ᠰᠠᠷᠳᠠᠭᠤᠳ ᠪᠠᠶᠠᠨᠪᠤᠤ᠂ ᠬᠠᠰᠪᠢᠯᠢᠭ᠌ -ᠮᠢᠨᠤ ᠮᠤᠩᠭᠤᠯ ᠬᠡᠯᠡ
ᠨᠡᠶᠢᠲᠡᠯᠡᠭᠰᠡᠨ ᠴᠠᠭ᠄
2019/12/5
                    ᠮᠢᠨᠤ ᠮᠤᠩᠭᠤᠯ ᠬᠡᠯᠡ                                          ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠬᠡ ᠬᠤᠰᠢᠭᠤ                                         ᠰᠠᠷᠳᠠᠭᠤᠳ ᠪᠠᠶᠠᠨᠪᠤᠤ᠂ ᠬᠠᠰᠪᠢᠯᠢᠭ᠌ ᠡᠵᠢ ᠶᠢᠨ ᠡᠷᠭᠦᠭᠰᠡᠨ ᠰᠦᠨ ᠰᠠᠴᠤᠯᠢ ᠲᠡᠭᠷᠢ ᠶᠢᠨ ᠮᠠᠨᠳᠠᠯ ᠠᠴᠠ ᠲᠠᠶᠠᠯᠠᠨ ᠪᠠᠭᠤᠬᠤ ᠰᠢᠭ᠋ ᠡᠷᠳᠡᠨᠢ ᠶᠢᠨ ᠴᠢᠪᠬᠠᠳᠠᠰᠤᠳᠤ ᠬᠤᠭᠤᠷ ᠤᠨ ᠠᠶᠠᠯᠭᠤ ᠲᠦᠮᠡᠨ ᠤ ᠰᠤᠨᠤᠷ ᠲᠤ ᠤᠶᠠᠩᠭ᠎ᠠ ᠡᠷᠬᠦᠬᠦ‍ ᠰᠢᠭ     ᠲᠡᠷᠡ ᠮᠢᠨᠤ ᠮᠤᠩᠭᠤᠯ ᠬᠡᠯᠡ     ᠲᠡᠭᠷᠢ ᠠᠴᠠ ᠲᠠᠳᠠᠯᠠᠭᠰᠠᠨ ᠭᠠᠶᠢᠬᠠᠮᠰᠢᠭᠳᠤ ᠰᠤᠶᠤᠯ ᠠᠪᠤ ᠶᠢᠨ ᠲᠤᠯᠤᠭᠰᠠᠨ ᠤᠷᠭ᠎ᠠ ᠶᠢᠨ ᠦᠵᠦᠬᠦᠷ ᠡᠬᠦᠯᠡᠰ ᠲᠠᠯᠠᠯᠤᠨ ᠪᠤᠷᠤᠭᠠᠨ ᠵᠦᠰᠡᠷᠡᠬᠦ‍ ᠰᠢᠭ ᠠᠵᠠ ᠶᠢᠨ ᠪᠡᠯᠭᠡᠳᠡᠯ ᠲᠠᠢ ᠲᠤᠯᠤᠭᠠᠨ ᠡᠬᠡᠰᠢᠭ ᠦᠵᠦᠭ ᠤᠨ ᠴᠢᠮᠡᠬᠡᠨ ᠠᠴᠠ ᠤᠤᠬᠠᠢ ᠲᠠᠭᠤᠯᠠᠬᠤ ᠰᠢᠭ᠋     ᠲᠡᠷᠡ ᠮᠢᠨᠤ ᠮᠤᠩᠭᠤᠯ ᠬᠡᠯᠡ     ᠲᠡᠭᠷᠢ ᠠᠴᠠ ᠲᠠᠳᠠᠯᠠᠭᠰᠠᠨ ᠭᠠᠶᠢᠬᠠᠮᠰᠢᠭᠳᠤ ᠰᠤᠶᠤᠯ ᠭᠠᠯ ᠤᠨ ᠲᠦᠯᠦ ᠲᠠᠢ ᠴᠠᠴᠤᠯᠭ᠎ᠠ ᠲᠠᠷᠤᠯᠭ᠎ᠠ ᠬᠡᠰᠢᠭ ᠬᠤᠷᠤᠶᠢᠯᠠᠭᠰᠠᠨ ᠪᠤᠶᠠᠨ ᠤ ᠲᠠᠯᠠᠯᠭ᠎ᠠ ᠰᠢᠭ᠋ ᠭᠠᠩᠭᠠᠩ ᠴᠤᠭᠴᠠ ᠲᠠᠢ ᠨᠢᠷᠤᠭᠤ ᠬᠡᠳᠡᠰᠦ ᠬᠡᠷᠡᠯᠳᠤ ᠮᠤᠩᠭᠤᠯ ᠤᠨ ᠬᠡᠶᠢᠮᠤᠷᠢ ᠰᠦᠯᠳᠡ ᠰᠢᠭ     ᠲᠡᠷᠡ ᠮᠢᠨᠤ ᠮᠤᠩᠭᠤᠯ ᠬᠡᠯᠡ     ᠲᠡᠭᠷᠢ ᠠᠴᠠ ᠲᠠᠳᠠᠯᠠᠭᠰᠠᠨ ᠭᠠᠶᠢᠬᠠᠮᠰᠢᠭᠳᠤ ᠰᠤᠶᠤᠯ
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号