ᠲᠠᠯᠢᠨᠬᠦᠦ - ᠮᠢᠨᠦ ᠮᠣᠩᠭᠤᠯ ᠬᠡᠯᠡ
ᠨᠡᠶᠢᠲᠡᠯᠡᠭᠰᠡᠨ ᠴᠠᠭ᠄
2019/12/5
                   ᠮᠢᠨᠦ ᠮᠣᠩᠭᠤᠯ ᠬᠡᠯᠡ                  ᠤᠯᠠᠭᠠᠨᠬᠠᠳᠠ ᠬᠤᠲᠠ ᠶᠢᠨ ᠬᠡᠰᠢᠭᠲᠡᠨ ᠬᠤᠰᠢᠭᠤ                        ᠲᠠᠯᠢᠨᠬᠦᠦ ᠠᠪᠢᠶᠠᠯᠠᠬᠤ ᠳᠤ ᠤᠶᠠᠩᠭᠠᠷᠠᠨ ᠰᠣᠨᠤᠰᠳᠠᠬᠤ ᠨᠠᠮᠪᠠ ᠲᠠᠢ ᠡᠰᠡᠷᠸ᠎ᠠ ᠳᠤ ᠬᠤᠪᠤᠷᠬᠠᠨ ᠢᠷᠠᠭᠤ ᠬᠦᠭᠵᠢᠮᠯᠢᠭ ᠠᠶᠠᠯᠭᠤ ᠢᠷᠡᠬᠦ ᠵᠠᠭᠤᠨ ᠳᠤ ᠲᠦᠷᠦᠭᠡ ᠴᠢᠩᠭᠠᠯᠠᠨ ᠮᠣᠷᠳᠠᠬᠤ ᠣᠮᠤᠭᠯᠠᠩ ᠡᠵᠡᠨ ᠤ ᠪᠠᠨ ᠬᠠᠨᠢᠰᠬᠤ ᠬᠦᠯᠦᠭ ᠤᠨ ᠵᠠᠶᠠᠭ᠎ᠠ ᠬᠦ᠋         ᠮᠢᠨᠦ ᠮᠣᠩᠭᠤᠯ ᠬᠡᠯᠡ         ᠮᠦᠩᠭᠡ ᠰᠣᠯᠤᠩᠭᠠᠷᠠᠬᠤ ᠡᠭᠡᠰᠢᠭᠯᠡᠩ ᠤᠷᠲᠤ ᠶᠢᠨ ᠳᠠᠭᠤᠨ ᠤ ᠰᠢᠷᠤᠩᠬᠠᠢ ᠳᠤ ᠰᠢᠬᠢᠳᠬᠡᠵᠦ ᠬᠠᠳᠠᠭᠰᠠᠨ ᠡᠷᠳᠡᠨᠢ ᠤᠭᠤᠴᠠ᠂ ᠴᠢᠰᠦ᠂ ᠵᠢᠰᠦᠨ ᠳᠤ ᠮᠢᠨᠢ ᠰᠢᠩᠭᠡᠵᠦ ᠦᠯᠡᠳᠡᠭᠰᠡᠨ ᠲᠣᠯᠪᠤ ᠡᠪᠦᠷ ᠳᠡᠭᠡᠷ᠎ᠡ ᠡᠷᠬᠡᠯᠡᠬᠦ ᠬᠦᠦ ᠶᠢᠨ ᠮᠢᠨᠢ ᠰᠡᠪᠡᠯᠭᠡᠨ ᠤ ᠬᠦᠭᠡᠷᠦᠬᠦᠨ ᠭᠤᠭᠴᠤᠭ᠎ᠠ ᠡᠭᠦᠯᠡ ᠵᠦᠰᠦᠨ ᠢᠯᠭᠠᠷᠠᠬᠤ ᠨᠠᠷᠠᠨ ᠤ ᠲᠤᠰᠤᠨ ᠭᠢᠯᠪᠠᠭ᠎ᠠ  ᠬᠦ᠋᠃         ᠮᠢᠨᠦ ᠮᠣᠩᠭᠤᠯ ᠬᠡᠯᠡ         ᠮᠦᠩᠭᠡ ᠰᠣᠯᠤᠩᠭᠠᠷᠠᠬᠤ ᠡᠭᠡᠰᠢᠭᠯᠡᠩ ᠨᠠᠢᠮᠠᠨ ᠵᠠᠭᠤᠨ ᠤ ᠪᠤᠱᠤᠭ᠎ᠠ ᠶᠢ ᠨᠢᠮᠭᠡᠷᠡᠲᠡᠯ᠎ᠡ ᠳᠠᠪᠠᠭᠰᠠᠨ ᠰᠦᠰᠦ ᠪᠤᠳᠤᠯ ᠤᠨ ᠤᠨᠠᠭᠠᠨ ᠲᠦᠷᠦᠳᠡᠰᠦ ᠪᠠᠨ ᠨᠡᠶᠢᠳᠬᠡᠵᠤ ᠡᠷᠴᠢᠯᠡᠭᠰᠡᠨ ᠲᠣᠪᠴᠢᠶᠠᠨ ᠫᠠᠭᠪᠠ᠂ ᠠᠭᠸᠠᠩ᠂ ᠪᠢᠯᠢᠭᠦᠨ ᠨᠣᠮᠴᠢ ᠶᠢᠨ ᠮᠡᠳᠭᠡᠵᠦ ᠲᠠᠲᠠᠯᠠᠭᠰᠠᠨ ᠵᠢᠷᠤᠯᠭ᠎ᠠ ᠬᠤᠯᠠ ᠶᠢᠨ ᠭᠷᠧᠭ ᠰᠤᠭᠲᠠ ᠲᠠᠢ ᠬᠤᠯᠪᠤᠵᠤ ᠲᠠᠲᠠᠭᠰᠠᠨ ᠤᠯᠪᠠᠭ᠎ᠠ ᠬᠦ᠋᠃          ᠮᠢᠨᠦ ᠮᠣᠩᠭᠤᠯ ᠬᠡᠯᠡ          ᠮᠦᠩᠭᠡ ᠰᠣᠯᠤᠩᠭᠠᠷᠠᠬᠤ ᠡᠭᠡᠰᠢᠭᠯᠡᠩ
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号