ᠸᠠᠩ ᠡᠷᠳᠡᠮᠲᠦ - ᠮᠢᠨᠦ ᠮᠣᠩᠭᠤᠯ ᠬᠡᠯᠡ
ᠨᠡᠶᠢᠲᠡᠯᠡᠭᠰᠡᠨ ᠴᠠᠭ᠄
2019/12/5
              ᠮᠢᠨᠦ ᠮᠣᠩᠭᠤᠯ ᠬᠡᠯᠡ           ᠲᠥᠩᠯᠢᠶᠣᠣ ᠬᠤᠲᠠ ᠶᠢᠨ ᠨᠠᠢᠮᠠᠨ ᠬᠤᠰᠢᠭᠤ                                      ᠸᠠᠩ ᠡᠷᠳᠡᠮᠲᠦ         ᠡᠩ ᠶᠢᠷᠳᠢᠨᠴᠦ ᠳᠤ ᠢᠷᠡᠵᠦ ᠵᠠᠶᠠᠭᠠᠬᠤ ᠳᠤ           ᠡᠵᠢ ᠶᠢᠨ ᠰᠥ ᠲᠠᠢ ᠢᠪᠢᠯᠵᠦ ᠢᠷᠡᠭᠰᠡᠨ ᠡᠬᠡ ᠬᠡᠯᠡ         ᠡᠪ ᠤᠨ ᠬᠤᠷᠸ᠎ᠠ ᠶᠢ ᠡᠬᠢᠯᠡᠵᠦ ᠲᠠᠨᠢᠬᠤ ᠳᠤ           ᠢᠳᠡᠭᠡᠯ ᠬᠠᠶᠢᠷ᠎ᠠ ᠵᠢᠭᠠᠭᠰᠠᠨ ᠮᠢᠨᠦ ᠮᠣᠩᠭᠤᠯ ᠬᠡᠯᠡ ᠡ            ᠰᠠᠶᠢᠬᠠᠨ ᠪᠥᠬᠦᠨ ᠢ ᠢᠷᠣᠭᠡᠨ ᠬᠠᠶᠢᠷᠠᠯᠠᠭᠰᠠᠨ ᠥᠯᠵᠡᠶᠢᠲᠦ ᠬᠡᠯᠡ        ᠰᠣᠳᠣᠨ ᠣᠷᠠᠯᠢᠭ ᠢᠶᠠᠷ ᠢᠯᠡᠳᠭᠡᠬᠦ ᠴᠢᠳᠠᠪᠣᠷᠢ ᠲᠠᠢ ᠰᠢᠳᠢᠲᠦ ᠬᠡᠯᠡ        ᠰᠡᠳᠬᠢᠯ ᠳᠤ ᠣᠷᠣᠰᠣᠭᠰᠠᠨ ᠬᠢᠶᠠᠨ ᠬᠠᠶᠢᠷ᠎ᠠ ᠶᠢᠨ ᠲᠠᠷᠬᠠᠨ ᠬᠡᠯᠡ        ᠰᠥᠨᠡᠰᠥᠨ ᠳᠤ ᠨᠡᠪᠴᠢᠭᠰᠡᠨ ᠪᠣᠷᠬᠠᠨ ᠵᠠᠶᠠᠭᠠᠨ ᠤ ᠡᠬᠡ ᠬᠡᠯᠡ ᠮᠢᠨᠢ ᠡ       ᠨᠣᠳᠤᠭ ᠤᠨ ᠬᠥᠷᠣᠰᠣᠨ ᠳᠤ ᠬᠥᠯ ᠠᠩᠬ᠎ᠠ ᠲᠥᠷᠣᠬᠦ ᠳᠤ        ᠨᠠᠷᠠᠯᠠᠭ ᠪᠠᠶᠢᠭᠠᠯᠢ ᠶᠢ ᠨᠠᠳᠠ ᠳᠤ ᠲᠠᠨᠢᠭᠤᠯᠣᠭᠰᠡᠨ ᠡᠬᠡ ᠬᠡᠯᠡ        ᠨᠠᠷᠠᠨ ᠲᠣᠶᠠᠭᠠᠷᠠᠭᠰᠠᠨ ᠨᠠᠶᠢᠷᠰᠠᠭ ᠠᠭᠤᠳᠠᠮ ᠲᠠᠯ᠎ᠠ ᠶᠢ ᠪᠠᠨ         ᠨᠠᠨᠳᠢᠩᠨᠠᠨ ᠬᠠᠶᠢᠷᠠᠯᠠᠬᠤ ᠶᠢ ᠰᠣᠷᠭᠠᠭᠰᠠᠨ ᠮᠢᠨᠦ ᠮᠣᠩᠭᠤᠯ ᠬᠡᠯᠡ ᠡ       ᠰᠠᠶᠢᠬᠠᠨ ᠪᠥᠬᠦᠨ ᠢ ᠢᠷᠣᠭᠡᠨ ᠬᠠᠶᠢᠷᠠᠯᠠᠭᠰᠠᠨ ᠥᠯᠵᠡᠶᠢᠲᠦ ᠬᠡᠯᠡ                  ᠰᠣᠳᠣᠨ ᠣᠷᠠᠯᠢᠭ ᠢᠶᠠᠷ ᠢᠯᠡᠳᠭᠡᠬᠦ ᠴᠢᠳᠠᠪᠣᠷᠢ ᠲᠠᠢ ᠰᠢᠳᠢᠲᠦ ᠬᠡᠯᠡ                 ᠰᠡᠳᠬᠢᠯ ᠳᠤ ᠣᠷᠣᠰᠣᠭᠰᠠᠨ ᠬᠢᠶᠠᠨ ᠬᠠᠶᠢᠷ᠎ᠠ ᠶᠢᠨ ᠲᠠᠷᠬᠠᠨ ᠬᠡᠯᠡ                  ᠰᠥᠨᠡᠰᠥᠨ ᠳᠤ ᠨᠡᠪᠴᠢᠭᠰᠡᠨ ᠪᠣᠷᠬᠠᠨ ᠵᠠᠶᠠᠭᠠᠨ ᠤ ᠡᠬᠡ ᠬᠡᠯᠡ ᠮᠢᠨᠢ ᠡ       ᠮᠣᠩᠭᠤᠯ ᠤᠨ ᠲᠡᠣᠬᠡ ᠶᠢᠨ ᠣᠷᠲᠦ ᠠᠶᠠᠨ ᠳᠤ          ᠮᠣᠷᠢᠨ ᠲᠣᠭᠤᠷᠠᠢ ᠲᠠᠢ ᠨᠡᠭᠦᠵᠦ ᠢᠷᠡᠭᠰᠡᠨ ᠡᠬᠡ ᠬᠡᠯᠡ          ᠮᠣᠷᠣᠢ ᠮᠣᠰᠢᠭᠠᠢ ᠣᠨ ᠵᠢᠯ ᠤᠳ ᠢ ᠪᠠᠷᠳᠠᠮ ᠲᠤᠭᠤᠯᠵᠤ        ᠮᠤᠬᠤᠰᠢ ᠦᠭᠡᠢ ᠪᠣᠰᠤᠭ᠎ᠠ ᠶᠠᠪᠣᠭ᠎ᠠ ᠮᠢᠨᠦ ᠮᠣᠩᠭᠤᠯ ᠬᠡᠯᠡ ᠡ         ᠰᠠᠶᠢᠬᠠᠨ ᠪᠥᠬᠦᠨ ᠢ ᠢᠷᠣᠭᠡᠨ ᠬᠠᠶᠢᠷᠠᠯᠠᠭᠰᠠᠨ ᠥᠯᠵᠡᠶᠢᠲᠦ ᠬᠡᠯᠡ                  ᠰᠣᠳᠣᠨ ᠣᠷᠠᠯᠢᠭ ᠢᠶᠠᠷ ᠢᠯᠡᠳᠭᠡᠬᠦ ᠴᠢᠳᠠᠪᠣᠷᠢ ᠲᠠᠢ ᠰᠢᠳᠢᠲᠦ ᠬᠡᠯᠡ                 ᠰᠡᠳᠬᠢᠯ ᠳᠤ ᠣᠷᠣᠰᠣᠭᠰᠠᠨ ᠬᠢᠶᠠᠨ ᠬᠠᠶᠢᠷ᠎ᠠ ᠶᠢᠨ ᠲᠠᠷᠬᠠᠨ ᠬᠡᠯᠡ                  ᠰᠥᠨᠡᠰᠥᠨ ᠳᠤ ᠨᠡᠪᠴᠢᠭᠰᠡᠨ ᠪᠣᠷᠬᠠᠨ ᠵᠠᠶᠠᠭᠠᠨ ᠤ ᠡᠬᠡ ᠬᠡᠯᠡ ᠮᠢᠨᠢ ᠡ                            
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号