ᠪᠢᠯᠢᠬᠦᠡᠪᠠᠭᠠᠳᠤᠷ - ᠮᠢᠨᠤ ᠮᠤᠩᠭᠤᠯ ᠬᠡᠯᠡ
ᠨᠡᠶᠢᠲᠡᠯᠡᠭᠰᠡᠨ ᠴᠠᠭ᠄
2019/12/5
                ᠮᠢᠨᠤ ᠮᠤᠩᠭᠤᠯ ᠬᠡᠯᠡ                           ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠬᠡ ᠬᠤᠰᠢᠭᠤ                             ᠪᠢᠯᠢᠬᠦᠡᠪᠠᠭᠠᠳᠤᠷ ᠢᠰᠡᠬᠡᠢ ᠴᠠᠭᠠᠨ ᠬᠡᠷ ᠠᠴᠠ ᠡᠬᠢᠯᠡᠵᠤ ᠤᠷᠭᠤᠭᠰᠡᠨ ᠢᠷᠭᠤᠢ ᠶᠤᠮ ᠢᠷᠤᠬᠡᠯ ᠪᠤᠶᠠᠨᠲᠤ ᠢᠪᠡᠬᠡᠯ ᠠᠴᠠ ᠤᠡᠳᠤᠷᠴᠤ ᠱᠠᠬᠢᠭᠰᠡᠨ ᠬᠤᠷ᠎ᠠ ᠶᠤᠮ ᠡᠴᠢᠬᠡ ᠶᠢᠨ ᠲᠤᠯᠠᠭᠠᠨ ᠰᠡᠳᠬᠢᠯ ᠠᠴᠠ ᠡᠨᠡᠷᠢᠵᠤ ᠬᠠᠶᠢᠯᠠᠬᠰᠠᠨ ᠲᠤᠤᠯᠢ ᠶᠤᠮ ᠡᠬᠡ ᠶᠢᠨ ᠤᠶᠠᠬᠠᠨ ᠪᠦᠪᠠᠢ ᠠᠴᠠ ᠡᠬᠡᠰᠢᠭᠯᠡᠵᠤ ᠲᠠᠭᠤᠯᠠᠭᠰᠡᠨ ᠬᠠᠶᠢᠷ᠎ᠠ ᠶᠤᠮ      ᠮᠢᠨᠤ ᠮᠤᠩᠭᠤᠯ ᠬᠡᠯᠡ      ᠮᠦᠩᠬᠡ ᠶᠢᠨ ᠢᠷᠠᠭᠤ ᠰᠤᠨᠤᠰᠬᠤᠯᠠᠩ ᠲᠡᠯ ᠲᠠᠢ ᠬᠦᠯᠤᠭ᠌ ᠤᠨ ᠨᠢᠷᠤᠭᠤᠨ ᠳᠤ ᠳᠦᠷᠡᠯᠵᠡᠵᠦ ᠠᠰᠠᠭᠰᠡᠨ ᠲᠦᠯᠤ ᠶᠤᠮ ᠲᠡᠪᠡᠯ ᠲᠠᠢ ᠠᠷᠠᠳ ᠤᠨ ᠵᠢᠷᠤᠬᠡᠨ ᠳᠤ ᠠᠮᠢᠯᠠᠵᠤ ᠪᠠᠳᠠᠷᠠᠭᠰᠡᠨ ᠭᠠᠯ ᠶᠤᠮ ᠲᠡᠭᠷᠢ ᠶᠢᠨ ᠠᠭᠤᠳᠠᠮ ᠵᠠᠢ ᠳᠤ ᠲᠡᠮᠡᠤᠯᠵᠤ ᠲᠡᠬᠦᠯᠢᠭᠰᠡᠨ ᠵᠢᠬᠦᠷ ᠶᠤᠮ ᠲᠡᠯᠡᠬᠡᠢ ᠶᠢᠨ ᠠᠯᠳᠠᠨ ᠰᠤᠨᠤᠷ ᠲᠤ ᠴᠤᠶᠢᠯᠵᠤ ᠴᠤᠤᠷᠢᠶᠠᠳᠤᠭᠰᠡᠨ ᠠᠶᠠᠯᠭᠤ ᠶᠤᠮ      ᠮᠢᠨᠤ ᠮᠤᠩᠭᠤᠯ ᠬᠡᠯᠡ      ᠮᠦᠩᠬᠡ ᠶᠢᠨ ᠢᠷᠠᠭᠤ ᠰᠤᠨᠤᠰᠬᠤᠯᠠᠩ ᠦᠨᠡᠨ ᠤ ᠴᠠᠭᠠᠨ ᠬᠤᠷᠸ᠎ᠠ ᠳᠤ ᠦᠤᠷ ᠤᠨ ᠴᠤᠯᠮᠤᠨ ᠤᠳᠤ ᠶᠤᠮ ᠦᠷᠡᠰ ᠪᠢᠳᠡᠨ ᠤ ᠰᠡᠳᠬᠢᠯ ᠳᠤ ᠦᠨᠢᠳᠡ ᠬᠡᠷᠡᠯᠳᠤᠬᠦ ᠵᠤᠯᠠ ᠶᠤᠮ ᠤᠴᠠᠷᠠᠯ ᠲᠠᠪᠢᠯᠠᠩ ᠲᠠᠢ ᠤᠷᠴᠢᠯᠠᠩ ᠳᠤ ᠦᠯᠡᠮᠵᠢ ᠪᠠᠭ᠋ᠠᠷᠠᠯ ᠲᠠᠢ ᠬᠡᠯᠡ ᠮᠢᠨᠢ ᠶᠤᠮ ᠤᠤᠭᠠᠯ ᠮᠤᠩᠭᠤᠯ ᠨᠡᠷ᠎ᠡ ᠶᠢ ᠡᠬᠦᠷᠢᠳᠡ ᠲᠠᠭᠤᠷᠢᠰᠬᠠᠬᠤ ᠬᠡᠯᠡ ᠮᠢᠨᠢ ᠶᠤᠮ      ᠮᠢᠨᠤ ᠮᠤᠩᠭᠤᠯ ᠬᠡᠯᠡ      ᠮᠦᠩᠬᠡ ᠶᠢᠨ ᠢᠷᠠᠭᠤ ᠰᠤᠨᠤᠰᠬᠤᠯᠠᠩ                  
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号