ᠪᠤᠷᠵᠢᠬᠢᠨ᠂ ᠷ᠊᠂ ᠨᠠᠮᠰᠠᠷᠠᠢ - ᠮᠤᠩᠭᠤᠯ ᠬᠡᠯᠡ
ᠨᠡᠶᠢᠲᠡᠯᠡᠭᠰᠡᠨ ᠴᠠᠭ᠄
2019/12/5
                  ᠮᠤᠩᠭᠤᠯ ᠬᠡᠯᠡ                        ᠡᠷᠢᠶᠡᠨ ᠬᠤᠲᠠ                            ᠪᠤᠷᠵᠢᠬᠢᠨ᠂ ᠷ᠊᠂ ᠨᠠᠮᠰᠠᠷᠠᠢ ᠬᠦᠢ ᠨᠢᠭᠡᠲᠤᠯ ᠤᠨ ᠦᠶ᠎ᠡ ᠠᠴᠠ ᠲᠠᠰᠤᠷᠠᠵᠤ ᠦᠯᠡᠳᠡᠭᠰᠡᠨ ᠠᠪᠢᠶ᠎ᠠ ᠡᠾᠦ᠋ᠩᠨᠤ ᠬᠦᠷᠦᠨ ᠤ ᠴᠠᠭ ᠲᠤ ᠲᠦᠯᠦᠪᠰᠢᠷᠡᠵᠤ ᠲᠤᠬᠳᠠᠬᠰᠠᠨ ᠬᠡᠯᠡ ᠵᠠᠭᠤᠨ ᠵᠠᠭᠤᠨ ᠤ ᠨᠤᠭᠤᠴᠠᠭᠠᠨ ᠳᠤ ᠪᠠᠯᠠᠷᠠᠭ᠎ᠠ ᠦᠬᠡᠢ ᠬᠦᠰᠢᠶ᠎ᠡ ᠵᠤᠷᠢᠭ ᠢᠲᠡᠭᠡᠯᠲᠤ ᠦᠷᠡᠰ ᠤᠨ ᠵᠢᠷᠤᠬᠡᠨ ᠳᠡᠭᠡᠨ ᠲᠡᠭᠡᠳᠤᠯᠡᠭᠰᠡᠨ ᠲᠠᠩᠭᠠᠷᠢᠭ       ᠮᠤᠳᠤᠨ ᠴᠠᠨ ᠢᠤᠢ ᠡᠨᠡ ᠬᠡᠯᠡ ᠪᠠᠷ       ᠲᠦᠷᠦ ᠶᠢᠨ ᠦᠨᠳᠤᠰᠤ ᠶᠢ ᠲᠤᠩᠬᠠᠬᠯᠠᠬᠰᠠᠨ ᠶᠤᠮ       ᠮᠤᠩᠭᠤᠯ ᠤᠨ ᠦᠨᠳᠦᠷᠯᠢᠭ ᠤᠨ ᠠᠭᠤᠯᠠ ᠮᠦᠷᠡᠨ       ᠡᠵᠡᠨ ᠲᠠᠢ ᠪᠤᠯᠵᠤ ᠤᠶᠠᠩᠭᠠᠷᠠᠬᠰᠠᠨ ᠶᠤᠮ ᠡᠷᠭᠦᠨ᠎ᠠ ᠬᠤᠨ ᠤ ᠪᠠᠯᠠᠷ ᠠᠴᠠ ᠡᠰᠡᠨᠢᠵᠤ ᠮᠠᠨᠳᠤᠬᠰᠠᠨ ᠲᠤᠤᠯᠢᠰ ᠶᠢᠷᠲᠢᠨᠴᠤ ᠶᠢᠨ ᠵᠢᠯᠤᠭᠤ ᠶᠢ ᠡᠪᠬᠡᠵᠤ ᠠᠶᠤᠩᠭᠠᠯᠠᠵᠤ ᠪᠠᠶᠢᠬᠰᠠᠨ ᠭᠠᠶᠢᠬᠠᠮᠰᠢᠭ ᠮᠦᠩᠬᠡ ᠲᠡᠭᠷᠢ ᠶᠢᠨ ᠵᠠᠷᠯᠢᠭ ᠢ ᠳᠠᠮᠵᠢᠭᠤᠯᠵᠤ ᠦᠭᠭᠦᠭᠰᠡᠨ ᠬᠦᠲᠦᠴᠢ ᠮᠦᠷᠦᠭᠡᠲᠤᠯ ᠬᠦᠰᠡᠯ ᠢ ᠠᠴᠢᠶᠠᠯᠠᠵᠤ ᠰᠠᠨᠰᠠᠷ ᠲᠤ ᠳᠡᠭᠦᠯᠢᠬᠦ ᠲᠠᠯᠠᠪᠴᠢ        ᠬᠠᠭᠠᠨ ᠴᠢᠩᠬᠢᠰ ᠡᠨᠡ ᠬᠡᠯᠡ ᠪᠠᠷ        ᠳᠡᠯᠡᠬᠡᠢ ᠶᠢᠨ ᠵᠠᠰᠠᠭ ᠶᠠᠪᠤᠭᠤᠯᠤᠬᠰᠠᠨ ᠶᠤᠮ        ᠬᠠᠮᠤᠭ ᠮᠤᠩᠭᠤᠯ ᠤᠨ ᠲᠡᠤᠬᠡ ᠰᠤᠶᠤᠯ        ᠬᠤᠷᠸ᠎ᠠ ᠶᠢᠨ ᠬᠠᠭᠤᠳᠠᠰᠤᠨ ᠳᠤ ᠮᠦᠩᠬᠡᠷᠡᠭᠰᠡᠨ ᠶᠤᠮ ᠨᠡᠭᠦᠳᠡᠯᠴᠢ ᠮᠠᠯᠴᠢᠨ ᠤᠲᠤᠮ ᠤᠨ ᠭᠤᠯᠤᠮᠲᠠ ᠠᠴᠠ ᠠᠰᠠᠬᠰᠠᠨ ᠭᠠᠯ ᠨᠢᠬᠡᠳᠦᠮᠡᠯ ᠪᠤᠰᠤᠭ᠎ᠠ ᠪᠢᠴᠢᠭ ᠲᠤ ᠰᠢᠲᠤᠨ ᠪᠠᠷᠢᠯᠳᠤᠬᠰᠠᠨ ᠤᠬᠠᠭᠠᠨ ᠠᠵᠤ ᠤᠶᠢᠯᠡᠳᠪᠤᠷᠢ ᠶᠢᠨ ᠡᠷᠡᠨ ᠳᠤ ᠤᠶᠠᠯᠳᠤᠨ ᠵᠤᠬᠢᠴᠠᠬᠤ ᠬᠦᠴᠦ ᠠᠰᠢᠲᠠ ᠶᠢᠨ ᠰᠠᠶᠢᠬᠠᠨ ᠪᠦᠮᠪᠦᠷᠴᠡᠭ ᠲᠠᠢ ᠪᠠᠨ ᠵᠡᠷᠭᠡᠴᠡᠨ ᠤᠷᠤᠰᠢᠬᠤ ᠲᠠᠪᠢᠯᠠᠩ        ᠲᠠᠶᠢᠵᠢ ᠢᠨᠵᠠᠨᠨᠠᠰᠢ ᠡᠨᠡ ᠬᠡᠯᠡ ᠪᠠᠷ        ᠬᠦᠯᠭᠡᠨ ᠰᠤᠲᠤᠷ ᠲᠤᠭᠤᠷᠪᠢᠬᠰᠠᠨ ᠶᠤᠮ        ᠲᠦᠮᠡᠨ ᠦᠶ᠎ᠡ ᠳᠡᠭᠡᠨ ᠮᠠᠷᠲᠠᠬᠤ ᠦᠬᠡᠢ        ᠦᠷ᠎ᠡ ᠬᠤᠶᠢᠴᠢᠰ ᠲᠤ ᠵᠠᠬᠢᠬᠰᠠᠨ ᠶᠤᠮ            
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号