ᠶᠠᠩ᠊ · ᠪᠠᠳᠮᠠᠰᠡᠴᠡᠨ - ᠮᠢᠨᠦ ᠮᠤᠩᠭᠤᠯ ᠬᠡᠯᠡ
ᠨᠡᠶᠢᠲᠡᠯᠡᠭᠰᠡᠨ ᠴᠠᠭ᠄
2019/12/5
              ᠮᠢᠨᠦ ᠮᠤᠩᠭᠤᠯ ᠬᠡᠯᠡ                             ᠰᠢᠯᠢ ᠶᠢᠨ ᠭᠤᠤᠯ ᠠᠶᠢᠮᠠᠭ ᠤᠨ ᠰᠢᠯᠤᠭᠤᠨ ᠬᠦᠬᠡ ᠬᠤᠰᠢᠭᠤ                                       ᠶᠠᠩ᠊ · ᠪᠠᠳᠮᠠᠰᠡᠴᠡᠨ ᠤᠯᠠᠨ ᠵᠠᠭᠤᠨ ᠤ ᠨᠠᠷᠠ ᠰᠠᠯᠬᠢᠨ ᠳᠤ          ᠭᠠᠩᠳᠠᠭ᠎ᠠ ᠦᠬᠡᠢ ᠴᠡᠴᠡᠭᠯᠡᠭᠰᠡᠨ ᠤᠯᠠᠨ ᠬᠡᠯᠡᠳᠡᠨ ᠤ ᠳᠠᠩᠨᠠᠢ ᠳᠤ          ᠭᠤᠨᠳᠠᠭ᠎ᠠ ᠦᠬᠡᠢ ᠱᠠᠭᠰᠢᠭᠳᠠᠭᠰᠡᠨ ᠤᠷᠤᠭ᠎ᠠ ᠪᠤᠰᠤᠭ᠎ᠠ ᠤᠨ ᠵᠢᠯ ᠤᠳ ᠢ           ᠴᠤᠴᠠᠭ᠎ᠠ ᠦᠬᠡᠢ ᠳᠤᠭᠤᠯᠤᠭᠰᠡᠨ ᠤᠳᠤᠮᠳᠦ ᠮᠤᠩᠭᠤᠯ ᠲᠦᠮᠡᠨ ᠢᠶᠠᠨ           ᠴᠠᠭ ᠴᠠᠭ ᠲᠠᠢ ᠵᠤᠯᠭᠠᠭᠤᠯᠤᠭᠰᠡᠨ ᠮᠦᠩᠬᠡ ᠳᠡᠭᠷᠢ ᠠᠴᠠ ᠬᠠᠶᠢᠷᠠᠯᠠᠭᠰᠡᠨ ᠬᠡᠰᠢᠭ ᠮᠢᠨᠦ ᠮᠤᠩᠭᠤᠯ ᠬᠡᠯᠡ ᠮᠦᠩᠬᠡᠳᠡ ᠤᠷᠤᠰᠢᠬᠤ ᠶᠢ ᠪᠠᠳᠤᠯᠠᠭᠰᠡᠨ ᠳᠦᠰᠢᠭ ᠮᠢᠨᠦ ᠡᠬᠡ ᠬᠡᠯᠡ ᠢᠷᠠᠭᠤ ᠤᠶᠠᠩᠭᠠᠯᠢᠭ ᠡᠭᠡᠰᠢᠭ ᠢᠶᠠᠷ ᠢᠶᠠᠨ          ᠠᠯᠳᠠᠨ ᠳᠡᠯᠡᠬᠡᠢ ᠳᠤ ᠪᠢᠰᠢᠷᠡᠭᠳᠡᠭᠰᠡᠨ ᠠᠩᠭᠢᠷ ᠤᠭᠤᠷᠠᠭ ᠰᠢᠭ᠋ ᠰᠢᠮ᠎ᠡ ᠪᠠᠷ ᠢᠶᠠᠨ          ᠤᠳᠤᠮ ᠤᠭᠰᠠᠭ᠎ᠠ ᠪᠠᠨ ᠬᠡᠬᠡᠷᠡᠭᠦᠯᠦᠭᠰᠡᠨ ᠡᠯᠦᠨᠴᠡ ᠡᠪᠦᠬᠡᠳ ᠳᠡᠭᠡᠳᠦᠰ ᠤᠨ ᠮᠢᠨᠢ          ᠬᠠᠯᠠᠭᠤᠨ ᠰᠤᠷᠭᠠᠯ ᠳᠤᠭᠤᠯᠳᠠᠭᠰᠡᠨ ᠡᠯᠢᠬᠡᠨ ᠬᠠᠶᠢᠷᠠᠳᠦ ᠲᠦᠮᠡᠨ ᠤ ᠮᠢᠨᠢ          ᠦᠨᠡᠨ ᠳᠡᠤᠬᠡ ᠳᠤᠶᠠᠭᠠᠷᠠᠭᠰᠡᠨ ᠮᠦᠩᠬᠡ ᠳᠡᠭᠷᠢ ᠠᠴᠠ ᠬᠠᠶᠢᠷᠠᠯᠠᠭᠰᠡᠨ ᠬᠡᠰᠢᠭ ᠮᠢᠨᠦ ᠮᠤᠩᠭᠤᠯ ᠬᠡᠯᠡ ᠮᠦᠩᠬᠡᠳᠡ ᠤᠷᠤᠰᠢᠬᠤ ᠶᠢ ᠪᠠᠳᠤᠯᠠᠭᠰᠡᠨ ᠳᠦᠰᠢᠭ ᠮᠢᠨᠦ ᠡᠬᠡ ᠬᠡᠯᠡᠠᠷᠤᠤᠬᠠᠨ ᠪᠠᠭᠠᠳᠤᠷᠯᠢᠭ ᠦᠨᠳᠦᠰᠦᠳᠡᠨ ᠤ ᠮᠢᠨᠢ           ᠤᠶᠤᠨ ᠪᠢᠯᠢᠭ ᠢᠶᠠᠷ ᠪᠦᠳᠦᠬᠡᠭᠳᠡᠭᠰᠡᠨ ᠠᠭᠤᠤ ᠳᠡᠤᠬᠡ ᠶᠢᠨ ᠬᠠᠭᠤᠳᠠᠰᠤᠨ ᠳᠤ           ᠠᠯᠳᠠᠷ ᠨᠡᠷ᠎ᠡ ᠪᠠᠨ ᠮᠦᠩᠬᠡᠯᠡᠭᠰᠡᠨ ᠠᠵᠠ ᠵᠢᠷᠭᠠᠯᠳᠦ ᠠᠮᠢᠳᠤᠷᠠᠯ ᠳᠤ ᠮᠢᠨᠢ           ᠪᠠᠶᠠᠷ ᠴᠡᠩᠭᠡᠯ ᠢ ᠡᠳ᠋ᠯᠡᠭᠦᠯᠦᠭᠰᠡᠨ ᠠᠷᠢᠭᠤᠨ ᠳᠠᠷᠬᠠᠨ ᠬᠡᠪ ᠢᠶᠠᠷ ᠨᠢ           ᠦᠷ᠎ᠡ ᠬᠤᠶᠢᠴᠢᠰ ᠲᠠᠭᠠᠨ ᠦᠪᠯᠡᠭᠦᠯᠦᠭᠰᠡᠨ ᠮᠦᠩᠬᠡ ᠳᠡᠭᠷᠢ ᠠᠴᠠ ᠬᠠᠶᠢᠷᠠᠯᠠᠭᠰᠡᠨ ᠬᠡᠰᠢᠭ ᠮᠢᠨᠦ ᠮᠤᠩᠭᠤᠯ ᠬᠡᠯᠡ ᠮᠦᠩᠬᠡᠳᠡ ᠤᠷᠤᠰᠢᠬᠤ ᠶᠢ ᠪᠠᠳᠤᠯᠠᠭᠰᠡᠨ ᠳᠦᠰᠢᠭ ᠮᠢᠨᠦ ᠡᠬᠡ ᠬᠡᠯᠡ                      
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号