ᠰ᠊᠂ ᠬᠠᠰᠳᠤᠩᠭᠠᠯᠠᠭ - ᠮᠢᠨᠦ ᠮᠤᠩᠭᠤᠯ ᠬᠡᠯᠡ
ᠨᠡᠶᠢᠲᠡᠯᠡᠭᠰᠡᠨ ᠴᠠᠭ᠄
2019/12/5
           ᠮᠢᠨᠦ ᠮᠤᠩᠭᠤᠯ ᠬᠡᠯᠡ                     ᠤᠯᠠᠭᠠᠨᠬᠠᠲᠠ ᠬᠤᠲᠠ ᠶᠢᠨ ᠪᠠᠭᠠᠷᠢᠨ ᠪᠠᠷᠠᠭᠤᠨ ᠬᠤᠰᠢᠭᠤ                       ᠰ᠊᠂ ᠬᠠᠰᠳᠤᠩᠭᠠᠯᠠᠭ   ᠬᠠᠶᠠᠭ᠎ᠠ ᠨᠢ ᠮᠡᠳᠡᠭᠳᠡᠬᠦ ᠦᠭᠡᠢ ᠲᠡᠭᠷᠢ ᠶᠢᠨ ᠬᠦᠬᠡᠮᠡᠢ ᠬᠠᠷᠠᠭ᠎ᠠ ᠬᠦᠷᠳᠡᠭ ᠦᠭᠡᠢ ᠲᠠᠯ᠎ᠠ ᠶᠢᠨ ᠴᠤᠤᠷᠢᠶ᠎ᠠ ᠬᠤᠯᠢᠴᠠ ᠤᠷᠤᠭ᠎ᠠ ᠦᠭᠡᠢ ᠠᠭᠠᠷ ᠤᠨ ᠤᠷᠤᠰᠬᠠᠯ ᠬᠤᠶᠢᠴᠢ ᠦᠶ᠎ᠡ ᠶᠢᠨ ᠮᠢᠨᠢ ᠠᠮᠢᠨ ᠰᠠᠬᠢᠶ᠎ᠠ       ᠮᠢᠨᠦ ᠮᠤᠩᠭᠤᠯ ᠬᠡᠯᠡ        ᠮᠦᠩᠭᠡ ᠶᠢᠨ ᠮᠤᠩᠭᠤᠯ ᠬᠡᠯᠡ ᠬᠡᠬᠡᠷ᠎ᠡ ᠠᠯᠳᠠᠢ ᠠᠴᠠ ᠤᠷᠭᠤᠵᠤ ᠪᠤᠰᠳᠠᠭ ᠬᠡᠯᠡ ᠲᠠᠢ ᠪᠤᠯᠭᠠᠨ ᠰᠤᠳᠤ ᠶᠢ ᠨᠢ ᠭᠠᠶᠢᠬᠠᠳᠠᠭ ᠲᠤᠯᠤᠭᠠᠨ ᠡᠭᠡᠰᠢᠭ ᠲᠤᠨᠢ ᠲᠡᠯᠡᠬᠡᠢ ᠪᠠᠭᠳᠠᠳᠠᠭ ᠲᠤᠷᠤᠨᠠᠳᠤ ᠲᠠᠯ᠎ᠠ ᠠᠶᠠᠯᠭᠤᠨ ᠳᠤᠨᠢ ᠲᠠᠯᠮᠢᠶᠠᠷᠠᠳᠠᠭ       ᠮᠢᠨᠦ ᠮᠤᠩᠭᠤᠯ ᠬᠡᠯᠡ        ᠲᠡᠯᠡᠬᠡᠢ ᠶᠢᠨ ᠮᠤᠩᠭᠤᠯ ᠬᠡᠯᠡ ᠨᠢᠭᠤᠵᠤ ᠲᠠᠯᠪᠢᠭᠰᠠᠨ ᠰᠤᠶᠤᠯ ᠡᠷᠳᠡᠨᠢ ᠱᠤᠭᠤᠵᠤ ᠪᠦᠲᠦᠭᠡᠭᠰᠡᠨ ᠬᠢᠴᠢᠶᠡᠯ ᠡᠷᠳᠡᠨᠢ ᠤᠬᠠᠭ᠎ᠠ ᠴᠤᠭᠤᠷᠠᠬᠤ ᠪᠢᠯᠢᠭ ᠡᠷᠳᠡᠨᠢ ᠤᠷᠭᠤᠵᠤ ᠯᠡ ᠪᠠᠶᠢᠳᠠᠭ ᠠᠮᠢᠳᠤ ᠡᠷᠳᠡᠨᠢ        ᠮᠢᠨᠦ ᠮᠤᠩᠭᠤᠯ ᠬᠡᠯᠡ         ᠡᠷᠳᠡᠨᠢ ᠶᠢᠨ ᠮᠤᠩᠭᠤᠯ ᠬᠡᠯᠡ          
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号