ᠲᠠᠯ᠎ᠠ - ᠮᠢᠨᠤ ᠮᠤᠩᠭᠤᠯ ᠬᠡᠯᠡ
ᠨᠡᠶᠢᠲᠡᠯᠡᠭᠰᠡᠨ ᠴᠠᠭ᠄
2019/12/5
            ᠮᠢᠨᠤ ᠮᠤᠩᠭᠤᠯ ᠬᠡᠯᠡ                    ᠤᠯᠠᠭᠠᠨᠬᠠᠲᠠ ᠬᠤᠲᠠ ᠶᠢᠨ ᠪᠠᠭᠠᠷᠢᠨ ᠪᠠᠷᠠᠭᠤᠨ ᠬᠤᠰᠢᠭᠤ                       ᠲᠠᠯ᠎ᠠ ᠮᠦᠩᠭᠦᠨ ᠠᠶᠠᠯᠭᠤ ᠪᠠᠨ ᠦᠬᠡᠨ ᠴᠡᠴᠡᠭᠡᠰ ᠢᠶᠠᠷ ᠨᠠᠬᠢᠶᠠᠯᠠᠭᠤᠯᠤᠨ ᠰᠤᠳᠤᠨ ᠴᠤᠤᠷᠢᠶ᠎ᠠ ᠪᠠᠨ ᠰᠦᠨ ᠦᠭᠡᠰ ᠢᠶᠠᠷ ᠠᠷᠭᠠᠮᠵᠢᠨ ᠪᠤᠳᠤᠯ ᠤᠨ ᠬᠡᠯᠬᠢᠶ᠎ᠡ ᠪᠠᠨ ᠪᠤᠷᠬᠠᠨ ᠤ ᠠᠯᠠᠭᠠᠨ ᠳᠤ ᠠᠰᠬᠠᠨ ᠰᠤᠳᠠᠯ ᠤᠨ ᠬᠤᠯᠪᠤᠭ᠎ᠠ ᠪᠠᠨ ᠪᠤᠯᠠᠭ ᠤᠨ ᠤᠨᠳᠤᠷᠤᠯ ᠢᠶᠠᠷ ᠤᠮᠳᠠᠯᠠᠨ ᠵᠠᠭᠤ ᠵᠠᠭᠤᠨ ᠤ ᠳᠦᠷᠦᠬᠡᠨ ᠳᠠᠬᠢ ᠮᠢᠨᠤ ᠮᠤᠩᠭᠤᠯ ᠬᠡᠯᠡ ᠳᠠᠭᠤ ᠳᠠᠭᠤᠨ ᠤ ᠡᠭᠡᠰᠢᠭᠯᠡᠩ ᠳᠠᠬᠢ ᠡᠬᠡ ᠬᠡᠯᠡ ᠮᠢᠨᠢ ᠨᠠᠮᠢᠶ᠎ᠠ ᠤᠴᠢ ᠪᠠᠨ ᠨᠡᠭᠦᠳᠡᠯ ᠤᠨ ᠵᠡᠷᠬᠡᠯᠬᠡᠨ ᠢᠶᠠᠷ ᠵᠦᠭᠡᠯᠡᠯᠡᠨ ᠨᠦᠮᠦᠷᠢ ᠢᠯᠴᠢ ᠪᠠᠨ ᠨᠠᠷᠠᠨ ᠤ ᠲᠤᠶᠠᠭᠠᠨ ᠢᠶᠠᠷ ᠰᠠᠴᠤᠷᠠᠭᠤᠯᠤᠨ ᠨᠠᠷᠮᠠᠢ ᠬᠡᠯᠡ ᠪᠠᠨ ᠨᠠᠰᠤᠲᠤ ᠶᠢᠨ ᠵᠠᠶᠢᠲᠦ ᠳᠤ ᠢᠳᠡᠭᠡᠰᠢᠬᠦᠯᠦᠨ ᠨᠠᠷᠠᠨ ᠵᠤᠯᠠ ᠪᠠᠨ ᠨᠠᠷᠠᠲᠤ ᠶᠢᠨ ᠬᠠᠷᠭᠤᠢ ᠶᠢ ᠭᠡᠶᠢᠬᠦᠯᠦᠨ ᠵᠠᠭᠤ ᠵᠠᠭᠤᠨ ᠤ ᠳᠦᠷᠦᠬᠡᠨ ᠳᠠᠬᠢ ᠮᠢᠨᠤ ᠮᠤᠩᠭᠤᠯ ᠬᠡᠯᠡ ᠳᠠᠭᠤ ᠳᠠᠭᠤᠨ ᠤ ᠡᠬᠡᠰᠢᠭᠯᠡᠩ ᠳᠠᠬᠢ ᠲᠤᠪᠴᠢᠶᠠᠨ ᠬᠡᠯᠡ ᠮᠢᠨᠢ ᠪᠤᠰᠤᠭ᠎ᠠ ᠴᠤᠭᠴᠠ ᠪᠠᠨ ᠲᠤᠷᠭᠠᠨ ᠢᠷ ᠢᠶᠠᠷ ᠬᠤᠷᠴᠠᠯᠠᠨ ᠵᠤᠭᠰᠤᠭ᠎ᠠ ᠬᠡᠶᠢᠮᠦᠷᠢ ᠪᠠᠨ ᠦᠨᠡᠨ ᠲᠡᠤᠬᠡ ᠪᠠᠷ ᠤᠴᠢᠷᠯᠠᠨ ᠤᠡᠭᠭᠤᠨ ᠨᠢᠳᠤ ᠪᠠᠨ ᠤᠳᠤᠳᠠᠢ ᠲᠡᠭᠷᠢ ᠪᠠᠷ ᠪᠠᠷᠢᠯᠳᠤᠭᠤᠯᠤᠨ ᠨᠢᠷᠤᠭᠤᠨ ᠬᠡᠯᠡ ᠪᠠᠨ ᠤᠳᠤᠮ ᠰᠤᠳᠤᠷ ᠢᠶᠠᠷ ᠤᠯᠠᠮᠵᠢᠯᠠᠨ ᠵᠠᠭᠤ ᠵᠠᠭᠤᠨ ᠤ ᠳᠦᠷᠦᠬᠡᠨ ᠳᠠᠬᠢ ᠮᠢᠨᠤ ᠮᠤᠩᠭᠤᠯ ᠬᠡᠯᠡ ᠳᠠᠭᠤ ᠳᠠᠭᠤᠨ ᠤ ᠡᠬᠡᠰᠢᠭᠯᠡᠩ ᠳᠠᠬᠢ ᠡᠵᠡᠨ ᠬᠡᠯᠡ ᠮᠢᠨᠢ  
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号