ᠶ᠋᠊᠂ ᠬᠠᠶᠢᠷ᠎ᠠ - ᠮᠢᠨᠦ ᠮᠤᠩᠭᠤᠯ ᠬᠡᠯᠡ
ᠨᠡᠶᠢᠲᠡᠯᠡᠭᠰᠡᠨ ᠴᠠᠭ᠄
2019/12/5
            ᠮᠢᠨᠦ ᠮᠤᠩᠭᠤᠯ ᠬᠡᠯᠡ                      ᠲᠦᠡᠭᠯᠢᠶᠤᠤ ᠬᠤᠳᠠ                                ᠶ᠋᠊᠂ ᠬᠠᠶᠢᠷ᠎ᠠ ᠲᠤᠷᠤᠨ᠎ᠠ ᠶᠢᠨ ᠠᠯᠳᠠᠨ ᠨᠠᠷᠠᠨ ᠤ ᠢᠯᠴᠢ ᠶᠢ ᠰᠢᠩᠭᠡᠭᠡᠵᠤ ᠪᠠᠳᠠᠷᠠᠭᠰᠠᠨ ᠲᠤᠯᠭ᠎ᠠ ᠶᠢᠨ ᠭᠤᠷᠪᠠᠨ ᠴᠢᠯᠠᠭᠤᠨ ᠤ ᠡᠯᠢᠭᠡ ᠶᠢ ᠳᠡᠷᠡᠯᠡᠵᠤ ᠡᠩᠬᠡᠵᠢᠭᠰᠡᠨ ᠲᠡᠭᠷᠢ ᠶᠢᠨ ᠮᠦᠡᠭᠬᠦᠨ ᠰᠠᠷᠠᠨ ᠤ ᠭᠡᠷᠡᠯ ᠢ ᠬᠦᠬᠦᠵᠤ ᠠᠷᠢᠭᠤᠰᠤᠭᠰᠠᠨ ᠲᠠᠯ᠎ᠠ ᠶᠢᠨ ᠨᠤᠭᠤᠭᠠᠨ ᠲᠡᠨᠵᠢᠨ ᠤ ᠰᠢᠬᠦᠳᠡᠷᠢ ᠶᠢ ᠭᠢᠰᠭᠢᠯᠡᠵᠤ ᠠᠰᠠᠭᠰᠠᠨ ᠬᠠᠭᠠᠨ ᠮᠤᠩᠭᠤᠯ ᠬᠡᠯᠡ ᠮᠢᠨᠢ ᠬᠠᠳᠤᠨ ᠮᠤᠩᠭᠤᠯ ᠬᠡᠯᠡ ᠮᠢᠨᠢ ᠠᠮᠢᠨ ᠰᠤᠳᠠᠰᠤ ᠪᠠᠷ ᠯᠤᠭᠰᠢᠭᠰᠠᠨ ᠵᠢᠷᠤᠭᠡᠨ ᠤ ᠬᠠᠯᠠᠭᠤᠨ ᠴᠢᠰᠤ ᠮᠢᠨᠢ ᠦᠨᠳᠦᠷᠯᠢᠭ ᠤᠨ ᠬᠦᠭᠡ ᠰᠠᠯᠬᠢ ᠪᠠᠷ ᠬᠦᠭ ᠢᠶᠠᠨ ᠡᠷᠴᠢᠯᠡᠵᠤ ᠲᠠᠭᠤᠷᠢᠰᠤᠭᠰᠠᠨ ᠦᠯᠡᠮᠵᠢ ᠶᠢᠨ ᠬᠡᠰᠢᠭ ᠪᠤᠶᠡᠨ ᠢᠶᠠᠷ ᠵᠠᠶᠠᠭ᠎ᠠ ᠪᠠᠨ ᠳᠡᠳᠬᠦᠬᠦᠯᠵᠤ ᠡᠰᠨᠢᠭᠰᠡᠨ ᠦᠨᠡᠨ ᠤ ᠮᠦᠡᠭᠭᠡ ᠭᠠᠯ ᠢᠶᠠᠷ ᠰᠢᠨᠳᠠᠰᠤ ᠪᠠᠨ ᠰᠢᠯᠭᠠᠵᠤ ᠲᠦᠷᠡᠯᠵᠡᠭᠰᠡᠨ ᠡᠷᠭᠡᠰ ᠤᠨ ᠲᠤᠯᠤᠭᠠᠨ ᠤᠳᠤᠨ ᠠᠴᠠ ᠴᠤᠭᠴᠡᠰ ᠢᠶᠠᠨ ᠤᠯᠵᠤ ᠤᠴᠢᠯᠠᠭᠰᠠᠨ ᠬᠠᠭᠠᠨ ᠮᠤᠩᠭᠤᠯ ᠬᠡᠯᠡ ᠮᠢᠨᠢ ᠬᠠᠳᠤᠨ ᠮᠤᠩᠭᠤᠯ ᠬᠡᠯᠡ ᠮᠢᠨᠢ ᠠᠮᠢᠨ ᠰᠤᠳᠠᠰᠤ ᠪᠠᠷ ᠯᠤᠭᠰᠢᠭᠰᠠᠨ ᠵᠢᠷᠤᠭᠡᠨ ᠤ ᠬᠠᠯᠠᠭᠤᠨ ᠴᠢᠰᠤ ᠮᠢᠨᠢ ᠤᠨᠤᠨ ᠤ ᠲᠦᠯᠭᠡᠭᠡᠨ ᠤᠷᠤᠰᠬᠠᠯ ᠲᠠᠢ ᠠᠶᠠᠯᠭᠤ ᠬᠠᠮᠰᠠᠷᠠᠵᠤ ᠠᠰᠬᠠᠷᠠᠭᠰᠠᠨ ᠤᠬᠠᠭᠠᠨᠳᠤ ᠡᠪᠤᠭᠡᠳ ᠤᠨ ᠮᠢᠨᠢ ᠪᠢᠯᠢᠭ ᠢᠶᠠᠷ ᠡᠭᠡᠰᠢᠭ ᠪᠦᠳᠤᠨ ᠤᠶᠡᠩᠭᠠᠷᠠᠭᠰᠠᠨ ᠬᠠᠷ᠎ᠠ ᠴᠠᠭᠠᠨ ᠰᠦᠯᠳᠡ ᠪᠠᠷ ᠬᠡᠶᠢᠮᠤᠷᠢ ᠪᠠᠨ ᠰᠡᠷᠭᠦᠭᠡᠵᠤ ᠮᠠᠨᠲᠤᠬᠰᠠᠨ ᠬᠠᠨᠠᠭᠠᠷ ᠳᠡᠯᠡᠭᠡᠢ ᠶᠢᠨ ᠦᠷᠦᠴᠡᠨ ᠳᠤ ᠬᠠᠳᠠᠨ ᠴᠢᠨᠠᠷ ᠢᠶᠠᠷ ᠰᠦᠨᠳᠡᠷᠯᠡᠭᠰᠡᠨ ᠬᠠᠭᠠᠨ ᠮᠤᠩᠭᠤᠯ ᠬᠡᠯᠡ ᠮᠢᠨᠢ ᠬᠠᠳᠤᠨ ᠮᠤᠩᠭᠤᠯ ᠬᠡᠯᠡ ᠮᠢᠨᠢ ᠠᠮᠢᠨ ᠰᠣᠳᠠᠰᠤ ᠪᠠᠷ ᠯᠤᠭᠰᠢᠭᠰᠠᠨ ᠵᠢᠷᠤᠭᠡᠨ ᠤ ᠬᠠᠯᠠᠭᠤᠨ ᠴᠢᠰᠤ ᠮᠢᠨᠢ                        
 
ᠢᠷᠡᠯᠲᠡ᠄ ᠰᠢᠯᠤᠭᠤᠨ ᠬᠥᠭᠡ ᠬᠤᠰᠢᠭᠤᠨ ᠤ ᠦᠨᠳᠦᠰᠦᠳᠡᠨ ᠤ ᠬᠡᠷᠡᠭ ᠡᠷᠬᠢᠯᠡᠬᠦ ᠵᠦᠪᠯᠡᠯ
 
 
ᠬᠠᠮᠢᠶ᠎ᠠ ᠪᠥᠬᠦᠢ ᠰᠤᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号