| ᠮᠢᠨᠤ ᠮᠤᠩᠭᠤᠯ ᠬᠡᠯᠡ | ᠤᠷᠲᠤᠰ ᠬᠤᠲᠠ ᠶᠢᠨ ᠬᠠᠩᠭᠢᠨ ᠬᠤᠰᠢᠭᠤ | ᠤᠷᠠᠨᠴᠢᠮᠡᠭ | | ᠳᠡᠯᠡᠬᠡᠢ ᠳᠤ ᠭᠠᠭᠴᠠᠬᠠᠨ ᠪᠤᠰᠤᠭ᠎ᠠ ᠬᠡᠶᠢᠮᠤᠷᠢ | ᠳᠡᠭᠵᠢᠷᠡᠯ ᠪᠠᠳᠠᠷᠠᠯ ᠤᠨ ᠤᠮᠤᠬᠯᠠᠩ ᠬᠦᠯᠦᠭ | ᠲᠡᠭᠡᠪᠤᠷᠢ ᠴᠠᠭᠠᠨ ᠦᠷᠦᠭᠡᠨ ᠤ ᠭᠤᠯᠤᠮᠲᠠ | ᠲᠡᠭᠷᠢ ᠶᠢ ᠪᠠᠭᠠᠨᠠᠳᠠᠬᠰᠠᠨ ᠲᠤᠯᠭᠤᠷ ᠪᠢᠴᠢᠭ | ᠰᠠᠶᠢᠬᠠᠨ ᠮᠤᠩᠭᠤᠯ ᠬᠡᠯᠡ ᠮᠢᠨᠢ | ᠰᠠᠨᠰᠠᠷ ᠤᠷᠴᠢᠯᠠᠩ ᠤᠨ ᠰᠢᠲᠤᠭᠡᠨ ᠮᠢᠨᠤ | ᠰᠦ ᠬᠠᠩᠬᠤᠯᠤᠬᠰᠠᠨ ᠲᠡᠭᠷᠢᠯᠢᠭ ᠬᠡᠯᠡ | ᠰᠦᠵᠢᠭ ᠮᠦᠩᠬᠡᠷᠡᠭᠰᠡᠨ ᠬᠤᠪᠢᠯᠭᠠᠨ ᠬᠡᠯᠡ | ᠬᠠᠮᠢᠭ᠎ᠠ ᠶᠠᠪᠤᠬᠰᠠᠨ ᠴᠤ ᠬᠠᠯᠠᠭᠤᠬᠠᠨ ᠬᠡᠯᠡ | ᠬᠤᠷᠸ᠎ᠠ ᠶᠢᠷᠲᠢᠨᠴᠤ ᠶᠢᠨ ᠰᠦᠷᠯᠢᠭ ᠬᠡᠯᠡ | ᠰᠠᠶᠢᠬᠠᠨ ᠮᠤᠩᠭᠤᠯ ᠬᠡᠯᠡ ᠮᠢᠨᠢ | ᠰᠠᠨᠰᠠᠷ ᠤᠷᠴᠢᠯᠠᠩ ᠤᠨ ᠰᠢᠲᠤᠭᠡᠨ ᠮᠢᠨᠤ | ᠲᠦᠮᠡ ᠪᠤᠮᠠᠨ ᠪᠤᠭᠤᠷᠤᠯ ᠲᠡᠤᠬᠡ ᠲᠠᠢ | ᠲᠤᠨᠳᠠᠷᠠᠰᠢ ᠦᠬᠡᠢ ᠪᠠᠶᠠᠨ ᠡᠯᠪᠡᠭ ᠰᠠᠩ ᠲᠠᠢ | ᠲᠦᠭᠡᠮᠡᠯ ᠰᠠᠴᠤᠷᠠᠬᠰᠠᠨ ᠭᠡᠷᠡᠯᠲᠤ ᠴᠠᠮᠬᠠᠭ | ᠲᠦᠪᠰᠢᠨ ᠮᠠᠨᠲᠤᠬᠰᠠᠨ ᠭᠠᠶᠢᠬᠠᠮᠰᠢᠬᠲᠤ ᠴᠤᠯᠠ ᠲᠠᠢ | ᠰᠠᠶᠢᠬᠠᠨ ᠮᠤᠩᠭᠤᠯ ᠬᠡᠯᠡ ᠮᠢᠨᠢ | ᠰᠠᠨᠰᠠᠷ ᠤᠷᠴᠢᠯᠠᠩ ᠤᠨ ᠰᠢᠲᠤᠭᠡᠨ ᠮᠢᠨᠤ | | |