ᠫᠤ᠂ ᠯᠾᠬᠠᠪᠠ  - ᠮᠢᠨᠦ ᠮᠣᠩᠭᠤᠯ ᠭᠡᠯᠡ
ᠨᠡᠶᠢᠲᠡᠯᠡᠭᠰᠡᠨ ᠴᠠᠭ᠄
2019/12/5
         ᠮᠢᠨᠦ ᠮᠣᠩᠭᠤᠯ ᠭᠡᠯᠡ              ᠰᠢᠨᠵᠢᠶᠠᠩ ᠤᠨ ᠬᠤᠪᠤᠭᠰᠠᠶᠢᠷᠢ ᠮᠣᠩᠭᠤᠯ ᠦᠪᠡᠷᠲᠡᠭᠡᠨ ᠵᠠᠰᠠᠬᠤ ᠰᠢᠶᠠᠨ                  ᠫᠤ᠂ ᠯᠾᠬᠠᠪᠠ   ᠲᠡᠩᠳᠡ ᠪᠠᠭᠠᠲᠤᠷᠯᠢᠭ ᠲᠡᠭᠡᠳᠦᠰ ᠤᠨ ᠵᠠᠷᠯᠢᠭ ᠢᠶᠠᠷ ᠲᠡᠯᠭᠡᠷ ᠮᠣᠩᠭᠤᠯ ᠨᠣᠲᠤᠭ ᠠᠴᠠ ᠮᠢᠨᠢ ᠲᠡᠪᠡᠯ ᠲᠠᠢ ᠭᠤᠳᠣᠯ ᠲᠠᠢ ᠡᠷ᠎ᠡ ᠶᠢᠨ ᠰᠦᠷ ᠢᠶᠠᠷ ᠲᠡᠯᠡᠭᠡᠢ ᠳᠤ ᠭᠠᠭᠴᠠ ᠪᠠᠷ ᠪᠣᠰᠤᠭ᠎ᠠ ᠵᠣᠭᠰᠣᠭᠰᠠᠨ ᠲᠠᠲᠠᠳᠣᠩᠭ᠎ᠠ ᠶᠢᠨ ᠪᠢᠯᠢᠭ ᠲᠡᠦᠭᠡ ᠱᠠᠰᠲᠢᠷ   ᠤᠨ ᠴᠠᠳᠢᠭ — ᠮᠢᠨᠦ ᠮᠣᠩᠭᠤᠯ ᠭᠡᠯᠡ     ᠮᠥᠩᠭᠡ ᠲᠡᠭᠷᠢ ᠶᠢᠨ ᠬᠦᠴᠦᠨ ᠳᠤ     ᠮᠣᠯᠣᠷ ᠡᠷᠳᠡᠨᠢ ᠰᠢᠭ ᠬᠢᠯᠠᠯᠵᠠᠬᠰᠠᠨ     ᠮᠣᠷᠢᠨ ᠲᠣᠭᠤᠷᠠᠢ ᠠᠶᠢᠵᠠᠮ ᠲᠠᠢ     ᠮᠢᠨᠦ ᠮᠣᠩᠭᠤᠯ — ᠭᠡᠯᠡ     ᠮᠢᠨᠦ ᠬᠦᠯᠦᠭ ᠤᠨ ᠵᠢᠯᠣᠭᠤ ᠮᠢᠨᠢ ᠠᠷᠪᠠᠨ ᠭᠤᠷᠪᠠᠳᠣᠭᠠᠷ ᠵᠠᠭᠤᠨ ᠳᠤ ᠠᠭᠲᠠ ᠮᠣᠷᠢᠨ ᠤ ᠲᠣᠭᠤᠷᠠᠢ ᠪᠠᠷ ᠠᠽᠢᠶ᠎ᠠ ᠡᠸᠦ᠋ᠷᠦᠫᠡ ᠶᠢ ᠬᠤᠯᠪᠣᠵᠦ ᠠᠯᠲᠠᠨ ᠣᠷᠣᠭᠲᠠᠨ ᠢ ᠠᠯᠳᠠᠷᠰᠢᠭᠤᠯᠣᠭᠰᠠᠨ ᠠᠪᠤ ᠶᠢᠨ ᠠᠶᠠᠯᠭᠤ ᠡᠵᠢ ᠶᠢᠨ ᠪᠦᠪᠡᠢ — ᠮᠢᠨᠦ ᠮᠣᠩᠭᠤᠯ ᠭᠡᠯᠡ      ᠮᠥᠩᠭᠡ ᠲᠡᠭᠷᠢ ᠶᠢᠨ ᠬᠦᠴᠦᠨ ᠳᠤ      ᠮᠣᠯᠣᠷ ᠡᠷᠳᠡᠨᠢ ᠰᠢᠭ ᠬᠢᠯᠠᠯᠵᠠᠬᠰᠠᠨ      ᠮᠣᠷᠢᠨ ᠲᠣᠭᠤᠷᠠᠢ ᠠᠶᠢᠵᠠᠮ ᠲᠠᠢ      ᠮᠢᠨᠦ ᠮᠣᠩᠭᠤᠯ —  ᠭᠡᠯᠡ        ᠮᠢᠨᠦ ᠮᠡᠷᠭᠡᠨ ᠣᠬᠠᠭ᠎ᠠ ᠮᠢᠨᠢ ᠬᠤᠷ᠎ᠠ ᠶᠢᠨ ᠣᠰᠣ ᠪᠠᠷ ᠣᠭᠢᠶᠠᠭᠰᠠᠨ ᠰᠢᠭ᠋ ᠴᠡᠪᠡᠷᠭᠡᠨ ᠪᠠᠶᠢᠭᠠᠰᠠᠢ — ᠮᠣᠩᠭᠤᠯ ᠭᠡᠯᠡ ᠮᠢᠨᠢ ᠬᠤᠷᠴᠠ ᠭᠢᠳᠤᠭ᠎ᠠ ᠦᠭᠡᠯᠡᠭᠰᠡᠨ ᠰᠢᠭ ᠴᠡᠮᠴᠡᠭᠡᠷ ᠪᠠᠶᠢᠭᠠᠰᠠᠢ — ᠮᠤᠩᠭᠤᠯ ᠬᠡᠯᠡ ᠮᠢᠨᠢ ᠬᠤᠭᠤᠷ ᠤᠨ ᠡᠭᠡᠰᠢᠭ ᠰᠢᠭ ᠣᠶᠠᠩᠭ᠎ᠠ ᠲᠠᠢ ᠪᠠᠶᠢᠭᠠᠰᠠᠢ — ᠮᠣᠩᠭᠤᠯ ᠭᠡᠯᠡ ᠮᠢᠨᠢ      ᠮᠥᠩᠭᠡ ᠲᠡᠭᠷᠢ ᠶᠢᠨ ᠬᠦᠴᠦᠨ ᠳᠤ      ᠮᠣᠯᠣᠷ ᠡᠷᠳᠡᠨᠢ ᠰᠢᠭ ᠬᠢᠯᠠᠯᠵᠠᠬᠰᠠᠨ      ᠮᠣᠷᠢᠨ ᠲᠣᠭᠤᠷᠠᠢ ᠠᠶᠢᠵᠠᠮ ᠲᠠᠢ      ᠮᠢᠨᠦ ᠮᠣᠩᠭᠤᠯ — ᠭᠡᠯᠡ      ᠮᠢᠨᠦ ᠮᠡᠳᠡᠳᠡᠭ ᠲᠡᠯᠡᠭᠡᠢ ᠮᠢᠨᠢ    
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号