ ᠮᠢᠨᠢ ᠤᠷᠴᠢᠯᠠᠩ ᠢ ᠬᠦᠭᠯᠡᠭᠰᠡᠨ ᠢᠷᠠᠭᠤ ᠮᠤᠩᠭᠤᠯ ᠬᠡᠯᠡ ᠤᠨ ᠴᠠᠭ ᠤᠨ ᠵᠤᠵᠠᠭᠠᠨ ᠳᠤ ᠬᠦᠷᠦᠩᠭᠡᠵᠢᠭᠰᠡᠨ ᠦᠨᠢᠷ ᠲᠠᠩᠰᠤᠭ ᠮᠤᠩᠭᠤᠯ ᠬᠡᠯᠡ ᠮᠢᠨᠢ
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号