ᠮᠡᠷᠭᠡᠵᠢᠬᠦ - ᠮᠢᠨᠦ ᠮᠤᠩᠭᠤᠯ ᠬᠡᠯᠡ
ᠨᠡᠶᠢᠲᠡᠯᠡᠭᠰᠡᠨ ᠴᠠᠭ᠄
2019/12/5
                          ᠮᠢᠨᠦ ᠮᠤᠩᠭᠤᠯ ᠬᠡᠯᠡ                           ᠤᠯᠠᠭᠠᠨᠬᠠᠲᠠ ᠬᠤᠳᠠ ᠶᠢᠨ ᠬᠡᠰᠢᠭᠳᠡᠨ ᠬᠤᠰᠢᠭᠤ                                    ᠮᠡᠷᠭᠡᠵᠢᠬᠦ ᠤᠰᠤᠨ ᠤ ᠲᠤᠩᠭᠠᠯᠠᠭ ᠡᠭᠡᠰᠢᠭᠯᠡᠩ ᠰᠤᠨᠤᠰᠳᠠᠵᠤ ᠪᠠᠶᠢᠮᠠᠷ ᠭᠤᠶᠤᠬᠠᠨ ᠤᠳᠤᠳᠤ ᠲᠡᠭᠷᠢ ᠶᠢᠨ ᠰᠠᠷᠠᠨ ᠤᠷᠭᠤᠵᠤ ᠪᠠᠶᠢᠮᠠᠷ ᠰᠠᠶᠢᠬᠠᠨ ᠠᠷᠢᠭᠤᠨ ᠴᠠᠭᠠᠨ ᠬᠤᠷ᠎ᠠ ᠨᠢ ᠠᠰᠬᠠᠷᠠᠵᠤ ᠪᠠᠶᠢᠮᠠᠷ ᠦᠵᠡᠰᠭᠦᠯᠡᠩ ᠠᠷᠭᠤᠮᠠᠭ ᠬᠤᠷᠳᠤᠨ ᠬᠦᠯᠦᠭ ᠨᠢ ᠳᠠᠪᠬᠢᠵᠤ ᠪᠠᠶᠢᠮᠠᠷ ᠳᠤᠭᠳᠤᠯᠤᠭᠤᠨ          ᠮᠢᠨᠦ ᠮᠤᠩᠭᠤᠯ ᠬᠡᠯᠡ ᠪᠠᠶᠢᠭᠠᠯᠢ ᠡᠬᠡ ᠶᠢᠨ ᠵᠢᠷᠤᠭ ᠲᠠᠢ          ᠮᠢᠨᠦ ᠲᠦᠷᠦᠯᠬᠢ ᠬᠡᠯᠡ ᠪᠠᠳᠠᠷᠠᠬᠤ ᠭᠠᠯ ᠤᠨ ᠳᠦᠯᠦ ᠲᠠᠢ ᠰᠠᠨᠰᠠᠷ ᠤᠨ ᠬᠦᠡᠭᠭᠡᠨ ᠡᠭᠦᠯᠡᠰ ᠨᠢ ᠨᠡᠭᠦᠵᠤ ᠪᠠᠶᠢᠮᠠᠷ ᠬᠦᠭᠵᠢᠬᠦᠨ ᠰᠠᠴᠤᠯᠢ ᠵᠦᠭᠡᠯᠡᠨ ᠰᠦ ᠨᠢ ᠦᠨᠦᠷᠲᠦᠭᠳᠡᠵᠤ ᠪᠠᠶᠢᠮᠠᠷ ᠪᠠᠭ᠋ᠠᠷᠠᠮ᠎ᠠ ᠪᠤᠮᠠᠨ ᠦᠡᠭᠭᠡ ᠶᠢᠨ ᠴᠡᠴᠡᠭ ᠨᠢ ᠳᠡᠯᠭᠡᠷᠡᠵᠤ ᠪᠠᠶᠢᠮᠠᠷ ᠡᠷᠬᠢᠮᠰᠦᠭ ᠪᠤᠷᠤ ᠪᠤᠷᠤ ᠶᠢᠨ ᠰᠠᠯᠬᠢᠨ ᠨᠢ ᠦᠨᠦᠰᠴᠤ ᠪᠠᠶᠢᠮᠠᠷ ᠤᠶᠠᠷᠠᠭᠤᠨ          ᠮᠢᠨᠦ ᠮᠤᠩᠭᠤᠯ ᠬᠡᠯᠡ ᠪᠠᠶᠢᠭᠠᠯᠢ ᠡᠬᠡ ᠶᠢᠨ ᠵᠢᠷᠤᠭ ᠲᠠᠢ          ᠮᠢᠨᠦ ᠲᠦᠷᠦᠯᠬᠢ ᠬᠡᠯᠡ ᠪᠠᠳᠠᠷᠠᠬᠤ ᠭᠠᠯ ᠤᠨ ᠳᠦᠯᠦ ᠲᠠᠢ ᠴᠢᠩᠭᠢᠰ ᠪᠤᠭᠳᠠ ᠶᠢᠨ ᠵᠠᠷᠯᠢᠭ ᠠᠶᠤᠩᠭᠠᠯᠠᠵᠤ ᠪᠠᠶᠢᠮᠠᠷ ᠰᠢᠷᠦᠭᠦᠨ ᠴᠢᠯᠠᠭᠤᠳ ᠤᠨ ᠬᠦᠷᠡᠩ ᠵᠢᠷᠦᠭᠡ ᠦᠨᠳᠡᠯᠵᠡᠵᠤ ᠪᠠᠶᠢᠮᠠᠷ ᠳᠤᠭᠰᠢᠨ ᠠᠭᠤᠯᠠᠰ ᠤᠨ ᠴᠡᠩᠭᠡᠷ ᠤᠨᠢᠶᠡᠷ ᠨᠢ ᠪᠦᠵᠢᠭᠯᠡᠵᠤ ᠪᠠᠶᠢᠮᠠᠷ ᠬᠦᠭᠵᠢᠮᠯᠢᠭ ᠠᠯᠳᠠᠨ ᠨᠠᠷᠠᠨ ᠤ ᠲᠤᠶᠠᠭ᠎ᠠ ᠨᠢ ᠰᠠᠴᠤᠷᠠᠵᠤ ᠪᠠᠶᠢᠮᠠᠷ ᠠᠮᠢᠯᠠᠭᠤᠨ         ᠮᠢᠨᠦ ᠮᠤᠩᠭᠤᠯ ᠬᠡᠯᠡ ᠪᠠᠶᠢᠭᠠᠯᠢ ᠡᠬᠡ ᠶᠢᠨ ᠵᠢᠷᠤᠭ ᠲᠠᠢ         ᠮᠢᠨᠦ ᠲᠦᠷᠦᠯᠬᠢ ᠬᠡᠯᠡ ᠪᠠᠳᠠᠷᠠᠬᠤ ᠭᠠᠯ ᠤᠨ ᠳᠦᠯᠦ ᠲᠠᠢ  
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号